| | ᠡᠷᠳᠡᠨᠢᠲᠣᠬᠲᠠᠬᠤ ᠪᠠᠭᠰᠢ ᠨᠠᠰᠤᠨ ᠲᠤᠷᠰᠢ ᠮᠣᠩᠭᠤᠯ ᠬᠡᠯᠡ ᠪᠢᠴᠢᠭ ᠤᠨ ᠲᠥᠯᠦᠭᠡ | ᠠᠮᠢᠳᠤᠷᠠᠵᠦ ᠲᠡᠮᠡᠴᠡᠵᠦ ᠶᠠᠪᠤᠬᠰᠠᠨ ᠶᠤᠮ᠃ ᠮᠣᠩᠭᠤᠯ ᠬᠡᠯᠡᠨ ᠤ ᠰᠣᠳᠣᠯᠣᠯ᠂ ᠮᠣᠩᠭᠤᠯ ᠬᠡᠯᠡᠨ ᠤ ᠨᠡᠷ᠎ᠡ | ᠲᠣᠮᠢᠶ᠎ᠠ ᠶᠢᠨ ᠵᠥᠪ ᠴᠢᠭᠯᠡᠯ᠂ ᠮᠣᠩᠭᠤᠯ ᠬᠡᠯᠡ ᠪᠢᠴᠢᠭ ᠤᠨ ᠵᠥᠪ ᠴᠢᠭᠯᠡᠯᠲᠡ ᠪᠣᠳᠣᠯᠭ᠎ᠠ᠂ ᠮᠣᠩᠭᠤᠯ ᠤᠨ ᠡᠷᠲᠡᠨ ᠤ | ᠤᠳᠬ᠎ᠠ ᠵᠣᠬᠢᠶᠠᠯ ᠤᠨ ᠲᠡᠤᠬᠡ ᠰᠣᠳᠣᠯᠣᠯ ᠤᠨ ᠲᠥᠯᠦᠭᠡ ᠠᠮᠢᠳᠤᠷᠠᠵᠦ ᠲᠡᠮᠡᠴᠡᠵᠦ ᠶᠠᠪᠤᠬᠰᠠᠨ ᠶᠤᠮ᠃ | | ᠨᠢᠭᠡ᠂ ᠮᠣᠩᠭᠤᠯ ᠬᠡᠯᠡ ᠪᠢᠴᠢᠭ ᠤᠨ ᠶᠡᠭᠡ ᠪᠠᠭᠰᠢ — ᠡᠷᠳᠡᠨᠢᠲᠣᠬᠲᠠᠬᠤ | | ᠮᠣᠩᠭᠤᠯ ᠬᠡᠯᠡ ᠪᠢᠴᠢᠭ ᠤᠨ ᠶᠡᠭᠡ ᠪᠠᠭᠰᠢ ᠬᠡᠮᠡᠬᠦ ᠢᠷᠠᠭᠤ ᠠᠯᠳᠠᠷ ᠢ ᠡᠷᠳᠡᠨᠢᠲᠣᠬᠲᠠᠬᠤ | ᠪᠠᠭᠰᠢ ᠳᠤ ᠵᠦᠢ ᠶᠣᠰᠤᠭᠠᠷ ᠣᠯᠭᠤᠬᠤ ᠬᠡᠷᠡᠭᠲᠡᠢ ᠪᠣᠯᠤᠯ᠎ᠠ᠃ ᠶᠠᠭᠤᠨ ᠭᠡᠬᠦᠯ᠎ᠡ᠄ | ᠨᠢᠭᠡ ᠳᠤ᠂ ᠡᠷᠳᠡᠨᠢᠲᠣᠬᠲᠠᠬᠤ ᠪᠠᠭᠰᠢ ᠪᠣᠯ ᠥᠪᠦᠷ ᠮᠣᠩᠭᠤᠯ ᠤᠨ ᠮᠣᠩᠭᠤᠯ ᠬᠡᠯᠡ | ᠰᠢᠨᠵᠢᠯᠡᠯ ᠤᠨ ᠰᠠᠭᠤᠷᠢᠯᠠᠬᠴᠢ ᠡᠷᠳᠡᠮᠲᠡᠨ ᠮᠥᠨ᠃ | ᠡᠷᠳᠡᠨᠢᠲᠣᠬᠲᠠᠬᠤ ᠪᠠᠭᠰᠢ 1939 ᠣᠨ ᠳᠤ ᠲᠤᠬᠠᠢ ᠦᠶ᠎ᠡ ᠶᠢᠨ ᠶᠡᠭᠡ ᠰᠤᠷᠭᠠᠭᠤᠯᠢ | ᠬᠡᠮᠡᠭᠳᠡᠵᠦ ᠪᠠᠶᠢᠬᠰᠠᠨ ᠲᠠᠪᠤᠨ ᠵᠢᠯ ᠤᠨ ᠳᠦᠷᠢᠮᠲᠦ ᠬᠢᠩᠭᠠᠨ ᠰᠤᠷᠭᠠᠯ ᠤᠨ ᠬᠤᠷᠢᠶᠠᠨ ᠠᠴᠠ ᠲᠡᠭᠦᠰᠦᠭᠰᠡᠨ ᠤ | ᠳᠠᠷᠠᠭ᠎ᠠ 1940 ᠣᠨ ᠠᠴᠠ ᠵᠤᠤ ᠣᠳᠠ ᠶᠢᠨ ᠴᠢᠭᠤᠯᠭᠠᠨ ᠤ ᠺᠠᠶᠢᠯᠦ ᠶᠢᠨ ᠨᠢᠭᠡᠳᠦᠭᠡᠷ ᠳᠤᠮᠳᠠᠳᠦ | ᠰᠤᠷᠭᠠᠭᠤᠯᠢ ᠶᠢᠨ ᠮᠣᠩᠭᠤᠯ ᠬᠡᠯᠡᠨ ᠤ ᠪᠠᠭᠰᠢ᠂ 1944 ᠣᠨ ᠠᠴᠠ ᠬᠢᠩᠭᠠᠨ ᠶᠡᠷᠦᠩᠬᠡᠢ ᠮᠣᠵᠢ ᠶᠢᠨ ᠸᠠᠩ ᠤᠨ | ᠰᠦᠮ᠎ᠡ ︵ᠤᠯᠠᠭᠠᠨᠬᠤᠲᠠ︶ ᠶᠢᠨ ᠦᠬᠢᠳ ᠤᠨ ᠳᠤᠮᠳᠠᠳᠦ ᠰᠤᠷᠭᠠᠭᠤᠯᠢ ᠶᠢᠨ ᠪᠠᠭᠰᠢ᠂ 1945 ᠣᠨ ᠠᠴᠠ | ᠤᠯᠠᠭᠠᠬᠤᠲᠠ ᠶᠢᠨ ᠵᠡᠭᠦᠨ ᠮᠣᠩᠭᠤᠯ ᠤᠨ ᠺᠠᠳ᠋ᠷ ᠤᠨ ᠰᠤᠷᠭᠠᠭᠤᠯᠢ ᠶᠢᠨ ᠪᠠᠭᠰᠢ᠂ 1947 ᠣᠨ ᠠᠴᠠ ᠴᠢᠴᠢᠬᠠᠷ | ᠲᠠᠬᠢ ᠥᠪᠦᠷ ᠮᠣᠩᠭᠤᠯ ᠤᠨ ᠴᠡᠷᠢᠭ ᠵᠠᠰᠠᠭ ᠤᠨ ᠳᠡᠭᠡᠳᠦ ᠰᠤᠷᠭᠠᠭᠤᠯᠢ ᠶᠢᠨ ᠪᠠᠭᠰᠢ ᠪᠣᠯᠵᠦ᠂ ᠮᠣᠩᠭᠤᠯ ᠬᠡᠯᠡ | ᠪᠢᠴᠢᠭ᠂ ᠮᠣᠩᠭᠤᠯ ᠤᠳᠬ᠎ᠠ ᠵᠣᠬᠢᠶᠠᠯ᠂ ᠮᠣᠩᠭᠤᠯ ᠲᠡᠤᠬᠡ ᠶᠢᠨ ᠬᠢᠴᠢᠶᠡᠯ ᠬᠥᠮᠦᠵᠢᠯ ᠤᠨ ᠳᠠᠭᠠᠦ ᠮᠣᠩᠭᠤᠯ | ᠬᠡᠯᠡᠨ ᠤ ᠰᠣᠳᠣᠯᠭᠠᠨ ᠤ ᠠᠵᠢᠯ ᠢ ᠱᠠᠯᠪᠳᠠᠨ ᠬᠢᠵᠦ ᠪᠠᠶᠢᠪᠠ᠃ ᠲᠡᠭᠡᠭᠡᠳ 1940 ᠣᠨ ᠳᠤ ᠺᠠᠶᠢᠯᠦ ᠶᠢᠨ | ᠨᠢᠭᠡᠳᠦᠭᠡᠷ ᠳᠤᠮᠳᠠᠳᠦ ᠰᠤᠷᠭᠠᠭᠤᠯᠢ ᠳᠤ ᠪᠠᠭᠰᠢᠯᠠᠵᠦ ᠪᠠᠶᠢᠬᠤ ᠳᠠᠭᠠᠨ ︽ᠮᠣᠩᠭᠤᠯ ᠦᠰᠦᠭ ᠤᠨ ᠰᠢᠨ᠎ᠡ ᠲᠣᠯᠢ︾ | ᠬᠡᠮᠡᠬᠦ ᠰᠤᠷᠬᠤ ᠪᠢᠴᠢᠭ ᠨᠠᠶᠢᠷᠠᠭᠤᠯᠤᠨ ᠵᠢᠭᠠᠵᠦ ᠪᠠᠶᠢᠭᠠᠳ᠂ ᠲᠡᠭᠦᠨ ᠤ ᠳᠡᠭᠡᠳᠦ ᠳᠡᠪᠲᠡᠷ ᠪᠣᠯᠣᠨ ᠰᠢᠨ᠎ᠡ | ᠤᠳᠬ᠎ᠠ ᠶᠢᠨ ᠵᠠᠷᠢᠮ ᠬᠡᠰᠡᠭ ᠪᠥᠯᠦᠭ ᠤᠳ ᠢ ᠮᠠᠨᠢᠵᠠᠪ ᠨᠠᠷ ᠤᠨ ᠡᠷᠬᠢᠯᠡᠵᠦ ᠪᠠᠶᠢᠬᠰᠠᠨ ︽ᠬᠥᠬᠡ ᠲᠤᠭ︾ ᠰᠡᠳᠭᠦᠯ | ᠳᠡᠭᠡᠷ᠎ᠡ ᠦᠷᠭᠦᠯᠵᠢᠯᠡᠭᠦᠯᠦᠨ ᠨᠡᠶᠢᠲᠡᠯᠡᠵᠦ ᠪᠠᠶᠢᠬᠰᠠᠨ ᠪᠥᠭᠡᠳ ᠳᠠᠷᠠᠭ᠎ᠠ ᠨᠢ ᠪᠥᠬᠡᠬᠡᠰᠢᠭ ᠣᠷᠤᠰᠢᠯ ᠪᠢᠴᠢᠨ 1942 | ᠂ 1944 ᠣᠨ ᠳᠤ ᠪᠥᠬᠡᠬᠡᠰᠢᠭ᠂ ᠷᠣᠯᠭᠠᠷᠵᠠᠪ ᠨᠠᠷ ᠤᠨ ᠡᠷᠬᠢᠯᠡᠵᠦ ᠪᠠᠶᠢᠬᠰᠠᠨ ︽ᠮᠣᠩᠭᠤᠯ ᠤᠳᠬ᠎ᠠ ᠶᠢᠨ | ᠰᠤᠷᠭᠠᠯ ᠤᠨ ᠬᠤᠷᠠᠯ︾ ᠤᠨ ᠨᠡᠷ᠎ᠡ ᠪᠠᠷ ᠬᠤᠷᠭᠤᠯᠵᠢᠨ ᠪᠠᠷ ᠢᠶᠠᠷ ᠬᠤᠶᠠᠷᠲᠠ ᠬᠡᠪᠯᠡᠭᠦᠯᠪᠡ᠃ ᠡᠨᠡ ᠪᠣᠯ ᠶᠠᠫᠤᠨ | ᠬᠡᠯᠡᠨ ᠤ ᠵᠦᠢ ᠶᠢᠨ ᠣᠨᠣᠯ ᠢ ᠯᠠᠪᠯᠠᠯᠲᠠ ᠪᠣᠯᠭᠠᠨ ᠮᠣᠩᠭᠤᠯ ᠬᠡᠯᠡᠨ ᠤ ᠵᠦᠢ ᠶᠢ ᠰᠣᠳᠣᠯᠣᠬᠰᠠᠨ᠂ ᠮᠣᠩᠭᠤᠯ | ᠬᠡᠯᠡᠨ ᠤ ᠰᠣᠳᠣᠯᠣᠯ ᠢ ᠬᠠᠭᠤᠴᠢᠨ ᠬᠡᠯᠡ ᠪᠢᠴᠢᠭ ᠤᠨ ᠰᠣᠳᠣᠯᠣᠯ ᠠᠴᠠ ᠰᠢᠨ᠎ᠡ ᠬᠡᠯᠡ ᠰᠢᠨᠵᠢᠯᠡᠯ ᠤᠨ | ᠰᠣᠳᠣᠯᠣᠯ ᠤᠨ ᠱᠠᠲᠤᠨ᠎ᠠ ᠰᠢᠯᠵᠢᠭᠦᠯᠦᠨ ᠠᠬᠢᠭᠤᠯᠤᠬᠰᠠᠨ ᠲᠡᠤᠬᠡᠲᠦ ᠠᠴᠢ ᠬᠤᠯᠪᠣᠬᠳᠠᠯ ᠪᠥᠬᠦᠢ ᠮᠣᠩᠭᠤᠯ ᠬᠡᠯᠡ | ᠰᠢᠨᠵᠢᠯᠡᠯ ᠤᠨ ᠰᠢᠯᠢᠳᠡᠭ ᠪᠥᠲᠦᠭᠡᠯ ᠪᠣᠯᠬᠤ ᠶᠤᠮ᠃ | ᠡᠷᠳᠡᠨᠢᠲᠣᠬᠲᠠᠬᠤ ᠪᠠᠭᠰᠢ ᠶᠢᠨ ︽ᠮᠣᠩᠭᠤᠯ ᠦᠰᠦᠭ ᠤᠨ ᠰᠢᠨ᠎ᠡ ᠲᠣᠯᠢ︾ ᠶᠢᠨ ᠲᠤᠬᠠᠢ | ᠳᠣᠪᠤ ᠫᠷᠤᠹᠧᠰᠰᠣᠷ ︽20 ᠳ᠋ᠤᠭᠠᠷ ᠵᠠᠭᠤᠨ ᠤ ᠳᠤᠮᠳᠠᠳᠦ ᠤᠯᠤᠰ ᠤᠨ ᠮᠣᠩᠭᠤᠯ ᠲᠥᠷᠦᠯ ᠬᠡᠯᠡᠳ ᠤᠨ ᠰᠣᠳᠣᠯᠣᠯ | ︾ ᠬᠡᠮᠡᠬᠦ ᠦᠭᠦᠯᠡᠯ ᠳᠡᠭᠡᠨ ᠮᠠᠰᠢ ᠭᠤᠣᠯᠴᠢ ᠪᠠᠷ ᠦᠨᠡᠯᠡᠨ ᠰᠢᠭᠦᠮᠵᠢᠯᠡᠭᠰᠡᠨ ᠪᠠᠶᠢᠳᠠᠭ ᠢ ᠠᠳᠡ ᠮᠣᠩᠭᠤᠯᠴᠢᠯᠠᠵᠦ | ᠡᠰᠢ ᠲᠠᠲᠠᠨ ᠰᠡᠶᠢᠷᠡᠭᠦᠯᠦᠶ᠎ᠡ᠄ | 20 ᠳ᠋ᠤᠭᠠᠷ ᠵᠠᠭᠤᠨ ᠤ ᠳᠥᠴᠢᠭᠡᠳ ᠣᠨ ᠤ ᠡᠬᠢᠨ ᠳᠤ ᠮᠣᠩᠭᠤᠯ ᠵᠠᠯᠠᠭᠤ ᠡᠷᠳᠡᠮᠲᠡᠨ | ᠡᠷᠳᠡᠨᠢᠲᠣᠬᠲᠠᠬᠤ᠂ ᠤᠯᠤᠰ ᠤᠨ ᠲᠣᠲᠤᠭᠠᠳᠦ ᠶᠢᠨ ᠮᠣᠩᠭᠤᠯ ᠬᠡᠯᠡᠨ ᠤ ᠰᠣᠳᠣᠯᠣᠯ ᠢ ᠬᠠᠭᠤᠴᠢᠨ ᠬᠡᠯᠡ ᠪᠢᠴᠢᠭ ᠤᠨ | ᠰᠣᠳᠣᠯᠣᠯ ᠠᠴᠠ ᠰᠢᠨ᠎ᠡ ᠬᠡᠯᠡ ᠰᠢᠨᠵᠢᠯᠡᠯ ᠤᠨ ᠰᠣᠳᠣᠯᠣᠯ ᠳᠤ ᠰᠢᠯᠵᠢᠭᠦᠯᠦᠭᠰᠡᠨ ᠤ ᠪᠡᠯᠭᠡ ᠲᠡᠮᠳᠡᠭ ᠪᠣᠯᠬᠤᠶᠢᠴᠠ | ᠴᠢᠬᠤᠯᠠ ᠪᠥᠲᠦᠭᠡᠯ ︽ᠮᠣᠩᠭᠤᠯ ᠦᠰᠦᠭ ᠤᠨ ᠰᠢᠨ᠎ᠡ ᠲᠣᠯᠢ︾ ︵ᠪᠠᠰᠠ ︽ᠮᠣᠩᠭᠤᠯ ᠬᠡᠯᠡᠨ ᠤ ᠬᠡᠯᠡ ᠵᠦᠢ ᠶᠢᠨ | ᠲᠣᠪᠴᠢ︾ ᠭᠡᠳᠡᠭ︶ ᠶᠢ ᠲᠤᠭᠤᠷᠪᠢᠨ ᠭᠠᠷᠭᠠᠵᠠᠢ᠃ ᠡᠨᠡᠬᠦ ᠪᠥᠲᠦᠭᠡᠯ ᠨᠢ ᠮᠣᠩᠭᠤᠯ ᠤᠳᠬ᠎ᠠ ᠶᠢᠨ ᠰᠤᠷᠭᠠᠯ ᠤᠨ | ᠬᠤᠷᠠᠯ ᠤᠨ ᠨᠡᠷ᠎ᠡ ᠪᠠᠷ 1942᠂ 1944 ᠣᠨ ᠳᠤ ᠲᠤᠭᠤᠯᠭᠠᠨ ᠪᠠᠷ ᠢᠶᠠᠷ ᠬᠤᠶᠠᠷᠲᠠ ᠬᠡᠪᠯᠡᠭᠳᠡᠪᠡ᠃ ᠲᠤᠰ | ᠪᠥᠲᠦᠭᠡᠯ ᠳᠤ ᠵᠣᠬᠢᠶᠠᠬᠴᠢ ᠪᠠᠷ ᠤᠯᠠᠮᠵᠢᠯᠠᠯᠲᠦ ᠮᠣᠩᠭᠤᠯ ᠬᠡᠯᠡ ᠪᠢᠴᠢᠭ ᠰᠣᠳᠣᠯᠣᠯ ᠤᠨ ᠰᠣᠳᠣᠯᠬᠤ ᠠᠷᠭ᠎ᠠ ᠶᠢ | ᠪᠥᠬᠦ ᠲᠠᠯ᠎ᠠ ᠪᠠᠷ ᠵᠠᠯᠭᠠᠮᠵᠢᠯᠠᠨ ᠠᠪᠤᠬᠰᠠᠨ ᠢᠶᠠᠷ ᠦᠯᠦ ᠪᠠᠷᠠᠮ᠂ ᠪᠠᠰᠠ ᠶᠠᠫᠤᠨ ᠤ ᠣᠳᠣ ᠦᠶ᠎ᠡ ᠶᠢᠨ ᠬᠡᠯᠡ ᠵᠦᠢ | ᠰᠣᠳᠣᠯᠣᠯ ᠤᠨ ᠳᠣᠷᠰᠢᠯᠭ᠎ᠠ ᠶᠢ ᠯᠠᠪᠯᠠᠯᠲᠠ ᠪᠣᠯᠭᠠᠨ᠂ ᠰᠢᠨᠡᠬᠡᠨ ᠬᠡᠯᠡ ᠵᠦᠢ ᠶᠢᠨ ᠤᠬᠠᠬᠳᠠᠬᠤᠨ ᠢᠶᠠᠷ ᠨᠡᠯᠢᠶᠡᠳ | ᠪᠥᠷᠢᠨ ᠪᠥᠲᠦᠨ ᠮᠣᠩᠭᠤᠯ ᠬᠡᠯᠡᠨ ᠤ ᠬᠡᠯᠡ ᠵᠦᠢ ᠶᠢᠨ ᠬᠦᠷᠢᠶ᠎ᠡ ᠴᠠᠷ ᠢ ᠵᠢᠷᠤᠬᠯᠠᠨ ᠭᠠᠷᠭᠠᠬᠰᠠᠨ ᠪᠥᠭᠡᠳ ᠪᠠᠰᠠ | ᠮᠣᠩᠭᠤᠯ ᠦᠰᠦᠭ ᠪᠢᠴᠢᠭ ᠢ ᠰᠠᠶᠢᠵᠢᠷᠠᠭᠤᠯᠬᠤ ᠲᠥᠰᠦᠪ ᠢ ᠳᠤᠷᠠᠳᠤᠨ ᠭᠠᠷᠭᠠᠵᠠᠢ᠃ ᠡᠨᠡ ᠨᠣᠮ ᠳᠡᠭᠡᠳᠦ | ᠳᠣᠣᠷᠠᠳᠦ ᠬᠤᠶᠠᠷ ᠳᠡᠪᠲᠡᠷ᠃ ᠳᠡᠭᠡᠳᠦ ᠳᠡᠪᠲᠡᠷ ᠨᠢ 7 ᠪᠥᠯᠦᠭ᠃ ᠵᠣᠬᠢᠶᠠᠬᠴᠢ ᠨᠢᠭᠡᠳᠦᠭᠡᠷ ᠪᠥᠯᠦᠭ ᠲᠡᠭᠡᠨ | ᠬᠢᠲᠠᠳ᠂ ᠮᠣᠩᠭᠤᠯ ᠬᠤᠶᠠᠷ ᠬᠡᠯᠡᠨ ᠤ ᠲᠡᠤᠬᠡᠨ ᠮᠠᠲ᠋ᠧᠷᠢᠶᠠᠯ ᠢ ᠦᠨᠳᠦᠰᠦᠯᠡᠨ᠂ ᠮᠣᠩᠭᠤᠯ ᠦᠰᠦᠭ ᠪᠢᠴᠢᠭ ᠤᠨ | ᠲᠤᠬᠠᠢ ᠲᠡᠤᠬᠡᠨ ᠳᠣᠮᠤᠭ ᠶᠠᠷᠢᠶ᠎ᠠ ᠪᠠ ᠳᠡᠭᠡᠷ᠎ᠡ ᠦᠶ᠎ᠡ ᠶᠢᠨ ᠬᠡᠯᠡ ᠪᠢᠴᠢᠭ ᠤᠨ ᠡᠷᠳᠡᠮᠲᠡᠳ ᠤᠨ ᠮᠣᠩᠭᠤᠯ ᠬᠡᠯᠡ | ᠪᠢᠴᠢᠭ ᠰᠣᠳᠣᠯᠣᠯ ᠤᠨ ᠪᠥᠲᠦᠭᠡᠯ ᠤᠳ ᠢ ᠲᠠᠨᠢᠯᠴᠠᠭᠤᠯᠪᠠ᠃ ᠬᠤᠶᠠᠷ᠂ ᠭᠤᠷᠪᠠ᠂ ᠳᠥᠷᠪᠡ᠂ ᠲᠠᠪᠤ ᠳ᠋ᠤᠭᠠᠷ | ᠪᠥᠯᠦᠭ ᠤᠳ ᠲᠤ᠂ ᠮᠣᠩᠭᠤᠯ ᠴᠠᠭᠠᠨ ᠲᠣᠯᠤᠭᠠᠢ ᠶᠢᠨ ᠠᠶᠢᠮᠠᠬᠯᠠᠯ ᠪᠠ ᠴᠠᠭᠠᠨ ᠲᠣᠯᠤᠭᠠᠢ ᠶᠢᠨ ᠦᠰᠦᠭ ᠤᠨ | ᠬᠤᠪᠢᠷᠠᠯ ᠤᠨ ᠵᠡᠷᠭᠡ ᠤᠯᠠᠮᠵᠢᠯᠠᠯᠲᠦ ᠪᠢᠴᠢᠯᠭᠡ ᠶᠢᠨ ᠠᠷᠭ᠎ᠠ ᠶᠢ ᠲᠠᠶᠢᠯᠪᠤᠷᠢᠯᠠᠪᠠ᠃ ᠵᠢᠷᠭᠤᠳᠤᠭᠠᠷ ᠪᠥᠯᠦᠭ ᠲᠤ᠂ | ᠦᠭᠡᠰ ᠤᠨ ᠲᠡᠶᠢᠨ ᠢᠯᠭᠠᠯ ᠤᠨ ᠳᠠᠭᠠᠪᠤᠷᠢ᠂ ᠲᠤᠰᠠᠯᠠᠬᠤ ᠦᠭᠡᠰ᠂ ᠰᠤᠯᠠ ᠦᠭᠡ ᠶᠢᠨ ᠤᠳᠬ᠎ᠠ ᠪᠠ ᠬᠡᠷᠡᠭᠯᠡᠬᠦ | ᠠᠷᠭ᠎ᠠ ᠶᠢ ᠲᠥᠪᠯᠡᠷᠡᠩᠭᠦᠢ ᠦᠭᠦᠯᠡᠪᠡ᠃ ᠳᠣᠯᠣᠳᠤᠭᠠᠷ ᠪᠥᠯᠦᠭ ᠲᠤ ᠪᠢᠴᠢᠯᠭᠡ ᠶᠢᠨ ᠳᠦᠷᠢᠮ ᠠᠴᠠ ᠭᠠᠳᠠᠭᠤᠷ | ᠪᠢᠴᠳᠡᠭ ︽ᠲᠣᠬᠲᠠᠬᠰᠠᠨ ᠦᠰᠦᠭ︾ ᠢ ᠲᠠᠨᠢᠯᠴᠠᠭᠤᠯᠪᠠ᠃ ᠵᠣᠬᠢᠶᠠᠬᠴᠢ ᠪᠠᠷ ᠤᠯᠠᠮᠵᠢᠯᠠᠯᠲᠦ ᠬᠡᠯᠡ ᠪᠢᠴᠢᠭ ᠤᠨ | ᠤᠬᠠᠭᠠᠨ ᠤ ᠬᠡᠪᠴᠢᠶᠡᠨ ᠳᠤ ᠦᠭᠡᠰ ᠤᠨ ᠲᠡᠶᠢᠨ ᠢᠯᠭᠠᠯ ᠤᠨ ᠳᠠᠭᠠᠪᠤᠷᠢ᠂ ᠲᠤᠰᠠᠯᠠᠬᠤ ᠦᠭᠡᠰ᠂ ᠰᠤᠯᠠ | ᠦᠭᠡ ᠶᠢᠨ ᠲᠤᠬᠠᠢ ᠦᠭᠦᠯᠡᠭᠰᠡᠨ ᠢᠶᠠᠨ ᠰᠢᠰᠲ᠋ᠧᠮᠵᠢᠭᠦᠯᠦᠨ ᠬᠤᠷᠢᠶᠠᠬᠰᠠᠨ ᠨᠢ ᠮᠠᠰᠢ ᠴᠢᠩᠭ᠎ᠠ ᠲᠠᠮᠢᠷᠯᠢᠭ ᠪᠣᠯᠵᠠᠢ᠃ | ᠦᠭᠡᠰ ᠤᠨ ᠲᠡᠶᠢᠨ ᠢᠯᠭᠠᠯ ᠤᠨ ᠳᠠᠭᠠᠪᠤᠷᠢ᠂ ᠲᠤᠰᠠᠯᠠᠬᠤ ᠦᠭᠡᠰ᠂ ᠰᠤᠯᠠ ᠦᠭᠡ ᠪᠣᠯ ᠠᠳᠠᠯᠢ ᠪᠣᠰᠤ ᠰᠢᠨᠵᠢ | ᠴᠢᠨᠠᠷ ᠤᠨ ᠬᠡᠯᠡ ᠵᠦᠢ ᠶᠢᠨ ᠪᠥᠷᠢᠯᠳᠦᠭᠦᠨ ᠮᠥᠨ᠂ ᠡᠳᠡᠭᠡᠷ ᠢ ᠤᠯᠠᠮᠵᠢᠯᠠᠯᠲᠦ ᠬᠡᠯᠡ ᠪᠢᠴᠢᠭ ᠤᠨ ᠪᠥᠲᠦᠭᠡᠯ ᠤᠳ | ᠲᠤ ᠶᠡᠷᠦ ᠠᠴᠠ ᠴᠢᠩᠭ᠎ᠠ ᠢᠯᠭᠠᠳᠠᠭ ᠦᠭᠡᠢ ᠪᠠᠶᠢᠬᠰᠠᠨ ᠶᠤᠮ᠃ ᠡᠷᠳᠡᠨᠢᠲᠣᠬᠲᠠᠬᠤ ᠪᠠᠷ ᠲᠡᠳᠡᠭᠡᠷ ᠢ ︽ᠪᠣᠰᠣᠳ ᠤᠨ | ᠡᠷᠬᠡᠲᠦ ᠨᠥᠬᠦᠴᠡᠯ ᠦᠰᠦᠭ︾᠂ ︽ᠥᠪᠡᠷᠦᠨ ᠡᠷᠬᠡᠲᠦ ᠨᠥᠬᠦᠴᠡᠯ ᠦᠰᠦᠭ︾᠂ ︽ᠬᠠᠪᠰᠤᠷᠬᠤ ᠨᠥᠬᠦᠴᠡᠯ | ᠦᠰᠦᠭ︾ ᠭᠡᠵᠦ ᠭᠤᠷᠪᠠᠨ ᠲᠥᠷᠦᠯ ᠳᠤ ᠬᠤᠪᠢᠶᠠᠵᠠᠢ᠃ ︽ᠪᠣᠰᠣᠳ ᠤᠨ ᠡᠷᠬᠡᠲᠦ ᠨᠥᠬᠦᠴᠡᠯ ᠦᠰᠦᠭ︾ ᠤᠨ | ᠲᠥᠷᠦᠯ ᠳᠤ ︽ᠲᠡᠶᠢᠨ ᠢᠯᠭᠠᠯ︾ ᠢ ᠢᠯᠡᠳᠭᠡᠬᠦ ᠡᠯ᠎ᠡ ᠵᠦᠢᠯ ᠤᠨ ᠳᠠᠭᠠᠪᠤᠷᠢ᠂ ︽ᠣᠯᠠᠨ ᠲᠤᠭ᠎ᠠ︾ ᠶᠢ | ᠢᠯᠡᠳᠭᠡᠬᠦ ᠳᠠᠭᠠᠪᠤᠷᠢ ᠪᠠ ︽ᠬᠠᠮᠢᠶᠠᠳᠠᠭᠤᠯᠬᠤ︾ ᠳᠠᠭᠠᠪᠤᠷᠢ ᠵᠡᠷᠭᠡ ᠶᠢ ᠦᠭᠦᠯᠡᠭᠰᠡᠨ ᠪᠥᠭᠡᠳ ᠪᠠᠰᠠ ᠨᠢᠭᠡ ᠪᠥᠯᠦᠭ | ︽ᠦᠭᠡ ᠶᠢᠨ ᠬᠦᠴᠦᠨ ᠢ ᠴᠢᠩᠭᠠᠳᠬᠠᠬᠤ︾ ᠤᠳᠬ᠎ᠠ ᠪᠥᠬᠦᠢ ᠲᠤᠰᠠᠯᠠᠬᠤ ᠦᠭᠡᠰ ᠤᠨ ᠲᠤᠬᠠᠢ ᠳᠤᠷᠠᠳᠪᠠ᠃ ︽ | ᠥᠪᠡᠷᠦᠨ ᠡᠷᠬᠡᠲᠦ ᠨᠥᠬᠦᠴᠡᠯ ᠦᠰᠦᠭ︾ ᠤᠨ ᠲᠥᠷᠦᠯ ᠵᠦᠢᠯ ᠳᠤ᠂ ᠭᠤᠣᠯᠳᠠᠭᠤ ᠡᠯ᠎ᠡ ᠵᠦᠢᠯ ᠤᠨ ᠲᠤᠰᠠᠯᠠᠬᠤ | ᠦᠢᠯᠡ ᠦᠭᠡᠰ ᠢ ᠲᠠᠨᠢᠯᠴᠠᠭᠤᠯᠪᠠ᠃ ᠲᠡᠳᠡᠭᠡᠷ ᠤᠨ ᠵᠠᠷᠢᠮ ᠨᠢ ᠬᠤᠯᠪᠤᠬᠤ ᠪᠣᠶᠤ ᠡᠷᠭᠢᠯᠲᠡ ᠶᠢᠨ ᠦᠢᠯᠡᠳᠦᠯ ᠲᠠᠢ᠂ | ᠵᠠᠷᠢᠮ ᠨᠢ ᠠᠶᠠᠯᠭ᠎ᠠ ᠮᠠᠶ᠋ᠢᠭ ᠢ ᠢᠯᠡᠳᠭᠡᠨ᠎ᠡ᠃ ︽ᠬᠠᠪᠰᠤᠷᠬᠤ ᠨᠥᠬᠦᠴᠡᠯ ᠦᠰᠦᠭ︾ ᠤᠨ ᠲᠥᠷᠦᠯ ᠳᠤ᠂ ᠰᠤᠯᠠ | ᠦᠭᠡ ᠪᠠ ᠨᠢᠭᠡ ᠪᠥᠯᠦᠭ ᠲᠤᠰᠠᠯᠠᠬᠤ ᠦᠢᠯᠡ ᠦᠭᠡᠰ ᠵᠢᠴᠢ ᠣᠨᠴᠣᠭᠤᠢ ᠦᠭᠡ ᠪᠥᠲᠦᠭᠡᠬᠦ ᠳᠠᠭᠠᠪᠤᠷᠢ ᠵᠡᠷᠭᠡ ᠶᠢ | ᠪᠠᠭᠳᠠᠭᠠᠪᠠ᠃ ᠵᠣᠬᠢᠶᠠᠬᠴᠢ ᠶᠢᠨ ᠡᠨᠡᠬᠦ ᠬᠤᠪᠢᠶᠠᠷᠢᠯᠠᠯ ᠨᠢ ᠬᠡᠳᠦᠶᠢᠪᠡᠷ ᠴᠢᠩᠭ᠎ᠠ ᠪᠣᠰᠤ ᠲᠤᠶᠢᠯᠪᠤᠷᠢᠲᠠᠢ ᠪᠣᠰᠤ | ᠪᠣᠯᠤᠬᠰᠠᠨ ᠭᠡᠳᠡᠭ ᠪᠣᠯᠪᠠᠴᠦ ᠤᠯᠠᠮᠵᠢᠯᠠᠯᠲᠦ ᠬᠡᠯᠡ ᠪᠢᠴᠢᠭ ᠤᠨ ᠤᠬᠠᠭᠠᠨ ᠤ ᠪᠥᠲᠦᠭᠡᠯ ᠤᠳ ᠯᠦᠭᠡ ᠬᠠᠷᠢᠴᠠᠭᠤᠯᠵᠦ | ᠦᠵᠡᠪᠡᠯ᠂ ᠰᠢᠲ᠋ᠧᠮᠵᠢᠭᠦᠯᠦᠭᠰᠡᠨ ᠲᠠᠯ᠎ᠠ ᠪᠠᠷ ᠨᠢᠭᠡᠨ ᠠᠯᠬᠤᠮ ᠠᠬᠢᠬᠰᠠᠨ ᠢᠶᠠᠷ ᠦᠯᠦ ᠪᠠᠷᠠᠮ᠂ ᠬᠡᠯᠡ ᠵᠦᠢ ᠶᠢᠨ | ᠦᠵᠡᠭᠳᠡᠯ ᠤᠳ ᠢ ᠬᠤᠷᠢᠶᠠᠩᠭᠤᠶᠢᠯᠠᠬᠰᠠᠨ ᠲᠠᠯ᠎ᠠ ᠪᠠᠷ ᠴᠦ ᠢᠯᠡᠭᠦᠦ ᠪᠥᠷᠢᠨ ᠭᠦᠢᠴᠡᠳ ᠪᠣᠯᠤᠬᠰᠠᠨ ᠶᠤᠮ᠃ ᠡᠳᠡᠭᠡᠷ | ᠨᠢ ᠴᠥᠮ ᠨᠤᠲᠠᠯᠠᠭᠤᠰᠢᠲᠠᠢ ᠠᠮᠵᠢᠯᠲᠠ ᠪᠣᠯᠤᠨ᠎ᠠ᠃ | ᠡᠨᠡᠬᠦ ᠪᠥᠲᠦᠭᠡᠯ ᠤᠨ ᠳᠣᠣᠷᠠᠳᠦ ᠳᠡᠪᠲᠡᠷ ᠲᠤ ᠬᠡᠯᠡ ᠵᠦᠢ ᠪᠠ ︽ᠰᠢᠨ᠎ᠡ ᠤᠳᠬ᠎ᠠ︾ ᠶᠢᠨ | ᠳᠥᠰᠦᠪ ᠬᠡᠮᠡᠬᠦ ᠬᠤᠶᠠᠷ ᠶᠡᠭᠡ ᠠᠩᠭᠢ ᠪᠠᠭᠲᠠᠨ᠎ᠠ᠃ ᠬᠡᠯᠡ ᠵᠦᠢ ᠨᠢ 5 ᠪᠥᠯᠦᠭ ᠲᠠᠢ᠃ ᠨᠢᠭᠡᠳᠦᠭᠡᠷ ᠪᠥᠯᠦᠭ ᠨᠢ | ︽ᠠᠷᠪᠠᠨ ᠵᠦᠢᠯ ᠤᠨ ᠦᠭᠡᠰ︾᠃ ᠡᠭᠦᠨ ᠳᠤ ᠨᠡᠷᠡᠰ ᠦᠭᠡᠰ᠂ ᠲᠥᠯᠦᠭᠡᠯᠡᠬᠦ ᠦᠭᠡᠰ᠂ ᠲᠤᠭ᠎ᠠ ᠶᠢᠨ ᠦᠭᠡᠰ᠂ | ᠬᠥᠲᠡᠯᠪᠤᠷᠢ ᠦᠭᠡᠰ᠂ ᠢᠯᠡᠳᠭᠡᠯ ᠦᠭᠡᠰ᠂ ᠬᠠᠪᠰᠤᠷᠠᠯ ᠦᠭᠡᠰ᠂ ᠵᠠᠯᠭᠠᠪᠤᠷᠢ ᠦᠭᠡᠰ᠂ ᠰᠣᠴᠢᠬᠤ ᠦᠭᠡᠰ᠂ | ᠨᠥᠬᠦᠴᠡᠯ ᠦᠭᠡᠰ ︵ᠦᠨᠡᠨ ᠳᠡᠭᠡᠨ ᠦᠢᠯᠡ ᠦᠭᠡ ᠶᠢᠨ ᠳᠠᠭᠠᠪᠤᠷᠢ ᠶᠢ ᠬᠡᠯᠡᠵᠦ ᠪᠠᠶᠢᠨ᠎ᠠ︶᠂ ᠬᠡᠶᠢᠰᠪᠤᠷᠢ ᠦᠭᠡᠰ ︵ | ᠦᠨᠡᠨ ᠳᠡᠭᠡᠨ ᠲᠡᠶᠢᠨ ᠢᠯᠭᠠᠯ ᠤᠨ ᠳᠠᠭᠠᠪᠤᠷᠢ ᠶᠢ ᠬᠡᠯᠡᠵᠦ ᠪᠠᠶᠢᠨ᠎ᠠ︶ — ᠡᠳᠡᠭᠡᠷ ᠢ ᠨᠢᠭᠡᠳ ᠨᠢᠭᠡ ᠪᠠᠷ | ᠲᠣᠭᠠᠴᠢᠨ ᠶᠠᠷᠢᠵᠠᠢ᠃ ᠵᠣᠬᠢᠶᠠᠬᠴᠢ ᠪᠠᠷ ᠡᠨᠡ ᠪᠥᠯᠦᠭ ᠲᠤ ᠣᠳᠣ ᠦᠶ᠎ᠡ ᠶᠢᠨ ᠶᠠᠫᠤᠨ ᠬᠡᠯᠡ ᠰᠢᠨᠵᠢᠯᠡᠯ ᠤᠨ ᠬᠡᠯᠡ | ᠵᠦᠢ ᠶᠢᠨ ᠠᠢ ᠪᠠᠷ ᠮᠣᠩᠭᠤᠯ ᠬᠡᠯᠡᠨ ᠤ ᠦᠭᠡᠰ ᠢ ᠠᠶᠢᠮᠠᠬᠯᠠᠬᠰᠠᠨ ᠨᠢ ᠦᠨᠳᠦᠰᠦᠨ ᠳᠡᠭᠡᠨ ᠪᠥᠲᠦᠮᠵᠢᠲᠡᠢ | ᠪᠣᠯᠤᠬᠰᠠᠨ ᠶᠤᠮ᠃ ᠡᠨᠡ ᠨᠢ ᠤᠯᠤᠰ ᠤᠨ ᠲᠣᠲᠤᠭᠠᠳᠦ ᠳᠤ ᠠᠩᠬᠠᠨ ᠤ ᠡᠭᠦᠳᠦᠯᠲᠡ ᠪᠣᠯᠵᠦ ᠪᠠᠶᠢᠨ᠎ᠠ᠃ | ᠬᠤᠶᠠᠳᠤᠭᠠᠷ ᠪᠥᠯᠦᠭ ᠨᠢ ︽ᠣᠯᠠᠨ ᠵᠦᠢᠯ ᠤᠨ ᠦᠭᠡᠰ ᠤᠨ ᠬᠤᠪᠢᠯᠦᠯᠲᠠ︾᠂ ᠭᠤᠣᠯᠳᠠᠭᠤ ᠨᠡᠷᠡᠰ ᠦᠭᠡᠰ ᠤᠨ | ᠦᠨᠳᠦᠰᠦᠨ ᠠᠴᠠ ᠬᠥᠳᠡᠯᠪᠤᠷᠢ ᠦᠭᠡᠰ᠂ ᠨᠡᠷᠡᠰ ᠦᠭᠡᠰ ᠪᠠ ᠲᠥᠯᠦᠭᠡᠯᠡᠬᠦ ᠦᠭᠡᠰ ᠡᠭᠦᠰᠭᠡᠬᠦ ᠡᠯ᠎ᠡ ᠵᠦᠢᠯ ᠤᠨ | ᠦᠭᠡ ᠪᠥᠲᠦᠭᠡᠬᠦ ᠳᠠᠭᠠᠪᠤᠷᠢ᠃ ᠬᠥᠳᠡᠯᠪᠤᠷᠢ ᠦᠭᠡᠰ ᠤᠨ ᠦᠨᠳᠦᠰᠦᠨ ᠠᠴᠠ ᠨᠡᠷᠡᠰ ᠦᠭᠡᠰ ᠢ ᠡᠭᠦᠰᠭᠡᠬᠦ ᠡᠯ᠎ᠡ | ᠵᠦᠢᠯ ᠤᠨ ᠦᠭᠡ ᠪᠥᠲᠦᠭᠡᠬᠦ ᠳᠠᠭᠠᠪᠤᠷᠢ᠃ ᠲᠥᠯᠦᠭᠡᠯᠡᠬᠦ ᠦᠭᠡᠰ ᠤᠨ ᠦᠨᠳᠦᠰᠦᠨ ᠠᠴᠠ ᠬᠥᠳᠡᠯᠪᠤᠷᠢ ᠦᠭᠡᠰ᠂ | ᠲᠥᠯᠦᠭᠡᠯᠡᠬᠦ ᠦᠭᠡᠰ ᠢ ᠡᠭᠦᠰᠭᠡᠬᠦ ᠡᠯ᠎ᠡ ᠵᠦᠢᠯ ᠤᠨ ᠦᠭᠡ ᠪᠥᠲᠦᠭᠡᠬᠦ ᠳᠠᠭᠠᠪᠤᠷᠢ ᠵᠡᠷᠭᠡ ᠶᠢ ᠶᠠᠷᠢᠵᠠᠢ᠃ | ᠭᠤᠷᠪᠠᠳᠤᠭᠠᠷ ᠪᠥᠯᠦᠭ ᠨᠢ ︽ᠦᠭᠦᠯᠡᠪᠤᠷᠢ ᠵᠦᠢ︾᠃ ︽ᠭᠤᠣᠯ ᠦᠭᠡ︾᠂ ︽ᠲᠠᠶᠢᠯᠪᠤᠷᠢ ᠦᠭᠡ︾ ︵ | ᠦᠭᠦᠯᠡᠬᠦᠨ︶᠂ ︽ᠲᠤᠰᠤᠬᠳᠠᠬᠤᠨ︾᠂ ︽ᠨᠥᠬᠦᠪᠤᠷᠢ ᠦᠭᠡ︾᠂ ︽ᠴᠢᠮᠡᠭᠯᠡᠯ ᠦᠭᠡ︾ ᠵᠡᠷᠭᠡ | ᠦᠭᠦᠯᠡᠪᠤᠷᠢ ᠶᠢᠨ ᠪᠥᠷᠢᠯᠳᠦᠬᠦᠨ ᠨᠦᠭᠦᠳ ᠲᠤ ᠲᠤᠰ ᠲᠤᠰ ᠤᠨ ᠲᠣᠮᠢᠶᠠᠯᠠᠯ ᠢ ᠥᠭᠭᠦᠭᠰᠡᠨ ᠪᠥᠭᠡᠳ ᠠᠯᠢ | ᠲᠥᠷᠦᠯ ᠤᠨ ᠦᠭᠡᠰ ᠡᠳᠡᠭᠡᠷ ᠪᠥᠷᠢᠯᠳᠦᠬᠦᠨ ᠪᠣᠯᠵᠦ ᠪᠠᠶᠢᠳᠠᠭ ᠢ ᠵᠢᠱᠢᠶ᠎ᠡ ᠪᠠᠷ ᠲᠠᠶᠢᠯᠪᠤᠷᠢᠯᠠᠵᠠᠢ᠃ ᠳᠥᠷᠪᠡᠳᠦᠭᠡᠷ | ᠪᠥᠯᠦᠭ ᠨᠢ ᠦᠭᠦᠯᠡᠪᠤᠷᠢ ᠶᠢ ᠪᠥᠲᠦᠴᠡ ᠪᠠ ᠦᠢᠯᠡᠳᠦᠯ ᠢᠶᠠᠷ ᠲᠥᠷᠦᠯ ᠬᠤᠪᠢᠶᠠᠭᠠᠳ ᠵᠢᠱᠢᠶ᠎ᠡ ᠪᠠᠷ ᠶᠠᠭᠤ ᠶᠢ ︽ | ᠳ᠋ᠠᠩ ᠤᠳᠬ᠎ᠠ︾᠂ ᠶᠠᠭᠤ ᠶᠢ ︽ᠳᠠᠪᠬᠤᠷ ᠤᠳᠬ᠎ᠠ︾᠂ ᠶᠠᠭᠤ ᠶᠢ ︽ᠬᠤᠣᠰ ᠤᠳᠬ᠎ᠠ︾᠂ ᠶᠠᠭᠤ ᠶᠢ ︽ | ᠪᠣᠳᠣᠯᠢᠶᠠᠨ ᠤᠳᠬ᠎ᠠ︾᠂ ᠵᠢᠴᠢ ᠶᠠᠭᠤ ᠶᠢ ︽ᠲᠠᠶᠢᠯᠪᠤᠷᠢᠯᠠᠬᠤ ᠤᠳᠬ᠎ᠠ︾᠂ ᠶᠠᠭᠤ ᠶᠢ ︽ᠠᠰᠠᠭᠤᠬᠤ ᠤᠳᠬ᠎ᠠ︾ | ᠂ ᠶᠠᠭᠤ ᠶᠢ ︽ᠵᠠᠬᠢᠶᠠᠯᠠᠬᠤ ᠤᠳᠬ᠎ᠠ︾᠂ ᠶᠠᠭᠤ ᠶᠢ ︽ᠰᠣᠴᠢᠬᠤ ᠤᠳᠬ᠎ᠠ︾ ᠬᠡᠮᠡᠬᠦ ᠲᠤᠬᠠᠢ ᠲᠠᠶᠢᠯᠪᠤᠷᠢᠯᠠᠵᠠᠢ᠃ | ᠲᠠᠪᠤᠳᠤᠭᠠᠷ ᠪᠥᠯᠦᠭ ᠨᠢ ᠦᠭᠡ ᠶᠢᠨ ᠳᠠᠷᠠᠭᠠᠯᠠᠯ᠂ ᠡᠭᠦᠨ ᠢ ᠡᠩ ᠤᠨ ᠳᠡᠰ ᠳᠠᠷᠠᠭᠠᠯᠠᠯ ᠪᠠ ᠲᠣᠩᠭᠤᠷᠠ ᠠᠷᠭ᠎ᠠ | ᠭᠡᠵᠦ ᠬᠤᠪᠢᠶᠠᠵᠠᠢ᠃ ᠡᠷᠳᠡᠨᠢᠲᠣᠬᠲᠠᠬᠤ ᠣᠳᠣ ᠦᠶ᠎ᠡ ᠶᠢᠨ ᠬᠡᠯᠡ ᠵᠦᠢ ᠶᠢᠨ ᠠᠢ ᠪᠠᠷ ᠮᠣᠩᠭᠤᠯ ᠬᠡᠯᠡᠨ ᠤ ᠬᠡᠯᠡ | ᠵᠦᠢ ᠶᠢᠨ ᠰᠢᠰᠲ᠋ᠧᠮ ᠢ ᠪᠠᠶᠢᠭᠤᠯᠬᠤ ᠦᠶ᠎ᠡ ᠳᠤ ᠲᠣᠬᠢᠶᠠᠯᠳᠤᠬᠰᠠᠨ ᠨᠢᠭᠡᠨ ᠠᠰᠠᠭᠤᠳᠠᠯ ᠭᠡᠪᠡᠯ ᠤᠯᠠᠮᠵᠢᠯᠠᠯᠲᠦ | ᠮᠣᠩᠭᠤᠯ ᠬᠡᠯᠡ ᠪᠢᠴᠢᠭ ᠤᠨ ᠤᠬᠠᠭᠠᠨ ᠤ ᠵᠣᠬᠢᠶᠠᠯ ᠤᠳ ᠲᠤ ᠠᠰᠢᠬᠯᠠᠵᠦ ᠪᠣᠯᠤᠮᠠᠷ ᠪᠡᠯᠡᠨ ᠬᠡᠯᠡ ᠵᠦᠢ ᠶᠢᠨ ᠨᠡᠷ᠎ᠡ | ᠲᠣᠮᠢᠶ᠎ᠠ ᠪᠠᠶᠢᠬᠤ ᠦᠭᠡᠢ᠂ ᠵᠣᠬᠢᠶᠠᠬᠴᠢ ᠡᠷᠬᠡᠪᠰᠢ ᠨᠢᠭᠡᠨ ᠳᠥᠬᠦᠷ ᠰᠢᠨ᠎ᠡ ᠨᠡᠷ᠎ᠡ ᠲᠣᠮᠢᠶ᠎ᠠ ᠶᠢ ᠪᠥᠲᠦᠭᠡᠨ ᠡᠳᠡᠭᠡᠷ | ᠬᠡᠯᠡ ᠵᠦᠢ ᠶᠢᠨ ᠤᠬᠠᠬᠳᠠᠬᠤᠨ ᠨᠤᠭᠤᠳ ᠢ ᠢᠯᠡᠳᠭᠡᠬᠦ ᠬᠡᠷᠡᠭᠲᠡᠢ ᠪᠠᠶᠢᠬᠰᠠᠨ ᠶᠤᠮ᠃ ᠲᠡᠭᠦᠨ ᠤ ᠡᠨᠡ ᠲᠠᠯ᠎ᠠ ᠶᠢᠨ | ᠠᠵᠢᠯ ᠤᠨ ᠬᠦᠴᠢᠷᠳᠡᠯ ᠨᠡᠯᠢᠶᠡᠳ ᠶᠡᠭᠡ ᠪᠠᠶᠢᠬᠰᠠᠨ᠂ ᠲᠡᠭᠦᠨ ᠤ ᠬᠠᠶᠢᠨ ᠰᠣᠳᠣᠯᠬᠤ ᠵᠣᠷᠢᠭ ᠰᠠᠨᠠᠭ᠎ᠠ ᠨᠢ ᠡᠷᠬᠢᠮ | ᠨᠠᠨᠳᠢᠨ ᠶᠤᠮ᠃ ᠡᠳᠦᠭᠡ ᠡᠨᠡᠬᠦ ᠪᠥᠷᠢᠨ ᠳᠥᠬᠦᠷ ᠬᠡᠯᠡ ᠵᠦᠢ ᠶᠢᠨ ᠨᠡᠷ᠎ᠡ ᠲᠣᠮᠢᠶ᠎ᠠ ᠨᠤᠭᠤᠳ ᠤᠨ ᠲᠣᠳᠣᠷᠠᠬᠢ | ᠣᠯᠠᠩᠬᠢᠨ ᠨᠢ ᠰᠢᠨ᠎ᠡ ᠨᠡᠷ᠎ᠡ ᠲᠣᠮᠢᠶ᠎ᠠ ᠪᠠᠷ ᠣᠷᠣᠯᠠᠭᠤᠯᠤᠬᠳᠠᠵᠠᠢ᠃ ᠭᠡᠬᠦ ᠳᠡᠭᠡᠨ ᠡᠷᠳᠡᠨᠢᠲᠣᠬᠲᠠᠬᠤ ᠶᠢᠨ | ᠵᠣᠬᠢᠶᠠᠬᠰᠠᠨ ︽ᠨᠡᠷᠡᠰ ᠦᠭᠡᠰ︾᠂ ︽ᠲᠥᠯᠦᠭᠡᠯᠡᠬᠦ ᠦᠭᠡᠰ︾᠂ ︽ᠲᠤᠭ᠎ᠠ ᠶᠢᠨ ᠦᠭᠡᠰ︾᠂ ︽ᠡᠩ ᠤᠨ ᠨᠡᠷᠡᠰ | ︾᠂ ︽ᠲᠤᠰᠬᠠᠢ ᠨᠡᠷᠡᠰ︾ ᠤᠨ ᠵᠡᠷᠭᠡ ᠨᠡᠷ᠎ᠡ ᠲᠣᠮᠢᠶ᠎ᠠ ᠨᠢ ᠣᠳᠣ ᠪᠣᠯᠲᠠᠯ᠎ᠠ ᠬᠥᠮᠦᠰ ᠲᠤ ᠲᠠᠨᠢᠯ ᠳᠠᠰᠤᠯ | ᠬᠡᠪ ᠢᠶᠠᠷ ᠢᠶᠠᠨ ᠪᠠᠶᠢᠬᠰᠠᠭᠠᠷ ᠪᠠᠶᠢᠨ᠎ᠠ᠃ | ᠵᠣᠬᠢᠶᠠᠬᠴᠢ ᠪᠠᠷ ︽ᠰᠢᠨ᠎ᠡ ᠤᠳᠬ᠎ᠠ︾ ᠶᠢᠨ ᠳᠥᠰᠦᠪ ᠤᠨ ᠬᠡᠰᠡᠭ ᠲᠤ᠂ ᠬᠤᠪᠢᠰᠬᠤᠢ ᠶᠢᠨ | ᠮᠡᠯᠮᠡᠢ ᠪᠠᠷ ᠳᠡᠯᠡᠬᠡᠢ ᠳ᠋ᠠᠬᠢᠨ ᠤ ᠦᠰᠦᠭ ᠪᠢᠴᠢᠭ ᠢ ᠠᠵᠢᠨ ᠰᠢᠨᠵᠢᠯᠡᠵᠦ᠂ ᠮᠣᠩᠭᠤᠯ ᠦᠰᠦᠭ ᠤᠨ ᠤᠯᠠᠮᠵᠢᠯᠠᠯᠲᠦ | ᠪᠢᠴᠢᠬᠦ ᠠᠷᠭ᠎ᠠ ᠪᠣᠯᠣᠨ ᠣᠳᠣ ᠦᠶ᠎ᠡ ᠶᠢᠨ ᠠᠮᠠᠨ ᠠᠶᠠᠯᠭᠤ ᠶᠢᠨ ᠬᠤᠭᠤᠷᠣᠨᠳᠦ ᠵᠥᠷᠢᠶᠡᠨ ᠭᠠᠷᠤᠬᠰᠠᠨ | ᠠᠰᠠᠭᠤᠳᠠᠯ ᠢ ᠶᠡᠬᠡᠳᠡ ᠠᠩᠬᠠᠷᠴᠦ ︽ᠦᠭᠡ ᠦᠰᠦᠭ ᠢ ᠨᠢᠭᠡᠨ ᠪᠣᠯᠭᠠᠬᠤᠢ︾᠂ ︽ᠰᠢᠨ᠎ᠡ ᠤᠳᠬ᠎ᠠ ᠪᠠᠷ ᠮᠣᠩᠭᠤᠯ | ᠦᠭᠡ ᠶᠢ ᠨᠡᠶᠢᠭᠡᠮᠯᠡᠨ ᠨᠢᠭᠡᠳᠭᠡᠬᠦ︾᠂ ︽ᠬᠤᠶᠠᠷ ᠪᠠᠭᠠᠷᠢᠨ᠂ ᠠᠷᠦ ᠬᠤᠷᠴᠢᠨ᠂ ᠪᠢᠨᠲᠦ ᠶᠢᠨ ᠵᠡᠷᠭᠡ | ᠬᠤᠰᠢᠭᠤᠳ ᠤᠨ ᠠᠮᠠᠨ ᠠᠶᠠᠯᠭᠤ ᠪᠠᠷ ᠪᠠᠷᠢᠮᠲᠠ ᠦᠭᠡ ᠪᠣᠯᠭᠠᠬᠤ︾ ᠮᠡᠲᠦ ᠶᠢᠨ ᠡᠳᠦᠢ ᠲᠡᠳᠦᠢ ᠳᠠᠪᠰᠢᠩᠭᠤᠢ | ᠡᠷᠳᠡᠮ ᠰᠢᠨᠵᠢᠯᠡᠭᠡᠨ ᠤ ᠦᠵᠡᠯᠲᠡ ᠶᠢ ᠳᠤᠷᠠᠳᠤᠬᠰᠠᠨ ᠪᠠᠶᠢᠳᠠᠭ ᠨᠢ ᠵᠣᠬᠢᠶᠠᠬᠴᠢ ᠶᠢᠨ ᠮᠣᠩᠭᠤᠯ ᠬᠡᠯᠡ ᠪᠢᠴᠢᠭ ᠢᠶᠠᠨ | ᠬᠥᠭᠵᠢᠭᠦᠯᠬᠦ ᠴᠢᠩᠭ᠎ᠠ ᠬᠦᠰᠡᠯ ᠢ ᠢᠯᠡᠳᠭᠡᠭᠰᠡᠨ ᠪᠠᠶᠢᠨ᠎ᠠ᠃ ᠵᠣᠬᠢᠶᠠᠬᠴᠢ ᠶᠢᠨ ︽ᠰᠢᠨ᠎ᠡ ᠤᠳᠬ᠎ᠠ︾ ᠶᠢ ᠠᠯᠢ | ᠣᠷᠣᠨ ᠤ ᠠᠮᠠᠨ ᠠᠶᠠᠯᠭᠤ ᠪᠠᠷ ᠪᠠᠷᠢᠮᠵᠢᠶ᠎ᠠ ᠠᠪᠢᠶ᠎ᠠ ᠪᠣᠯᠭᠠᠬᠤ ᠲᠤᠬᠠᠢ ᠶᠠᠷᠢᠬᠤ ᠦᠶ᠎ᠡ ᠳᠤ ᠳᠤᠷᠠᠳᠤᠬᠰᠠᠨ ᠥᠪᠦᠷ | ᠮᠣᠩᠭᠤᠯ ᠤᠨ ᠵᠡᠭᠦᠨ ᠪᠡᠶ᠎ᠡ ᠶᠢᠨ ᠡᠯ᠎ᠡ ᠨᠤᠲᠤᠭ ᠤᠨ ᠠᠶᠠᠯᠭᠤ ᠶᠢᠨ ᠣᠨᠴᠠᠯᠢᠭ ᠤᠨ ᠲᠤᠬᠠᠢ ᠰᠠᠨᠠᠭᠤᠯᠤᠮᠵᠢ ᠪᠣᠯ | ᠨᠡᠯᠢᠶᠡᠳ ᠬᠤᠷᠴᠠ ᠰᠡᠷᠭᠡᠭ ᠪᠥᠭᠡᠳ ᠵᠥᠪ ᠣᠨᠣᠪᠴᠢᠲᠠᠢ ᠶᠤᠮ᠃ ︽ᠰᠢᠨ᠎ᠡ ᠤᠳᠬ᠎ᠠ︾ ᠶᠢᠨ ᠳᠥᠰᠦᠪ ᠨᠢ | ᠰᠢᠨᠵᠢ ᠴᠢᠨᠠᠷ ᠤᠨ ᠬᠤᠪᠢ ᠳᠤ ᠦᠰᠦᠭ ᠪᠢᠴᠢᠭ ᠤᠨ ᠥᠭᠡᠷᠡᠴᠢᠯᠡᠯᠲᠡ ᠪᠤᠰᠤ᠂ ᠲᠡᠷᠡ ᠨᠢ ᠮᠦᠨᠬᠦ ᠤᠯᠠᠮᠵᠢᠯᠠᠯᠲᠦ | ᠮᠣᠩᠭᠤᠯ ᠦᠰᠦᠭ ᠢᠶᠠᠷ ᠰᠠᠭᠤᠷᠢ ᠪᠣᠯᠭᠠᠨ᠂ ᠲᠣᠳᠣ ᠮᠣᠩᠭᠤᠯ ᠦᠰᠦᠭ ︵ᠰᠢᠨᠵᠢᠶᠠᠩ ᠮᠣᠩᠭᠤᠯᠴᠤᠳ ᠤᠨ | ᠣᠶᠢᠷᠠᠳ ᠨᠤᠲᠤᠭ ᠤᠨ ᠠᠶᠠᠯᠭᠤ ᠶᠢᠨ ᠣᠷᠣᠨ ᠳᠤ ᠬᠡᠷᠡᠭᠯᠡᠵᠦ ᠪᠠᠶᠢᠭ᠎ᠠ ᠠᠪᠢᠶ᠎ᠠ ᠶᠢ ᠨᠡᠯᠢᠶᠡᠳ ᠣᠨᠣᠪᠴᠢᠲᠠᠢ | ᠲᠡᠮᠳᠡᠭᠯᠡᠳᠡᠭ ᠦᠰᠦᠭ︶ ᠪᠣᠯᠣᠨ ᠠᠯᠢ ᠭᠠᠯᠢ ᠦᠰᠦᠭ ᠤᠨ ᠠᠪᠢᠶ᠎ᠠ ᠲᠡᠮᠳᠡᠭᠯᠡᠬᠦ ᠵᠠᠷᠢᠮ ᠠᠷᠭ᠎ᠠ ᠶᠢ ᠰᠢᠩᠭᠡᠭᠡᠨ | ᠠᠪᠴᠦ᠂ ᠤᠯᠠᠮᠵᠢᠯᠠᠯᠲᠦ ᠮᠣᠩᠭᠤᠯ ᠦᠰᠦᠭ ᠤᠨ ᠪᠢᠴᠢᠯᠭᠡ ᠶᠢᠨ ᠳᠦᠷᠢᠮ ᠳᠤ ᠨᠡᠯᠢᠶᠡᠳ ᠵᠠᠰᠠᠯᠲᠠ | ᠣᠷᠣᠭᠤᠯᠤᠬᠰᠠᠨ ᠶᠠᠪᠤᠳᠠᠯ ᠪᠣᠯᠤᠨ᠎ᠠ᠃ ᠁ ᠮᠣᠩᠭᠤᠯ ᠦᠰᠦᠭ ᠪᠢᠴᠢᠭ ᠢ ᠵᠠᠰᠠᠨ ᠰᠠᠶᠢᠵᠢᠷᠠᠭᠤᠯᠬᠤ ᠲᠤᠬᠠᠢ | ᠡᠨᠡ ᠪᠥᠬᠦᠢ ᠯᠡ ᠰᠠᠨᠠᠯ ᠤᠳ ᠨᠢ ᠮᠣᠩᠭᠤᠯ ᠪᠢᠴᠢᠭ ᠢ ᠶᠠᠷᠢᠶᠠᠴᠢᠯᠠᠬᠤ᠂ ᠮᠣᠩᠭᠤᠯ ᠬᠡᠯᠡ ᠶᠢ ᠳᠦᠷᠢᠮᠵᠢᠭᠦᠯᠬᠦ ᠳᠤ | ᠠᠰᠢᠬᠲᠠᠢ ᠬᠠᠶᠢᠯᠲᠠ ᠪᠣᠯᠵᠠᠢ᠃ | ᠪᠠᠭᠴᠠᠯᠠᠭᠠᠳ ᠬᠡᠯᠡᠪᠡᠯ᠂ ᠡᠷᠳᠡᠨᠢᠲᠣᠬᠲᠠᠬᠤ ᠶᠢᠨ ︽ᠮᠣᠩᠭᠤᠯ ᠦᠰᠦᠭ ᠤᠨ ᠰᠢᠨ᠎ᠡ ᠲᠣᠯᠢ︾ | ᠶᠢᠨ ᠮᠣᠩᠭᠤᠯ ᠬᠡᠯᠡᠨ ᠤ ᠬᠡᠯᠡ ᠵᠦᠢ ᠶᠢᠨ ᠰᠢᠰᠲ᠋ᠧᠮ ᠢ ᠴᠣᠬᠴᠠᠯᠠᠬᠤ ᠪᠠ ᠮᠣᠩᠭᠤᠯ ᠦᠰᠦᠭ ᠢ ᠵᠠᠰᠠᠨ | ᠰᠠᠶᠢᠵᠢᠷᠠᠭᠤᠯᠬᠤ ᠲᠠᠯ᠎ᠠ ᠶᠢᠨ ᠰᠣᠳᠣᠯᠣᠯ ᠨᠢ ᠵᠣᠬᠢᠬᠤ ᠪᠥᠲᠦᠭᠡᠯᠴᠢ ᠰᠢᠨᠵᠢ ᠪᠠ ᠰᠢᠲ᠋ᠧᠮᠴᠢ ᠰᠢᠨᠵᠢ ᠲᠠᠢ ᠶᠤᠮ᠃ | ᠡᠨᠡᠬᠦ ᠪᠥᠲᠦᠭᠡᠯ ᠨᠢ ᠬᠡᠳᠦᠶᠢᠪᠡᠷ ᠠᠭᠤᠯᠭ᠎ᠠ ᠶᠢᠨ ᠲᠠᠯ᠎ᠠ ᠪᠠᠷ ᠬᠠᠭᠤᠴᠢᠨ ᠬᠡᠯᠡ ᠪᠢᠴᠢᠭ ᠤᠨ ᠤᠬᠠᠭᠠᠨ ᠠᠴᠠ ᠰᠢᠨ᠎ᠡ | ᠬᠡᠯᠡ ᠰᠢᠨᠵᠢᠯᠡᠯ ᠳᠤ ᠰᠢᠯᠵᠢᠨ ᠣᠷᠣᠵᠦ ᠪᠠᠶᠢᠭ᠎ᠠ ᠬᠤᠷᠴᠠ ᠲᠣᠳᠣ ᠣᠷᠣ ᠮᠥᠷ ᠲᠠᠢ ᠭᠡᠳᠡᠭ ᠪᠣᠯᠪᠠᠴᠦ᠂ 20 | ᠳ᠋ᠤᠭᠠᠷ ᠵᠠᠭᠤᠨ ᠤ ᠲᠦᠷᠦᠭᠦᠦ ᠬᠠᠭᠠᠰ ᠦᠶ᠎ᠡ ᠶᠢᠨ ᠤᠯᠤᠰ ᠤᠨ ᠲᠣᠲᠤᠭᠠᠲᠦ ᠶᠢᠨ ᠮᠣᠩᠭᠤᠯ ᠬᠡᠯᠡ ᠰᠣᠳᠣᠯᠣᠯ ᠤᠨ | ᠬᠦᠷᠢᠶᠡᠨ ᠳᠠᠬᠢ ᠬᠠᠮᠤᠭ ᠤᠨ ᠰᠠᠶᠢᠨ ᠰᠣᠳᠣᠯᠭᠠᠨ ᠤ ᠪᠦᠲᠦᠭᠡᠯ ᠪᠣᠯᠬᠤ ᠨᠢ ᠶᠠᠮᠠᠷ ᠴᠦ ᠮᠠᠳᠠᠭ ᠦᠭᠡᠢ ᠶᠤᠮ᠃ | ᠡᠷᠳᠡᠨᠢᠲᠣᠬᠲᠠᠬᠤ ᠪᠠᠭᠰᠢ ᠶᠢᠨ ︽ᠮᠣᠩᠭᠤᠯ ᠦᠰᠦᠭ ᠤᠨ ᠰᠢᠨ᠎ᠡ ᠲᠣᠯᠢ︾ ᠶᠢᠨ ᠲᠤᠬᠠᠢ ᠪ᠊ | · ᠰᠡᠴᠡᠨᠪᠠᠭᠠᠲᠦᠷ ᠤᠨ ᠵᠡᠷᠭᠡ ᠪᠣᠰᠣᠳ ᠡᠷᠳᠡᠮᠲᠡᠳ ᠴᠦ ᠰᠢᠭᠦᠮᠵᠢ ᠪᠢᠴᠢᠵᠦ ᠮᠠᠰᠢ ᠥᠨᠳᠦᠷ ᠦᠨᠡᠯᠡᠵᠦ ᠪᠢᠯᠡ᠃ | ᠳ᠋ᠦᠩᠨᠡᠭᠡᠳ ᠬᠡᠯᠡᠪᠡᠯ᠂ ᠡᠷᠳᠡᠨᠢᠲᠣᠬᠲᠠᠬᠤ ᠪᠠᠭᠰᠢ ᠶᠢᠨ ︽ᠮᠣᠩᠭᠤᠯ ᠦᠰᠦᠭ ᠤᠨ ᠰᠢᠨ᠎ᠡ ᠲᠣᠯᠢ︾ ᠪᠣᠯ ᠬᠠᠭᠤᠴᠢᠨ | ᠮᠣᠩᠭᠤᠯ ᠬᠡᠯᠡ ᠪᠢᠴᠢᠭ ᠤᠨ ᠤᠬᠠᠭᠠᠨ ᠤ ᠰᠣᠳᠣᠯᠣᠯ ᠢ ᠰᠢᠨ᠎ᠡ ᠮᠣᠩᠭᠤᠯ ᠬᠡᠯᠡ ᠰᠢᠨᠵᠢᠯᠡᠯ ᠤᠨ ᠰᠣᠳᠣᠯᠣᠯ ᠤᠨ | ᠱᠠᠲᠤᠨ ᠳᠤ ᠠᠬᠢᠭᠤᠯᠤᠬᠰᠠᠨ ᠴᠠᠭ ᠦᠶ᠎ᠡ ᠶᠢ ᠵᠠᠭᠠᠬᠯᠠᠬᠤ ᠠᠴᠢ ᠬᠤᠯᠪᠣᠬᠳᠠᠯ ᠪᠥᠬᠦᠢ ᠡᠷᠳᠡᠮ ᠰᠢᠨᠵᠢᠯᠡᠭᠡᠨ ᠤ | ᠰᠢᠯᠢᠳᠡᠭ ᠪᠥᠲᠦᠭᠡᠯ ᠮᠦᠨ᠃ ᠡᠷᠳᠡᠨᠢᠲᠣᠬᠲᠠᠬᠤ ᠪᠠᠭᠰᠢ ᠪᠣᠯ ᠥᠪᠦᠷ ᠮᠣᠩᠭᠤᠯ ᠤᠨ ᠮᠣᠩᠭᠤᠯ ᠬᠡᠯᠡ ᠰᠢᠨᠵᠢᠯᠡᠯ ᠤᠨ | ᠰᠠᠭᠤᠷᠢᠯᠠᠬᠴᠢ᠂ 20 ᠳ᠋ᠤᠭᠠᠷ ᠵᠠᠭᠤᠨ ᠤ ᠡᠮᠤᠨ᠎ᠡ ᠬᠠᠭᠠᠰ ᠦᠶ᠎ᠡ ᠶᠢᠨ ᠮᠣᠩᠭᠤᠯ ᠬᠡᠯᠡ ᠰᠢᠨᠵᠢᠯᠡᠯ ᠤᠨ ᠭᠠᠷᠮᠠᠭᠠᠢ | ᠲᠥᠯᠦᠭᠡᠯᠡᠭᠴᠢ ᠡᠷᠳᠡᠮᠲᠡᠨ ᠪᠣᠯᠬᠤ ᠶᠤᠮ᠃ | ᠬᠤᠶᠠᠷ ᠲᠤ᠂ ᠡᠷᠳᠡᠨᠢᠲᠣᠬᠲᠠᠬᠤ ᠪᠠᠭᠰᠢ ᠪᠣᠯ ᠮᠣᠩᠭᠤᠯ ᠬᠡᠯᠡ ᠪᠢᠴᠢᠭ ᠤᠨ ᠠᠵᠢᠯ ᠢ ᠵᠥᠪ | ᠵᠠᠮ ᠳᠤ ᠭᠥᠲᠦᠯᠦᠭᠰᠡᠨ ᠭᠠᠷᠮᠠᠭᠠᠢ ᠤᠳᠤᠷᠢᠳᠤᠬᠴᠢ ᠮᠥᠨ᠃ | ᠡᠷᠳᠡᠨᠢᠲᠣᠬᠲᠠᠬᠤ ᠪᠠᠭᠰᠢ ᠪᠠᠰᠠ 1940-1944 ᠣᠨ ᠳᠤ ᠮᠣᠩᠭᠤᠯ ᠤᠳᠬ᠎ᠠ ᠶᠢᠨ | ᠰᠤᠷᠭᠠᠯ ᠤᠨ ᠬᠤᠷᠠᠯ ᠤᠨ ᠡᠷᠬᠢᠯᠡᠵᠦ ᠪᠠᠶᠢᠬᠰᠠᠨ ︽ᠤᠯᠠᠭᠠᠨ ᠪᠠᠷᠰ︾ ᠰᠠᠷ᠎ᠠ ᠶᠢᠨ ᠰᠡᠳᠭᠦᠯ ᠤᠨ ᠨᠠᠶᠢᠷᠠᠭᠤᠯᠤᠬᠴᠢ᠂ | ᠡᠷᠬᠢᠯᠡᠭᠰᠡᠨ ᠨᠠᠶᠢᠷᠠᠭᠤᠯᠤᠬᠴᠢ᠂ 1947 ᠣᠨ ᠠᠴᠠ ᠴᠢᠴᠢᠬᠠᠷ ᠲᠠᠬᠢ ᠥᠪᠦᠷ ᠮᠣᠩᠭᠤᠯ ᠤᠨ ᠴᠡᠷᠢᠭ ᠵᠠᠰᠠᠭ ᠤᠨ | ᠳᠡᠭᠡᠳᠦ ᠰᠤᠷᠭᠠᠭᠤᠯᠢ ᠶᠢᠨ ᠪᠠᠭᠰᠢ ᠪᠣᠯᠵᠦ ᠪᠠᠶᠢᠬᠤ ᠳᠠᠭᠠᠨ ᠳᠤᠮᠳᠠᠳᠦ ᠤᠯᠤᠰ ᠤᠨ ᠠᠩᠬᠠᠳᠠᠬᠴᠢ ᠮᠣᠩᠭᠤᠯ ᠬᠡᠯᠡ | ᠪᠢᠴᠢᠭ ᠰᠣᠳᠣᠯᠬᠤ ᠳᠠᠰᠤᠭ ᠪᠠᠶᠢᠭᠤᠯᠤᠨ᠂ ︽ᠬᠢᠲᠠᠳ ᠮᠣᠩᠭᠤᠯ ᠲᠤᠯᠢ︾ ᠨᠠᠶᠢᠷᠠᠭᠤᠯᠵᠦ᠂ 1949-1951 | ᠣᠨ ᠳᠤ ᠥᠪᠦᠷ ᠮᠣᠩᠭᠤᠯ ᠤᠨ ᠡᠳᠦᠷ ᠤᠨ ᠰᠣᠨᠢᠨ ᠤ ᠬᠤᠷᠢᠶ᠎ᠠ ᠶᠢᠨ ᠮᠣᠩᠭᠤᠯ ᠨᠠᠶᠢᠷᠠᠭᠤᠯᠬᠤ ᠭᠡᠯᠲᠡᠰ ᠤᠨ ᠳᠡᠳ᠋ | ᠡᠷᠬᠢᠯᠡᠭᠴᠢ᠂ 1951-1954 ᠣᠨ ᠳᠤ ᠥᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ ᠶᠢᠨ ᠬᠤᠷᠢᠶᠠᠨ | ᠳᠠᠷᠤᠭ᠎ᠠ᠂ 1953 ᠣᠨ ᠠᠴᠠ ᠮᠣᠩᠭᠤᠯ ᠬᠡᠯᠡ ᠪᠢᠴᠢᠭ ᠰᠣᠳᠣᠯᠬᠤ ᠨᠡᠶᠢᠭᠡᠮᠯᠢᠭ ᠤᠨ ᠳᠡᠳ᠋ ᠡᠷᠬᠢᠯᠡᠭᠴᠢ᠂ | 1954-1966 ᠣᠨ ᠳᠤ ᠥᠪᠦᠷ ᠮᠣᠩᠭᠤᠯ ᠤᠨ ᠬᠡᠯᠡ ᠪᠢᠴᠢᠭ ᠤᠨ ᠠᠵᠢᠯ ᠤᠨ ᠺᠣᠮᠢᠰ ᠤᠨ ᠨᠠᠮ ᠤᠨ | ᠳᠤᠭᠤᠶᠢᠯᠠᠩ ᠤᠨ ᠱᠦᠵᠢ᠂ ᠳᠡᠳ᠋ ᠡᠷᠬᠢᠯᠡᠭᠴᠢ᠂ ᠮᠣᠩᠭᠤᠯ ᠬᠡᠯᠡ ᠲᠡᠤᠬᠡ ᠤᠳᠬ᠎ᠠ ᠵᠣᠬᠢᠶᠠᠯ ᠰᠣᠳᠣᠯᠬᠤ | ᠬᠦᠷᠢᠶᠡᠯᠡᠩ ᠤᠨ ᠳᠠᠷᠤᠭ᠎ᠠ᠂ 1957 ᠣᠨ ᠠᠴᠠ ᠥᠪᠦᠷ ᠮᠣᠩᠭᠤᠯ ᠤᠨ ᠶᠡᠭᠡ ᠰᠤᠷᠭᠠᠭᠤᠯᠢ ᠶᠢᠨ ᠨᠡᠶᠢᠭᠡᠮ ᠤᠨ | ᠰᠢᠨᠵᠢᠯᠡᠬᠦ ᠤᠬᠠᠭᠠᠨ ᠤ ᠠᠵᠢᠯ ᠬᠠᠪᠰᠤᠷᠤᠬᠰᠠᠨ ᠫᠷᠤᠹᠧᠰᠰᠣᠷ᠂ 1977 ᠣᠨ ᠠᠴᠠ ᠥᠪᠦᠷ ᠮᠣᠩᠭᠤᠯ ᠤᠨ ᠬᠡᠯᠡ | ᠪᠢᠴᠢᠭ ᠤᠨ ᠠᠵᠢᠯ ᠤᠨ ᠺᠣᠮᠢᠰ ᠤᠨ ᠳᠡᠳ᠋ ᠡᠷᠬᠢᠯᠡᠭᠴᠢ᠂ ᠨᠠᠢᠮᠠᠨ ᠮᠣᠵᠢ ᠣᠷᠣᠨ ᠤ ᠮᠣᠩᠭᠤᠯ ᠬᠡᠯᠡ ᠪᠢᠴᠢᠭ ᠤᠨ | ᠠᠵᠢᠯ ᠤᠨ ᠠᠯᠪᠠᠨ ᠭᠡᠷ ᠤᠨ ᠨᠠᠮ ᠤᠨ ᠳᠤᠭᠤᠶᠢᠯᠠᠩ ᠤᠨ ᠭᠡᠰᠢᠭᠦᠨ᠂ 1979 ᠣᠨ ᠠᠴᠠ ᠪᠥᠬᠦ ᠤᠯᠤᠰ ᠤᠨ | ᠤᠳᠬ᠎ᠠ ᠵᠣᠬᠢᠶᠠᠯ ᠤᠷᠠᠯᠢᠭ ᠰᠣᠳᠣᠯᠬᠤ ᠬᠤᠯᠪᠤᠭᠠᠨ ᠤ ᠭᠡᠰᠢᠭᠦᠨ᠂ ᠳᠤᠮᠳᠠᠳᠦ ᠤᠯᠤᠰ ᠤᠨ ᠠᠷᠠᠳ ᠤᠨ ᠠᠮᠠᠨ | ᠤᠷᠠᠯᠢᠭ ᠰᠣᠳᠣᠯᠬᠤ ᠬᠤᠯᠪᠤᠭᠠᠨ ᠤ ᠳᠡᠳ᠋ ᠲᠡᠷᠢᠭᠦᠯᠡᠭᠴᠢ᠂ ᠥᠪᠦᠷ ᠮᠣᠩᠭᠤᠯ ᠤᠨ ᠠᠷᠠᠳ ᠤᠨ ᠠᠮᠠᠨ ᠤᠷᠠᠯᠢᠭ | ᠰᠣᠳᠣᠯᠬᠤ ᠬᠤᠯᠪᠤᠭᠠᠨ ᠤ ᠲᠡᠷᠢᠭᠦᠯᠡᠭᠴᠢ᠂ ᠳᠤᠮᠳᠠᠳᠦ ᠤᠯᠤᠰ ᠤᠨ ᠮᠣᠩᠭᠤᠯ ᠬᠡᠯᠡ ᠪᠢᠴᠢᠭ ᠤᠨ ᠨᠡᠶᠢᠭᠡᠮᠯᠢᠭ ᠤᠨ | ᠬᠡᠷᠡᠭ ᠡᠷᠬᠢᠯᠡᠭᠴᠢᠳ ᠤᠨ ᠳᠡᠳ᠋ ᠳᠠᠷᠤᠭ᠎ᠠ᠂ 1981 ᠣᠨ ᠠᠴᠠ ᠪᠠᠷᠠᠭᠤᠨ ᠬᠤᠶᠢᠲᠦ ᠶᠢᠨ ᠦᠨᠳᠦᠰᠦᠲᠡᠨ ᠤ | ᠳᠡᠭᠡᠳᠦ ᠰᠤᠷᠭᠠᠭᠤᠯᠢ ᠶᠢᠨ ᠨᠡᠷ᠎ᠡ ᠬᠥᠨᠳᠦᠲᠦ ᠫᠷᠤᠹᠧᠰᠰᠣᠷ ᠵᠡᠷᠭᠡ ᠶᠢᠨ ᠮᠣᠩᠭᠤᠯ ᠬᠡᠯᠡ ᠪᠢᠴᠢᠭ ᠤᠨ ᠬᠤᠯᠪᠤᠬᠳᠠᠯ | ᠪᠥᠬᠦᠢ ᠪᠠᠶᠢᠭᠤᠯᠭ᠎ᠠ ᠨᠢᠭᠡᠴᠢ ᠶᠢᠨ ᠤᠳᠤᠷᠢᠳᠬᠤ ᠠᠵᠢᠯ ᠢ ᠤᠳᠠᠭᠠᠨ ᠵᠢᠯ ᠢᠶᠠᠷ ᠡᠭᠦᠷᠭᠡᠯᠡᠵᠦ ᠶᠠᠪᠤᠵᠠᠢ᠃ ᠲᠡᠭᠡᠬᠦ | ᠳᠡᠭᠡᠨ ᠮᠣᠩᠭᠤᠯ ᠬᠡᠯᠡ ᠪᠢᠴᠢᠭ ᠤᠨ ᠠᠵᠢᠯ ᠤᠨ ᠵᠥᠪ ᠴᠢᠭᠯᠡᠯᠲᠡ ᠪᠣᠳᠣᠯᠭ᠎ᠠ ᠶᠢ ᠬᠡᠷᠡᠭᠵᠢᠭᠦᠯᠵᠦ᠂ ᠮᠣᠩᠭᠤᠯ ᠬᠡᠯᠡ | ᠪᠢᠴᠢᠭ ᠤᠨ ᠠᠵᠢᠯ ᠢ ᠰᠠᠷᠠᠭᠤᠯ ᠳᠠᠷᠳᠠᠩ ᠵᠥᠪ ᠵᠠᠮ ᠢᠶᠠᠷ ᠬᠥᠲᠦᠯᠬᠦ ᠶᠢ ᠢᠮᠠᠬᠲᠠ ᠪᠠᠷᠢᠮᠲᠠᠯᠠᠬᠰᠠᠭᠠᠷ ᠢᠷᠡᠭᠰᠡᠨ | ᠶᠤᠮ᠃ | 20 ᠳ᠋ᠤᠭᠠᠷ ᠵᠠᠭᠤᠨ ᠤ ᠲᠠᠪᠢᠭᠠᠳ ᠣᠨ ᠤ ᠰᠡᠭᠦᠯᠴᠢ ᠦᠶ᠎ᠡ ᠠᠴᠠ ᠮᠣᠩᠭᠤᠯ ᠤᠨ ᠺᠢᠷᠢᠯ | ᠦᠰᠦᠭ ᠢ ᠳᠡᠯᠭᠡᠷᠡᠭᠦᠯᠬᠦ᠂ ᠪᠠᠷᠢᠮᠵᠢᠶ᠎ᠠ ᠠᠪᠢᠶ᠎ᠠ ᠲᠣᠬᠲᠠᠭᠠᠬᠤ᠂ ᠢᠯᠠᠩᠭᠤᠶ᠎ᠠ ᠨᠡᠷ᠎ᠡ ᠲᠣᠮᠢᠶ᠎ᠠ ᠲᠣᠬᠲᠠᠭᠠᠬᠤ ᠵᠡᠷᠭᠡ | ᠠᠰᠠᠭᠤᠳᠠᠯ ᠳᠡᠭᠡᠷ᠎ᠡ ᠵᠥᠷᠢᠴᠡᠯ ᠲᠡᠮᠡᠴᠡᠯ ᠰᠢᠷᠦᠭᠦᠰᠴᠦ᠂ ᠮᠣᠩᠭᠤᠯ ᠬᠡᠯᠡ ᠪᠢᠴᠢᠭ ᠤᠨ ᠬᠢᠨ ᠬᠤᠶᠠᠷ ᠪᠦᠯᠦᠭ | ᠪᠣᠯᠣᠨ ᠲᠡᠮᠡᠴᠡᠯᠳᠦᠵᠦ ᠭᠠᠷᠤᠬᠰᠠᠨ ᠶᠤᠮ᠃ ᠡᠭᠦᠨ ᠳᠤ ᠡᠷᠳᠡᠨᠢᠲᠣᠬᠲᠠᠬᠤ ᠪᠠᠭᠰᠢ ᠲᠦᠷᠦᠭᠦᠦ ᠲᠠᠢ ᠨᠢᠭᠡ ᠪᠥᠯᠦᠭ | ᠡᠷᠳᠡᠮᠲᠡᠳ ᠪᠣᠯ ᠨᠡᠷ᠎ᠡ ᠲᠣᠮᠢᠶ᠎ᠠ ᠶᠢ ᠵᠠᠪᠠᠯ ᠮᠣᠩᠭᠤᠯ ᠢᠶᠠᠷ ᠢᠶᠠᠨ ᠠᠪᠬᠤ ᠬᠡᠷᠡᠭᠲᠡᠢ ᠭᠡᠵᠦ ᠡᠷᠡᠰ ᠪᠠᠷᠢᠮᠲᠠᠯᠠᠵᠦ ᠪᠠᠶᠢᠪᠠ | ᠃ ᠨᠥᠭᠦᠭᠡ ᠪᠥᠯᠦᠭ ᠤᠨ ᠲᠥᠯᠦᠭᠡᠯᠡᠭᠴᠢ ᠬᠥᠮᠦᠨ ᠪᠣᠯ ᠨᠡᠷ᠎ᠡ ᠲᠣᠮᠢᠶ᠎ᠠ ᠶᠢ ᠬᠢᠲᠠᠳ ᠢᠶᠠᠷ ᠠᠪᠤᠨ᠎ᠠ᠂ ᠵᠢᠱᠢᠶᠡᠯᠡᠪᠡᠯ | ᠠᠵᠢᠯᠲᠠᠨ ᠢ ᠭᠠᠮᠪᠦ᠋᠂ ᠠᠷᠠᠳ ᠤᠨ ᠨᠢᠭᠡᠲᠦᠯ ᠢ ᠠᠷᠠᠳ ᠤᠨ ᠭᠦᠩᠱᠧ᠂ ᠳᠤᠮᠳᠠᠳᠦ ᠤᠯᠤᠰ ᠢ ᠵᠦᠩᠭᠦᠸᠧ᠂ ᠡᠪ | ᠬᠠᠮᠲᠦ ᠨᠠᠮ ᠢ ᠭᠦᠩᠴᠠᠨᠳᠠᠩ ᠭᠡᠬᠦ ᠮᠡᠲᠦ ᠪᠠᠷ ᠠᠪᠤᠨ᠎ᠠ ᠭᠡᠵᠦ ᠡᠷᠡᠰ ᠪᠠᠷᠢᠮᠲᠠᠯᠠᠵᠦ ᠪᠠᠶᠢᠪᠠ᠃ ᠳᠤᠮᠳᠠᠳᠦ | ᠤᠯᠤᠰ ᠤᠨ ᠤᠯᠤᠰ ᠲᠥᠷᠦ ᠶᠢᠨ ᠵᠡᠭᠦᠨ ᠤ ᠱᠤᠭᠤᠮ ᠤᠨ ᠤᠯᠠᠮ ᠠᠴᠠ ᠤᠯᠠᠮ ᠳᠣᠬᠰᠢᠷᠠᠬᠤ ᠶᠢᠨ ᠳᠠᠭᠠᠤ ᠳᠤ | ᠵᠢᠷᠠᠭᠠᠳ ᠣᠨ ᠠᠴᠠ ᠡᠨᠡᠬᠦ ᠬᠤᠶᠠᠷ ᠪᠥᠯᠦᠭ ᠤᠨ ᠬᠡᠯᠡ ᠪᠢᠴᠢᠭ ᠤᠨ ᠠᠰᠠᠭᠤᠳᠠᠯ ᠤᠨ ᠮᠠᠷᠭᠤᠭᠠᠨ ᠰᠢᠨᠵᠢ ᠴᠢᠨᠠᠷ ᠢ | ᠪᠥᠷ ᠤᠯᠤᠰ ᠲᠥᠷᠦ ᠶᠢᠨ ᠬᠤᠶᠠᠷ ᠵᠠᠮ ᠱᠤᠭᠤᠮ ᠤᠨ ᠲᠡᠮᠡᠴᠡᠯ ᠤᠨ ᠮᠣᠩᠭᠤᠯ ᠬᠡᠯᠡ ᠪᠢᠴᠢᠭ ᠤᠨ ᠠᠵᠢᠯ ᠤᠨ | ᠹᠷᠤᠨᠲ ᠲᠠᠬᠢ ᠢᠯᠡᠷᠡᠯ ᠮᠥᠨ ᠬᠡᠮᠡᠨ ᠲᠣᠬᠲᠠᠭᠠᠵᠠᠢ᠃ ᠲᠡᠭᠡᠭᠡᠳ ᠰᠣᠶᠣᠯ ᠤᠨ ᠬᠤᠪᠢᠰᠬᠠᠯ ᠤᠨ ᠦᠶ᠎ᠡ ᠶᠢᠨ ᠰᠣᠨᠢᠨ | ᠰᠡᠳᠭᠦᠯ ᠤᠳ ᠲᠤ ᠮᠣᠩᠭᠤᠯ ᠨᠡᠷ᠎ᠡ ᠲᠣᠮᠢᠶ᠎ᠠ ᠶᠢ᠂ ᠢᠯᠠᠩᠭᠤᠶ᠎ᠠ ᠤᠯᠤᠰ ᠲᠥᠷᠦ ᠳᠤ ᠬᠤᠯᠪᠣᠬᠳᠠᠬᠰᠠᠨ ᠨᠡᠷ᠎ᠡ | ᠲᠣᠮᠢᠶ᠎ᠠ ᠶᠢ ᠴᠥᠮ ᠬᠢᠲᠠᠳ ᠢᠶᠠᠷ ᠵᠢᠭᠡᠯᠡᠨ ᠬᠡᠷᠡᠭᠯᠡᠳᠡᠭ ᠪᠣᠯᠵᠦ᠂ ︽ᠵᠥᠩᠭᠦᠸᠧ ᠭᠦᠩᠴᠠᠨᠳᠠᠩ ᠤᠨ ᠲᠥᠩᠯᠢᠶᠣᠣ | ᠰᠢᠶᠠᠨ ᠤ ᠴᠢᠴᠧ ᠭᠦᠩᠱᠧ ᠶᠢᠨ ᠸᠧᠢᠶᠦᠸᠠᠨᠾᠦ᠋ᠢ︾ ᠭᠡᠬᠦ ᠮᠡᠲᠦ ᠶᠢᠨ ᠫᠠᠶᠢᠽᠢ ᠡᠯᠭᠦᠭᠳᠡᠳᠡᠭ ᠪᠣᠯᠪᠠ᠃ | ᠡᠷᠳᠡᠨᠢᠲᠣᠬᠲᠠᠬᠤ ᠪᠠᠭᠰᠢ ᠳᠤ ᠦᠨᠳᠦᠰᠦᠲᠡᠨ ᠤ ᠦᠵᠡᠯ ᠤᠨ ᠮᠠᠯᠠᠭᠠᠢ ᠵᠡᠭᠦᠯᠭᠡᠨ ᠲᠣᠯᠤᠭᠠᠢ ᠥᠨᠳᠡᠶᠢᠯᠭᠡᠬᠦ ᠦᠭᠡᠢ | ᠪᠣᠯᠤᠬᠰᠠᠨ ᠲᠤᠯᠠ ᠰᠠᠨᠠᠭ᠎ᠠ ᠰᠡᠳᠭᠢᠯ ᠤᠨ ᠬᠥᠨᠳᠦ ᠰᠢᠨᠠᠯᠭᠠ ᠳᠤ ᠤᠨᠠᠨ᠂ ᠨᠢᠭᠡᠨ ᠦᠶ᠎ᠡ ᠰᠣᠯᠢᠶᠠᠷᠠᠵᠦ | ᠥᠩᠭᠡᠷᠡᠭᠰᠡᠨ ᠪᠠᠶᠢᠵᠠᠢ᠃ ᠰᠤᠶᠤᠯ ᠤᠨ ᠬᠤᠪᠢᠰᠬᠠᠯ ᠤᠨ ᠳᠤᠮᠳᠠ ᠡᠷᠳᠡᠨᠢᠲᠣᠬᠲᠠᠬᠤ ᠪᠠᠭᠰᠢ ᠳᠤ ︽ | ᠤᠯᠠᠭᠠᠨᠬᠦᠦ ᠶᠢᠨ ᠪᠥᠯᠦᠭᠲᠡᠨ︾᠂ ︽ᠥᠪᠦᠷ ᠮᠣᠩᠭᠤᠯ ᠢ ᠠᠷᠦ ᠮᠣᠩᠭᠤᠯ ᠲᠠᠢ ᠨᠡᠶᠢᠯᠡᠭᠦᠯᠦᠨ᠎ᠡ ᠭᠡᠰᠡᠨ | ᠤᠯᠤᠰ ᠠᠴᠠ ᠤᠷᠪᠠᠭᠴᠢ︾ ᠭᠡᠬᠦ ᠮᠡᠲᠦ ᠶᠢᠨ ᠨᠡᠩ ᠣᠯᠠᠨ ᠶᠠᠯ᠎ᠠ ᠨᠥᠮᠦᠷᠢᠭᠦᠯᠵᠦ᠂ ᠤᠷᠪᠠᠯᠭ᠎ᠠ ᠭᠠᠷᠭᠠᠬᠴᠢᠳ ᠤᠨ | ︽ᠣᠯᠠᠨ ᠲᠦᠮᠡᠨ ᠤ ᠳᠠᠷᠤᠩᠭᠤᠶᠢᠯᠠᠬᠤ ᠺᠣᠮᠢᠰ︾ ᠭᠡᠳᠡᠭ ᠬᠠᠤᠯᠢ ᠪᠣᠰᠣ ᠶᠢᠨ ᠵᠣᠬᠢᠶᠠᠨ ᠪᠠᠶᠢᠭᠤᠯᠤᠯᠲᠠ ᠳᠤ | ᠪᠠᠷᠢᠬᠳᠠᠨ ᠲᠠᠷᠴᠢᠯᠭᠠᠬᠳᠠᠵᠦ᠂ ᠰᠡᠭᠦᠯ ᠳᠤᠨᠢ ᠭᠢᠨᠳᠠᠨ ᠳᠤ ᠬᠦᠷᠲᠡᠯ᠎ᠡ ᠬᠤᠷᠢᠬᠳᠠᠨ ᠤᠳᠠᠭᠠᠨ ᠵᠢᠯ ᠲᠠᠮᠤᠯᠠᠬᠳᠠᠬᠰᠠᠨ | ᠪᠣᠯᠬᠤᠷ ᠪᠡᠶ᠎ᠡ ᠰᠡᠳᠭᠢᠯ ᠨᠢ ᠬᠥᠨᠳᠦ ᠰᠦᠷᠡᠬᠡᠢ ᠬᠤᠣᠷ ᠰᠢᠷᠬᠠᠯᠭ᠎ᠠ ᠠᠮᠰᠠᠨ ᠵᠡᠮᠳᠡᠭ ᠪᠣᠯᠣᠨ ᠬᠤᠴᠤᠷᠴᠠᠢ᠃ | ᠭᠠᠶᠢᠬᠠᠯᠲᠠᠢ ᠪᠥᠭᠡᠳ ᠪᠢᠰᠢᠷᠡᠯᠲᠠᠢ ᠨᠢ ᠭᠡᠪᠡᠯ᠂ ᠥᠪᠦᠷ ᠮᠣᠩᠭᠤᠯ ᠤᠨ ᠰᠤᠷᠭᠠᠨ ᠬᠥᠮᠦᠵᠢᠯ ᠤᠨ ᠬᠡᠪᠯᠡᠯ ᠤᠨ | ᠬᠤᠷᠢᠶᠠᠨ ᠤ ᠳᠠᠷᠤᠭ᠎ᠠ ᠪᠠᠶᠢᠬᠰᠠᠨ ᠷᠠᠰᠢᠳᠣᠩᠷᠤᠪ ᠭᠤᠸᠠᠢ ᠶᠢᠨ ᠬᠡᠯᠡᠭᠰᠡᠨ ᠮᠡᠲᠦ ᠪᠠᠷ᠂ ᠡᠷᠳᠡᠨᠢᠲᠣᠬᠲᠠᠬᠤ ᠪᠠᠭᠰᠢ | ᠲᠡᠭᠡᠵᠦ ᠤᠳᠠᠭᠠᠨ ᠵᠢᠯ ᠲᠠᠮᠤᠯᠠᠬᠳᠠᠬᠰᠠᠨ ᠪᠣᠯᠪᠠᠴᠦ ︽ᠮᠣᠩᠭᠤᠯ ᠬᠡᠯᠡ ᠪᠢᠴᠢᠭ ᠤᠨ ᠲᠠᠯ᠎ᠠ ᠪᠠᠷ ᠭᠤᠣᠯ ᠦᠵᠡᠯᠲᠡ | ᠪᠠᠨ ᠡᠷᠡᠰ ᠪᠠᠷᠢᠮᠲᠠᠯᠠᠭᠠᠳ ᠣᠬᠲᠦ ᠪᠠᠭᠤᠵᠦ ᠥᠭᠭᠦᠭᠰᠡᠨ ᠦᠭᠡᠢ ᠶᠤᠮ︾᠃ | ᠨᠡᠷ᠎ᠡ ᠲᠣᠮᠢᠶᠠᠨ ᠤ ᠲᠠᠯ᠎ᠠ ᠪᠠᠷ ᠣᠯᠠᠩᠬᠢ ᠬᠥᠮᠦᠰ ᠡᠷᠳᠡᠨᠢᠲᠣᠬᠲᠠᠬᠤ ᠪᠠᠭᠰᠢ ᠶᠢᠨ ᠲᠠᠯ᠎ᠠ ᠳᠤ | ᠵᠣᠬᠰᠣᠳᠠᠭ ᠪᠠᠶᠢᠬᠰᠠᠨ ᠪᠣᠯᠬᠤᠷ ︽ᠰᠤᠶᠤᠯ ᠤᠨ ᠶᠡᠭᠡ ᠬᠤᠪᠢᠰᠬᠠᠯ︾ ᠤᠨ ᠬᠠᠷ᠎ᠠ ᠰᠠᠯᠬᠢ ᠠᠷᠠᠢ ᠥᠩᠭᠡᠷᠡᠮᠡᠭᠴᠡ | ᠮᠣᠩᠭᠤᠯ ᠰᠣᠨᠢᠨ ᠬᠡᠪᠯᠡᠯ ᠤᠳ ᠨᠢ ᠰᠠᠮᠠᠭᠤᠨ ᠦᠶ᠎ᠡ ᠳᠤ ᠲᠥᠷ ᠬᠡᠷᠡᠭᠯᠡᠭᠰᠡᠨ ᠲᠡᠳᠡᠭᠡᠷ ᠬᠢᠲᠠᠳ ᠨᠡᠷ᠎ᠡ ᠲᠣᠮᠢᠶ᠎ᠠ | ᠨᠤᠭᠤᠳ ᠢ ᠪᠥᠷ ᠬᠡᠷᠡᠭᠯᠡᠬᠦ ᠪᠠᠨ ᠪᠣᠯᠢᠭᠠᠳ ᠤᠤᠯ ᠤᠨ ᠬᠡᠷᠡᠭᠯᠡᠵᠦ ᠪᠠᠶᠢᠬᠰᠠᠨ ᠮᠣᠩᠭᠤᠯ ᠨᠡᠷ᠎ᠡ ᠲᠣᠮᠢᠶ᠎ᠠ ᠪᠠᠨ | ᠰᠡᠷᠭᠦᠭᠡᠪᠡ᠃ ᠡᠷᠳᠡᠨᠢᠲᠣᠬᠲᠠᠬᠤ ᠪᠠᠭᠰᠢ ᠶᠢᠨ ᠦᠵᠡᠯᠲᠡ ᠵᠣᠷᠢᠯᠲᠠ ᠢᠩᠭᠢᠵᠦ ᠡᠴᠦᠰ ᠲᠡᠭᠡᠨ ᠢᠯᠠᠯᠲᠠ ᠣᠯᠵᠠᠢ᠃ | ︽ᠰᠤᠶᠤᠯ ᠤᠨ ᠶᠡᠭᠡ ᠬᠤᠪᠢᠰᠬᠠᠯ︾ ᠤᠨ ᠳᠠᠷᠠᠭ᠎ᠠ ᠡᠷᠳᠡᠨᠢᠲᠣᠬᠲᠠᠬᠤ ᠪᠠᠭᠰᠢ ᠶᠢᠨ ᠠᠵᠢᠯ ᠢ | ᠰᠡᠷᠭᠦᠭᠡᠵᠦ ᠥᠪᠦᠷ ᠮᠣᠩᠭᠤᠯ ᠤᠨ ᠮᠣᠩᠭᠤᠯ ᠬᠡᠯᠡ ᠪᠢᠴᠢᠭ ᠤᠨ ᠵᠥᠪᠯᠡᠯ ᠤᠨ ᠳᠡᠳ᠋ ᠳᠠᠷᠤᠭ᠎ᠠ ᠶᠢᠨ ᠵᠡᠷᠭᠡ | ᠤᠳᠤᠷᠢᠳᠬᠤ ᠠᠵᠢᠯ ᠤᠨ ᠪᠠᠶᠢᠷᠢ ᠳᠠᠭᠠᠨ ᠳᠠᠬᠢᠨ ᠭᠠᠷᠤᠬᠰᠠᠨ ᠭᠡᠳᠡᠭ ᠪᠣᠯᠪᠠᠴᠦ ᠬᠡᠳᠦᠬᠡᠨ ᠵᠢᠯ ᠪᠣᠯᠤᠭᠠᠳ 1987 | ᠣᠨ ᠳᠤ ᠠᠵᠢᠯ ᠠᠴᠠ ᠪᠠᠭᠤᠵᠠᠢ᠃ ᠡᠷᠳᠡᠨᠢᠲᠣᠬᠲᠠᠬᠤ ᠪᠠᠭᠰᠢ ᠬᠡᠳᠦᠶᠢᠪᠡᠷ ᠪᠡᠶ᠎ᠡ ᠮᠠᠭᠤ᠂ ᠵᠡᠭᠦᠨ ᠭᠠᠷ ᠵᠡᠭᠦᠨ ᠬᠥᠯ | ᠵᠡᠮᠳᠡᠭ ᠪᠣᠯᠣᠬᠰᠠᠨ ᠪᠣᠯᠪᠠᠴᠦ ᠳᠠᠬᠢᠨ ᠠᠵᠢᠯᠯᠠᠬᠰᠠᠨ ᠬᠡᠳᠦᠬᠡᠨ ᠵᠢᠯ ᠤᠨ ᠬᠤᠭᠤᠷᠣᠨᠳᠦ ︽ᠰᠣᠶᠣᠯ ᠤᠨ ᠶᠡᠭᠡ | ᠬᠤᠪᠢᠰᠬᠠᠯ︾ ᠤᠨ ᠤᠷᠰᠢᠭ ᠠᠴᠠ ᠪᠣᠯᠣᠬᠰᠠᠨ ᠮᠣᠩᠭᠤᠯ ᠬᠡᠯᠡ ᠪᠢᠴᠢᠭ ᠤᠨ ᠠᠵᠢᠯ ᠤᠨ ᠳᠤᠮᠳᠠᠬᠢ ᠰᠠᠮᠠᠭᠤᠷᠠᠯ ᠢ | ᠵᠦᠭᠰᠢᠷᠡᠭᠦᠯᠵᠦ ᠵᠥᠪ ᠵᠠᠮ ᠳᠤ ᠬᠥᠲᠦᠯᠦᠨ ᠣᠷᠤᠭᠤᠯᠬᠤ ᠶᠢᠨ ᠲᠥᠯᠦᠭᠡ ᠡᠳᠦᠢ ᠲᠡᠳᠦᠢ ᠠᠷᠪᠢᠨ ᠠᠵᠢᠯ ᠬᠢᠵᠦ | ᠠᠮᠵᠢᠬᠰᠠᠨ ᠪᠠᠶᠢᠯ᠎ᠠ᠃ | ᠡᠶᠢᠮᠦ ᠠᠴᠠ ᠡᠷᠳᠡᠨᠢᠲᠣᠬᠲᠠᠬᠤ ᠪᠠᠭᠰᠢ ᠪᠣᠯ ᠨᠠᠰᠤᠨ ᠲᠤᠷᠰᠢᠳᠠ ᠮᠣᠩᠭᠤᠯ ᠬᠡᠯᠡ | ᠪᠢᠴᠢᠭ ᠢᠶᠠᠨ ᠵᠢᠭᠠᠵᠦ ᠰᠤᠷᠭᠠᠬᠤ᠂ ᠰᠣᠳᠣᠯᠵᠦ ᠰᠢᠨᠵᠢᠯᠡᠬᠦ᠂ ᠡᠷᠭᠦᠨ ᠬᠥᠨᠳᠦᠯᠡᠵᠦ ᠡᠷᠡᠭᠦᠯ ᠰᠠᠷᠠᠭᠤᠯ ᠢᠶᠠᠷ ᠠᠪᠴᠦ | ᠶᠠᠪᠤᠬᠤ ᠶᠢᠨ ᠲᠥᠯᠦᠭᠡ ᠯᠡ ᠠᠮᠢᠳᠤᠷᠠᠵᠦ ᠲᠡᠮᠡᠴᠡᠵᠦ ᠶᠠᠪᠤᠬᠰᠠᠨ ᠶᠡᠭᠡ ᠪᠠᠭᠰᠢ ᠬᠥᠮᠦᠨ ᠪᠠᠶᠢᠬᠰᠠᠨ ᠶᠤᠮ᠃ | | | ᠡᠷᠳᠡᠨᠢᠳᠤᠭᠳᠠᠬᠤ ᠪᠠᠭᠰᠢ ᠶᠢᠨ ᠱᠤᠭᠤᠮᠠᠯ ᠬᠦᠷᠦᠭ ︵ ᠬᠡᠰᠢᠭᠳᠡᠨ ᠬᠤᠰᠢᠭᠤᠨ ᠤ ᠪᠢᠷᠠᠭᠤ | ᠳᠠᠬᠢ | ᠮᠤᠩᠭᠤᠯ ᠦᠨᠳᠤᠰᠤᠳᠠᠨ ᠤ ᠲᠤᠮᠳᠠᠳᠤ ᠰᠤᠷᠭᠠᠭᠤᠯᠢ ᠶᠢᠨ ᠬᠦᠷᠢᠶᠠᠨᠠ ᠱᠤᠭᠤᠨ ᠪᠤᠰᠬᠠᠵᠠᠢ︶ | | |