| | ᠡᠪᠡᠰᠤ ᠮᠤᠳᠤ ᠬᠦᠬᠡᠷᠡᠬᠡᠳ ᠪᠠᠰᠠ ᠰᠢᠷᠠᠯᠠᠨ᠎ᠠ᠂ ᠰᠢᠷᠠᠯᠠᠭᠠᠳ ᠪᠠᠰᠠ ᠬᠦᠬᠡᠷᠡᠨ᠎ᠡ᠃ | ᠦᠬᠡᠯᠦᠨ ᠡᠬᠡ ᠶᠢᠨ ᠦᠨᠦᠴᠢᠨ ᠬᠡᠤᠬᠡᠳ ᠤᠳᠠᠯ ᠦᠭᠡᠢ ᠦᠰᠴᠤ ᠪᠤᠶᠢᠵᠢᠪᠠ᠃ ᠡᠬᠦᠨ ᠳᠤ ᠲᠠᠶᠢᠴᠢᠭᠤᠳ ᠤᠨ | ᠲᠦᠷᠦᠬᠦᠦ ᠲᠠᠷᠭᠤᠳᠠᠢ ᠬᠢᠷᠢᠯᠳᠤᠭ ᠰᠢᠳᠠᠷ ᠨᠦᠬᠦᠳ ᠢᠶᠠᠨ ᠴᠤᠭᠯᠠᠭᠤᠯᠵᠤ᠄ | ︽ᠬᠤᠷᠠᠭᠠᠨ ᠤ ᠦᠰᠤ ᠭᠤᠤᠵᠢᠪᠠ᠂ ᠲᠦᠯᠦᠬᠡᠨ ᠤ ᠪᠡᠶ᠎ᠡ ᠲᠦᠯᠦᠵᠢᠪᠡ᠂ ᠦᠬᠡᠯᠦᠨ ᠤ | ᠬᠡᠤᠬᠡᠳ ᠦᠰᠴᠤ ᠪᠤᠶᠢᠵᠢᠪᠠ᠂ ᠦᠰᠢᠶ᠎ᠡ ᠪᠠᠨ ᠠᠪᠬᠤ ᠴᠠᠭ ᠪᠤᠯᠤᠭᠰᠠᠨ ᠪᠢᠰᠢ ᠤᠤ︖︾ ᠬᠡᠵᠤ ᠲᠡᠮᠦᠵᠢᠨ ᠠᠬ᠎ᠠ | ᠲᠡᠬᠦᠦ ᠨᠠᠷ ᠢ ᠲᠤᠪᠳᠤᠯᠬᠤ ᠪᠠᠷ ᠵᠦᠪᠯᠡᠨ ᠲᠤᠭᠳᠠᠪᠠ᠃ | ᠨᠢᠬᠡᠨ ᠦᠷᠯᠦᠬᠡ᠂ ᠲᠡᠮᠦᠵᠢᠨ ᠠᠬ᠎ᠠ ᠲᠡᠬᠦᠦ ᠨᠠᠷ ᠠᠩ ᠬᠦᠷᠦᠬᠡᠨ ᠳᠤ ᠭᠠᠷᠬᠤ ᠬᠡᠵᠤ | ᠪᠡᠯᠡᠳᠬᠡᠵᠤ ᠪᠠᠶᠢᠳᠠᠯ᠎ᠠ᠂ ᠲᠠᠷᠭᠤᠳᠠᠢ ᠬᠢᠷᠢᠯᠳᠤᠭ ᠠᠶᠢᠮᠠᠭ ᠤᠨ ᠤᠯᠠᠨ ᠢᠶᠠᠨ ᠲᠠᠭᠠᠭᠤᠯᠤᠨ ᠬᠡᠨᠡᠳᠳᠠ ᠲᠤᠪᠳᠤᠯᠵᠤ | ᠢᠷᠡᠪᠡ᠃ ᠲᠡᠳᠡ ᠵᠠᠶᠢᠯᠠᠨ ᠵᠠᠪᠳᠤᠬᠤ ᠦᠭᠡᠢ ᠪᠤᠯᠵᠤ᠂ ᠴᠢᠳᠠᠨ ᠶᠠᠳᠠᠨ ᠡᠰᠡᠷᠬᠦᠴᠡᠪᠡ᠃ ᠪᠡᠯᠬᠦᠳᠠᠢ ᠪᠢᠷ᠎ᠡ ᠶᠡᠬᠡᠳᠠᠢ | ᠪᠤᠯᠬᠤᠷ ᠬᠤᠭᠤᠴᠢᠨ ᠲᠠᠰᠤᠯᠵᠤ ᠰᠢᠪᠡᠭᠡ ᠪᠠᠷᠢᠵᠤ ᠬᠤᠷᠢᠭᠯᠠᠪᠠ᠃ ᠬᠠᠰᠠᠷ ᠮᠡᠷᠬᠡᠨ ᠬᠠᠷᠪᠤᠭᠠᠴᠢ ᠲᠤᠯᠠ ᠨᠢᠬᠡ ᠲᠠᠯ᠎ᠠ | ᠪᠠᠷ ᠬᠠᠷᠪᠤᠨ ᠪᠠᠶᠢᠯᠳᠤᠵᠤ᠂ ᠨᠢᠬᠡ ᠲᠠᠯ᠎ᠠ ᠪᠠᠷ ᠬᠠᠴᠢᠭᠤᠨ ᠲᠠᠮᠦᠬᠡ ᠲᠡᠮᠦᠯᠦᠨ ᠭᠤᠷᠪᠡᠨ ᠲᠡᠬᠦᠦ ᠪᠠᠨ ᠠᠭᠤᠯᠠᠨ ᠤ | ᠵᠠᠪᠠ ᠳᠤ ᠨᠢᠭᠤᠨ ᠲᠠᠯᠳᠠᠯᠠᠪᠠ᠃ ᠲᠠᠶᠢᠴᠢᠭᠤᠳ ᠨᠠᠷ ᠬᠠᠰᠠᠷ ᠤᠨ ᠰᠤᠮᠤᠨ ᠠᠴᠠ ᠲᠠᠶᠢᠵᠢᠨ ᠵᠢᠷᠦᠬᠡᠰᠢᠵᠤ᠄ | ︽ᠲᠠᠮᠦᠵᠢᠨ ᠠᠬ᠎ᠠ ᠪᠠᠨ ᠭᠠᠷᠭᠠᠵᠤ ᠦᠭᠪᠡᠯ ᠪᠤᠰᠤᠳ ᠲᠤ ᠴᠢᠨᠢ ᠬᠡᠮ ᠬᠢᠬᠦ ᠦᠭᠡᠢ᠂ | ᠪᠢᠳᠡᠬᠡᠢ ᠬᠠᠷᠪᠤ︕︾ ᠬᠡᠵᠤ ᠪᠠᠷᠬᠢᠷᠡᠯᠳᠤᠪᠠ᠃ | ᠲᠡᠮᠦᠵᠢᠨ ᠰᠤᠨᠤᠰᠤᠭᠠᠳ ᠰᠠᠨᠳᠤᠷᠤᠨ ᠮᠤᠷᠢᠨ ᠳᠠᠭᠠᠨ ᠮᠤᠷᠳᠠᠵᠤ ᠰᠠᠮ ᠢᠶᠠᠷ ᠲᠡᠷᠢᠬᠦᠨ | ᠦᠨᠳᠤᠷ ᠤᠨ ᠰᠢᠭᠤᠢ ᠳᠤ ᠰᠢᠷᠭᠤᠨ ᠤᠷᠤᠪᠠ᠃ ᠲᠠᠶᠢᠴᠢᠭᠤᠳ ᠨᠠᠷ ᠲᠡᠮᠦᠵᠢᠨ ᠲᠤᠳᠠᠭᠠᠭᠰᠠᠨ ᠢ ᠦᠵᠡᠬᠡᠳ | ᠲᠡᠷᠢᠬᠦᠨ ᠦᠨᠳᠤᠷ ᠵᠦᠭ ᠢᠪᠠᠭᠠᠨᠠᠵᠤ ᠤᠴᠢᠭᠠᠳ᠂ ᠲᠠᠪᠬᠤᠷ ᠲᠠᠪᠬᠤᠷ ᠬᠦᠷᠢᠶᠡᠯᠡᠨ ᠰᠠᠬᠢᠪᠠ᠃ | ᠲᠡᠮᠦᠵᠢᠨ ᠰᠢᠭᠤᠢ ᠶᠢᠨ ᠲᠤᠳᠤᠷ᠎ᠠ ᠭᠤᠷᠪᠠ ᠬᠤᠨᠤᠭᠠᠳ᠂ ︽ᠲᠠᠶᠢᠴᠢᠭᠤᠳ ᠨᠠᠷ ᠪᠤᠴᠠᠭᠰᠠᠨ | ᠪᠠᠶᠢᠬ᠎ᠠ᠂ ᠤᠳᠤ ᠬᠠᠷᠢᠶ᠎ᠠ︾ ᠬᠡᠵᠤ ᠮᠤᠷᠢ ᠪᠠᠨ ᠬᠦᠳᠦᠯᠵᠤ ᠶᠠᠪᠤᠬᠤ ᠳᠤ ᠮᠤᠷᠢᠨ ᠤ ᠡᠮᠡᠬᠡᠯ ᠨᠢ ᠬᠦᠯᠪᠡᠷᠢᠨ ᠤᠨᠠᠪᠠ | ᠃ ᠡᠷᠬᠢᠵᠤ ᠬᠠᠷᠠᠵᠤ ᠦᠵᠡᠪᠡᠯ ᠤᠯᠤᠩ ᠬᠦᠮᠦᠯᠳᠦᠷᠬᠡ ᠨᠢ ᠬᠡᠪ ᠢᠶᠠᠷ ᠪᠠᠶᠢᠯ᠎ᠠ᠃ ᠡᠬᠦᠨ ᠳᠤ ᠲᠡᠷᠡ᠄ | ︽ᠤᠯᠤᠩ ᠬᠦᠮᠦᠯᠳᠦᠷᠬᠡ ᠬᠡᠪ ᠢᠶᠠᠷ ᠪᠠᠶᠢᠳᠠᠯ᠎ᠠ ᠡᠮᠡᠬᠡᠯ ᠶᠠᠭᠠᠬᠢᠨ ᠬᠦᠯᠪᠡᠷᠢᠪᠡ︖ ᠮᠦᠩᠬᠡ | ᠲᠡᠭᠷᠢ ᠢᠳᠬᠠᠵᠤ ᠪᠠᠶᠢᠬᠤ ᠪᠤᠯᠪᠡ ᠤᠤ︾ ᠬᠡᠵᠤ ᠭᠠᠷᠬᠤ ᠶᠢ ᠪᠠᠶᠢᠵᠤ ᠮᠦᠨ ᠠᠭᠤᠯᠠᠨ ᠳᠠᠭᠠᠨ ᠰᠢᠷᠭᠤᠵᠤ ᠰᠠᠭᠤᠪᠠ | ᠃ ᠪᠠᠰᠠ ᠭᠤᠷᠪᠠ ᠬᠤᠨᠤᠭᠠᠳ ᠤᠳᠤ ᠬᠠᠷᠢᠶ᠎ᠠ ᠬᠡᠵᠤ ᠶᠠᠪᠤᠳᠠᠯ᠎ᠠ ᠲᠡᠬᠦᠨ ᠤ ᠭᠠᠷᠬᠤ ᠵᠠᠮ ᠢ ᠬᠡᠷ ᠤᠨ ᠴᠢᠨᠡᠬᠡᠨ | ᠴᠠᠭᠠᠨ ᠴᠢᠯᠠᠭᠤ ᠪᠦᠭᠯᠡᠨ ᠬᠡᠪᠳᠡᠵᠤ ᠪᠠᠶᠢᠪᠠ᠃ ᠲᠡᠮᠦᠵᠢᠨ᠄ ︽ᠮᠦᠨ ᠮᠦᠩᠬᠡ ᠲᠡᠭᠷᠢ ᠢᠳᠬᠠᠵᠤ ᠪᠠᠶᠢᠬᠤ ᠪᠤᠯᠪᠠ | ᠤᠤ︾ ᠬᠡᠵᠤ ᠪᠤᠴᠠᠵᠤ ᠪᠠᠰᠠ ᠭᠤᠷᠪᠠ ᠬᠤᠨᠤᠪᠠ᠃ ᠲᠠᠮᠦᠵᠢᠨ ᠢᠩᠬᠢᠵᠤ ᠶᠢᠰᠤ ᠬᠤᠨᠤᠭ ᠦᠯ ᠬᠤᠭᠤᠯᠠ ᠦᠭᠡᠢ | ᠰᠠᠭᠤᠵᠤ ᠲᠡᠰᠬᠦ ᠦᠭᠡᠢ ᠪᠤᠯᠤᠨ ︽ᠢᠩᠬᠢᠵᠤ ᠨᠠᠷ᠎ᠡ ᠦᠭᠡᠢ ᠦᠬᠦᠬᠦ ᠪᠠᠷ ᠭᠠᠷᠴᠤ ᠦᠵᠡᠯᠴᠡᠵᠤ ᠪᠠᠶᠢᠨ ᠮᠡᠳᠡᠶ᠎ᠡ︕ | ︾ ᠬᠡᠵᠤ ᠮᠤᠷᠢ ᠪᠠᠨ ᠬᠦᠳᠦᠯᠦᠨ ᠬᠡᠷ ᠤᠨ ᠴᠢᠨᠡᠬᠡᠨ ᠴᠠᠭᠠᠨ ᠴᠢᠯᠠᠭᠤ ᠶᠢ ᠲᠤᠭᠤᠷᠢᠨ ᠭᠠᠷᠴᠤ ᠰᠤᠮᠤᠴᠢ ᠬᠢᠳᠤᠭ᠎ᠠ | ᠪᠠᠷ ᠰᠠᠭᠠᠳ ᠪᠤᠯᠬᠤ ᠮᠤᠳᠤ ᠶᠢ ᠤᠭᠳᠤᠯᠤᠨ ᠶᠠᠪᠤᠪᠠ᠃ ᠴᠢᠩᠬᠢᠬᠡᠳ ᠲᠡᠮᠦᠵᠢᠨ ᠲᠦᠩᠬᠡᠵᠢ ᠰᠢᠭᠤᠢ ᠠᠴᠠ | ᠭᠠᠷᠤᠮᠠᠭᠴᠠ᠂ ᠲᠠᠶᠢᠴᠢᠭᠤᠳ ᠨᠠᠷ ᠪᠤᠴᠠᠭ᠎ᠠ ᠦᠭᠡᠢ ᠰᠠᠬᠢᠵᠤ ᠪᠠᠶᠢᠭᠰᠠᠨ ᠲᠤᠯᠠ ᠲᠡᠬᠦᠨ ᠢ ᠪᠠᠷᠢᠵᠤ ᠬᠦᠯᠢᠬᠡᠳ | ᠠᠪᠴᠤ ᠤᠳᠪᠠ᠃ | ᠬᠠᠰᠠᠷ ᠨᠠᠷ ᠬᠦᠮᠦᠨ ᠴᠦᠬᠡᠨ ᠬᠦᠴᠦ ᠨᠢᠮᠬᠡᠨ ᠲᠤᠯᠠ ᠠᠬ᠎ᠠ ᠪᠠᠨ ᠲᠤᠰᠠᠯᠠᠵᠤ ᠴᠢᠳᠠᠯ | ᠦᠭᠡᠢ ᠬᠠᠷᠠᠭᠰᠠᠭᠠᠷ ᠬᠤᠴᠤᠷᠪᠠ᠃ ᠬᠠᠰᠠᠷ ᠬᠡᠳᠦᠢ ᠪᠠᠷ ᠬᠠᠷᠪᠤᠬᠤ ᠬᠡᠰᠡᠨ ᠪᠤᠯᠪᠠᠴᠤ ᠦᠬᠡᠯᠦᠨ ᠡᠬᠡ ᠬᠤᠷᠢᠭᠯᠠᠨ | ᠵᠤᠭᠰᠤᠭᠠᠪᠠ᠃ ᠪᠡᠯᠬᠦᠳᠠᠢ ᠪᠦᠳᠦᠬᠦᠨ ᠴᠢᠯᠠᠭᠤ ᠶᠢ ᠨᠢᠳᠤᠷᠭᠠᠳᠤᠬᠤ ᠠᠴᠠ ᠦᠬᠡᠷ᠎ᠡ ᠠᠷᠭ᠎ᠠ ᠦᠭᠡᠢ᠃ ᠬᠠᠴᠢᠭᠤᠨ᠂ | ᠲᠡᠮᠦᠬᠡ᠂ ᠲᠡᠮᠦᠯᠦᠨ ᠨᠠᠷ ᠨᠠᠰᠤ ᠪᠠᠭ᠎ᠠ ᠪᠤᠯᠬᠤᠷ ᠦᠬᠡ ᠲᠠᠭᠤᠨ ᠦᠭᠡᠢ ᠬᠠᠷᠠᠵᠤ ᠵᠤᠭᠰᠤᠬᠤ ᠠᠴᠠ ᠦᠬᠡᠷ᠎ᠡ ᠴᠢᠳᠠᠯ | ᠦᠭᠡᠢ ᠁ | ᠲᠠᠷᠭᠤᠳᠠᠢ ᠬᠢᠷᠢᠯᠳᠤᠭ ᠲᠡᠮᠦᠵᠢᠨ ᠢ ᠪᠠᠷᠢᠵᠤ ᠠᠪᠤᠭᠠᠳ ᠶᠡᠬᠡᠳᠠ ᠪᠠᠶᠠᠷᠯᠡᠵᠤ᠂ ᠠᠶᠢᠮᠠᠭ | ᠲᠠᠭᠠᠨ ᠠᠪᠠᠴᠢᠵᠤ ᠠᠶᠢᠯ ᠪᠦᠷᠢ ᠳᠤ ᠨᠢᠵᠢᠬᠡᠳ ᠬᠤᠨᠤᠭᠤᠯᠤᠨ ᠬᠡᠰᠦᠬᠦᠯᠦᠨ ᠵᠠᠰᠠᠭᠯᠠᠵᠤ ① ᠰᠢᠳᠬᠡᠪᠡ᠃ | ᠬᠡᠳᠤ ᠬᠤᠨᠤᠯ ᠦᠭᠡᠢ ᠶᠠᠭ ᠰᠠᠶᠢᠬᠠᠨ ᠵᠤᠨ ᠤ ᠲᠡᠷᠢᠬᠦᠨ ᠰᠠᠷ᠎ᠠ ᠶᠢᠨ ᠠᠷᠪᠠᠨ ᠵᠢᠷᠭᠤᠭᠠᠨ ᠤ | ᠲᠡᠷᠬᠡᠯ ᠡᠳᠤᠷ ᠪᠤᠯᠤᠭᠰᠠᠨ ᠲᠤᠯᠠ ᠲᠠᠶᠢᠴᠢᠭᠤᠳ ᠨᠠᠷ ᠤᠨᠤᠨ ᠮᠦᠷᠡᠨ ᠤ ᠡᠷᠬᠢ ᠲᠡᠭᠡᠷ᠎ᠡ ᠦᠪᠡᠳᠡᠭᠰᠢ ᠶᠡᠭᠡ ᠬᠤᠷᠢᠮ | ᠬᠢᠵᠤ ᠨᠢᠬᠡᠨ ᠡᠳᠤᠷ ᠴᠡᠩᠬᠡᠯᠳᠤᠪᠡ᠃ ᠲᠠᠷᠭᠤᠳᠠᠢ ᠬᠢᠷᠢᠯᠳᠤᠭ᠄ | ︽ᠲᠠ ᠨᠠᠷ ᠲᠡᠮᠦᠵᠢᠨ ᠢ ᠢᠳᠡ ᠬᠦᠴᠦ ᠡᠷᠳᠡᠮ ᠴᠢᠳᠠᠯ ᠲᠠᠢ ᠬᠡᠳᠡᠭ ᠪᠢᠰᠢ ᠤᠤ︖ ᠤᠳᠤ | ᠲᠡᠷᠡ ᠮᠢᠨᠤ ᠭᠠᠷ ᠲᠤ ᠤᠷᠤᠵᠤ ᠦᠬᠦᠬᠦ ᠴᠠᠭ ᠢᠶᠠᠨ ᠬᠦᠯᠢᠶᠡᠬᠦ ᠪᠤᠯᠪᠠ᠃ ᠠᠶᠢᠯ ᠬᠡᠰᠦᠬᠦᠯᠵᠤ ᠪᠠᠷᠠᠭᠰᠠᠨ ᠤ | ᠲᠠᠷᠠᠭ᠎ᠠ ᠲᠡᠬᠦᠨ ᠢ ᠠᠯᠠᠵᠤ ᠦᠰᠢᠶ᠎ᠡ ᠪᠠᠨ ᠠᠪᠤᠨ᠎ᠠ︕ ᠪᠢᠳᠡᠬᠡᠢ ᠠᠯᠳᠠᠵᠤ ᠶᠠᠪᠤᠭᠤᠯ᠂ ᠴᠢᠩᠭ᠎ᠠ ᠰᠠᠬᠢᠭᠳᠤᠨ︕︾ | ᠬᠡᠵᠤ ᠲᠤᠰᠢᠶᠠᠭᠠᠳ ᠬᠤᠷᠢᠮ ᠲᠠᠷᠬᠠᠪᠠ᠃ | ᠲᠡᠷᠡ ᠡᠳᠤᠷ ᠲᠡᠮᠦᠵᠢᠨ ᠢ ᠨᠢᠭᠡ ᠬᠦᠴᠦ ᠲᠤᠷᠪᠢ ᠮᠠᠭᠤᠳᠠᠢ ᠬᠦᠦ ᠰᠠᠬᠢᠵᠤ ᠪᠠᠶᠢᠭᠰᠠᠨ ᠠᠵᠢ | ᠃ ᠬᠤᠷᠢᠮ ᠤᠨ ᠠᠷᠠᠳ ᠪᠦᠵᠢᠭ ᠲᠡᠪᠰᠡᠨ ᠶᠠᠳᠠᠷᠠᠵᠤ᠂ ᠰᠠᠷᠬᠤᠳ ᠤᠤᠭᠤᠨ ᠰᠤᠭᠳᠤᠨ ᠲᠠᠷᠬᠠᠭᠰᠠᠨ ᠢ | ᠲᠠᠯᠢᠮᠳᠠᠭᠤᠯᠤᠨ᠂ ᠲᠡᠮᠦᠵᠢᠨ ᠰᠠᠬᠢᠵᠤ ᠪᠠᠶᠢᠭᠰᠠᠨ ᠬᠦᠦ ᠶᠢᠨ ᠲᠤᠯᠤᠭᠠᠢ ᠶᠢ ᠪᠠᠭᠤ ② ᠪᠠᠷ ᠲᠡᠯᠡᠳᠦᠨ | ᠮᠠᠨᠠᠷᠠᠭᠤᠯᠤᠭᠠᠳ ᠤᠨᠤᠨ ᠤ ᠡᠷᠬᠢ ᠳᠠᠬᠢ ᠰᠢᠭᠤᠢ ᠳᠤ ᠲᠤᠳᠠᠭᠠᠵᠤ ᠤᠯᠪᠠ᠃ ᠲᠡᠷᠡ ᠬᠦᠯᠢᠶᠡᠰᠤ ᠲᠦᠩᠬᠡ ᠲᠠᠢ | ᠪᠤᠯᠬᠤᠷ ᠬᠤᠯᠠ ᠶᠠᠪᠤᠵᠤ ᠲᠡᠶᠢᠯᠬᠦ ᠦᠭᠡᠢ᠂ ᠤᠰᠤᠨ ᠤ ᠬᠠᠷᠬᠢ ③ ᠳᠤ ᠤᠷᠤᠵᠤ ᠨᠢᠭᠤᠷ ᠢᠶᠠᠨ ᠢᠯᠡ ᠭᠠᠷᠭᠠᠵᠤ | ᠬᠡᠪᠳᠡᠪᠡ᠃ | ᠲᠡᠮᠦᠵᠢᠨ ᠢ ᠰᠠᠬᠢᠵᠤ ᠪᠠᠶᠢᠭᠰᠠᠨ ᠬᠦᠦ ᠠᠭᠠᠵᠢᠮ ᠢᠶᠠᠷ ᠰᠡᠷᠬᠦᠵᠤ᠄ | ︽ᠪᠠᠷᠢᠭᠳᠠᠭᠰᠠᠨ ᠬᠦᠮᠦᠨ ᠲᠤᠳᠠᠭᠠᠪᠠ︕︾ ᠬᠡᠵᠤ ᠶᠡᠭᠡ ᠲᠠᠭᠤᠨ ᠢᠶᠠᠷ ᠬᠠᠰᠬᠢᠷᠪᠠ᠃ | ᠲᠠᠷᠭᠤᠳᠠᠢ ᠬᠢᠷᠢᠯᠳᠤᠭ ᠲᠡᠷᠡ ᠲᠠᠷᠤᠢ ᠳᠤ ᠲᠠᠷᠬᠠᠭᠰᠠᠨ ᠬᠦᠮᠦᠰ ᠢᠶᠠᠨ ᠴᠤᠭᠯᠠᠭᠤᠯᠵᠤ᠂ ᠤᠨᠤᠨ ᠤ ᠤᠶᠢᠷ᠎ᠠ ᠬᠠᠪᠢ | ᠶᠢ ᠨᠡᠩᠵᠢᠪᠡ᠃ | ᠲᠠᠶᠢᠴᠢᠭᠤᠳ ᠠᠶᠢᠮᠠᠭ ᠲᠤ ᠪᠠᠭᠳᠠᠯᠴᠠᠨ ᠪᠦᠬᠦᠢ ᠨᠢᠬᠡᠨ ᠬᠡᠰᠡᠭ ᠬᠦᠮᠦᠰ ᠲᠠᠷᠭᠤᠳᠠᠢ | ᠬᠢᠷᠢᠯᠳᠤᠭ ᠤᠨ ᠬᠡᠷᠴᠡᠬᠡᠶᠢᠯᠡᠯ ᠳᠤ ᠲᠤᠩ ᠲᠤᠷ᠎ᠠ ᠦᠬᠡᠶᠢᠴᠡᠵᠤ ᠪᠠᠶᠢᠳᠠᠭ ᠪᠢᠯᠡ᠃ ᠲᠡᠳᠡ ᠲᠡᠮᠦᠵᠢᠨ ᠢ ᠠᠶᠢᠯ | ᠬᠡᠰᠦᠬᠦᠯᠦᠨ ᠵᠠᠰᠠᠭᠯᠠᠬᠤ ᠶᠢ ᠲᠡᠮᠡᠢ ᠯᠡ ᠲᠠᠭᠠᠯᠠᠬᠤ ᠦᠭᠡᠢ ᠪᠠᠶᠢᠪᠠ᠃ ᠰᠦᠯᠳᠡᠰᠤᠨ ᠤ ᠰᠤᠷᠬᠠᠨ ᠰᠢᠷ᠎ᠠ ᠬᠡᠳᠡᠭ | ᠡᠪᠤᠬᠡᠨ ᠴᠦ ᠬᠡᠳᠦᠶᠢᠨ ᠢᠩᠬᠢᠵᠤ ᠲᠠᠭᠠᠯᠬᠤ ᠦᠭᠡᠢ ᠪᠠᠶᠢᠭᠰᠠᠨ ᠲᠤᠯᠠ ᠤᠳᠤ ᠠᠶ᠎ᠠ ᠶᠢ ᠲᠠᠭᠠᠵᠤ ᠠᠶᠠᠰ | ᠨᠡᠶᠢᠯᠡᠬᠦᠯᠦᠨ ᠲᠡᠮᠦᠵᠢᠨ ᠢ ᠨᠡᠩᠵᠢᠵᠤ ᠶᠠᠪᠤᠭᠰᠠᠭᠠᠷ ᠤᠰᠤᠨ ᠤ ᠬᠠᠷᠬᠢ ᠳᠤ ᠨᠢᠭᠤᠷ ᠢᠶᠠᠨ ᠢᠯᠡ ᠭᠠᠷᠭᠠᠭᠠᠳ | ᠬᠡᠪᠳᠡᠵᠤ ᠪᠠᠶᠢᠭᠰᠠᠨ ᠲᠡᠮᠦᠵᠢᠨ ᠲᠠᠢ ᠠᠰ ᠲᠤᠬᠢᠶᠠᠯᠳᠤᠨ ᠤᠴᠠᠷᠠᠪᠠ᠃ ᠲᠡᠮᠦᠵᠢᠨ ᠠᠷᠭ᠎ᠠ ᠦᠭᠡᠢ ᠪᠠᠷᠢᠭᠳᠠᠬᠤ ᠪᠠᠨ | ᠬᠦᠯᠢᠶᠡᠵᠤ ᠬᠡᠪᠳᠡᠳᠡᠯᠡ᠂ ᠰᠤᠷᠬᠠᠨ ᠰᠢᠷ᠎ᠠ ᠲᠠᠶᠢᠴᠢᠭᠤᠳ ᠨᠠᠷ ᠢ ᠬᠤᠯᠠ ᠶᠠᠪᠤᠭᠰᠠᠨ ᠬᠤᠶᠢᠨ᠎ᠠ᠂ ᠬᠠᠷᠬᠢ ᠳᠤ | ᠤᠶᠢᠷᠠᠳᠤᠨ ᠤᠴᠢᠵᠤ᠄ | ︽ᠶᠢᠰᠦᠬᠡᠢ ᠪᠠᠭᠠᠳᠤᠷ ᠤᠨ ᠤᠤᠭᠠᠨ ᠬᠦᠦ ᠲᠠᠮᠦᠵᠢᠨ ᠬᠡᠭᠴᠢ ᠨᠢᠳᠤᠨ ᠳᠡᠭᠡᠨ ᠭᠠᠯ ᠲᠠᠢ᠂ | ᠨᠢᠭᠤᠷ ᠲᠠᠭᠠᠨ ᠬᠡᠷᠡᠯ ᠲᠠᠢ ᠪᠦᠬᠡᠳ ᠡᠶᠢᠮᠤ ᠠᠷᠭ᠎ᠠ ᠲᠠᠢ ᠬᠦᠮᠦᠨ ᠲᠤᠯᠠ ᠲᠠᠶᠢᠴᠢᠭᠤᠳ ᠠᠬ᠎ᠠ ᠲᠡᠬᠦᠦ ᠨᠠᠷ | ᠠᠳᠠᠭᠠᠷᠬᠠᠵᠤ ᠪᠤᠢ ᠠᠵᠢ᠃ ᠤᠰᠤᠨ ᠳᠤ ᠤᠷᠤᠮ ᠦᠭᠡᠢ ᠤᠭᠳᠠᠷᠭᠤᠢ ᠳᠤ ᠮᠦᠷ ᠦᠭᠡᠢ ᠲᠤᠯᠠ ᠴᠢᠨᠤ ᠢᠩᠬᠢᠵᠤ | ᠬᠡᠪᠳᠡᠬᠦ ᠵᠦᠪ᠂ ᠪᠢ ᠴᠢᠮᠠᠢᠢ ᠵᠢᠭᠠᠵᠤ ᠦᠭᠬᠦ ᠦᠭᠡᠢ᠂ ᠰᠡᠳᠬᠢᠯ ᠢᠶᠠᠨ ᠠᠮᠤᠷ ᠪᠠᠢ︾ ᠬᠡᠳ ᠦᠩᠬᠡᠷᠡᠨ ᠭᠠᠷᠪᠠ᠃ | ᠲᠡᠮᠦᠵᠢᠨ ᠡᠨᠡ ᠰᠤᠷᠬᠠᠨ ᠰᠢᠷ᠎ᠠ ᠢ ᠲᠠᠨᠢᠳᠠᠭ ᠤᠴᠢᠷ ᠨᠢ᠂ ᠲᠦᠷᠦᠬᠦᠦ ᠬᠡᠳᠤᠨ ᠡᠳᠤᠷ ᠲᠠᠷᠭᠤᠳᠠᠢ ᠬᠢᠷᠢᠯᠳᠤᠭ | ᠲᠡᠮᠦᠵᠢᠨ ᠢ ᠠᠶᠢᠯ ᠬᠡᠰᠦᠬᠦᠯᠦᠨ ᠬᠤᠨᠤᠭᠤᠯᠵᠤ ᠵᠠᠰᠠᠭᠯᠠᠨ ᠰᠢᠢᠳᠬᠡᠵᠤ ᠪᠠᠶᠢᠬᠤ ᠳᠤ᠂ ᠰᠤᠷᠬᠠᠨ ᠰᠢᠷ᠎ᠠ ᠡᠪᠤᠬᠡᠨ ᠤ | ᠳᠤ ᠬᠤᠨᠤᠵᠤ ᠦᠩᠬᠡᠷᠡᠭᠰᠡᠨ ᠪᠢᠯᠡ᠃ ᠲᠡᠷᠡ ᠰᠦᠨᠢ ᠲᠡᠬᠦᠨ ᠤ ᠴᠢᠮᠪᠠᠢ᠂ ᠴᠢᠯᠠᠭᠤᠨ ᠬᠡᠬᠦ ᠬᠤᠶᠠᠷ ᠬᠦᠦ ᠲᠡᠮᠦᠵᠢᠨ | ᠤ ᠬᠢᠨᠵᠢ ᠲᠦᠩᠬᠡ ᠶᠢ ᠰᠤᠯᠠᠯᠠᠨ ᠬᠤᠨᠤᠭᠤᠯᠤᠭᠰᠠᠨ ᠪᠠ ᠪᠠᠰᠠ ᠮᠢᠬ᠎ᠠ ᠲᠠᠢ ᠱᠦᠯᠤ ᠤᠤᠭᠤᠯᠭᠠᠭᠰᠠᠨ ᠪᠠᠶᠢᠵᠠᠢ᠃ | ᠲᠡᠭᠡᠭᠡᠳ ᠰᠤᠷᠬᠠᠨ ᠰᠢᠷ᠎ᠠ ᠶᠢᠨ ᠦᠨᠡᠨ ᠭᠤᠤᠯ ᠠᠴᠠ ᠬᠡᠯᠡᠵᠤ ᠪᠠᠶᠢᠭ᠎ᠠ ᠶᠢ ᠢᠳᠡᠬᠡᠵᠤ᠂ ᠲᠤᠳᠤᠷ᠎ᠠ ᠨᠢ ᠪᠠᠭ᠋ᠠᠨ | ᠠᠭᠤᠵᠢᠭᠤ ᠪᠤᠯᠵᠤ ᠤᠭ ᠤᠷᠤᠨ ᠳᠠᠭᠠᠨ ᠬᠦᠳᠡᠯᠦᠯ ᠦᠭᠡᠢ ᠬᠡᠪᠳᠡᠪᠡ᠃ ᠤᠳᠠᠯ ᠦᠭᠡᠢ ᠰᠤᠷᠬᠠᠨ ᠰᠢᠷ᠎ᠠ ᠶᠢᠨ | ᠤᠳᠤᠭᠰᠠᠨ ᠵᠦᠭ ᠠᠴᠠ ᠬᠠᠷᠬᠢ ᠶᠢ ᠴᠢᠭᠯᠡᠬᠡᠳ ᠪᠠᠰᠠ ᠨᠢᠬᠡ ᠬᠦᠮᠦᠨ ᠢᠷᠡᠯ᠎ᠡ᠃ ᠲᠡᠮᠦᠵᠢᠨ᠂ ᠡᠨᠡ ᠤᠳᠠᠭ᠎ᠠ ᠯᠠᠪ | ᠪᠠᠷᠢᠭᠳᠠᠯ᠎ᠠ ᠬᠡᠵᠤ ᠰᠠᠨᠳᠤᠷᠴᠤ ᠪᠠᠶᠢᠳᠠᠯ᠎ᠠ᠂ ᠤᠶᠢᠷᠠᠳᠤᠨ ᠢᠷᠡᠬᠦ ᠳᠤ ᠮᠦᠨ ᠰᠤᠷᠬᠠᠨ ᠰᠢᠷ᠎ᠠ ᠡᠪᠤᠬᠡᠨ ᠪᠠᠶᠢᠯ᠎ᠠ᠃ | ᠲᠡᠷᠡ ᠡᠪᠦᠬᠡᠨ᠄ | ︽ᠲᠠᠶᠢᠴᠢᠭᠤᠳ ᠠᠬ᠎ᠠ ᠲᠡᠬᠦᠦ ᠨᠠᠷ ᠠᠷᠠᠭ᠎ᠠ ᠰᠢᠳᠤ ᠪᠠᠨ ᠪᠢᠯᠡᠬᠦᠳᠡᠵᠤ ᠶᠠᠪᠤᠨ᠎ᠠ᠃ ᠴᠢ | ᠬᠠᠳᠠᠭᠤᠵᠢᠨ ᠬᠡᠪᠳᠡᠵᠤ ᠪᠠᠢ᠂ ᠪᠢᠳᠠ ᠶᠠᠪᠤᠭᠰᠠᠨ ᠮᠦᠷ ᠢᠶᠠᠷ ᠢᠶᠠᠨ ᠬᠡᠳᠡᠷᠬᠦ ᠶᠠᠪᠤᠵᠤ ᠤᠷᠴᠢᠮ ᠤᠨ ᠭᠠᠵᠠᠷ ᠢ | ᠲᠠᠬᠢᠨ ᠨᠡᠩᠵᠢᠵᠤ ᠪᠠᠶᠢᠨ᠎ᠠ︾ ᠬᠡᠳ ᠪᠠᠰᠠ ᠦᠩᠬᠡᠷᠡᠨ ᠤᠳᠪᠠ᠃ | ᠲᠡᠮᠦᠵᠢᠨ ᠲᠤᠳᠤᠷ᠎ᠠ ᠪᠠᠨ᠂ ᠤᠳᠤ ᠠᠮᠢ ᠭᠠᠷᠬᠤ ᠪᠤᠯᠪᠠ ᠤᠤ︖ ᠬᠡᠵᠤ ᠴᠢᠬᠢ ᠲᠠᠯᠪᠢᠨ | ᠴᠢᠩᠨᠠᠨ ᠬᠡᠪᠳᠡᠪᠡ᠃ ᠬᠡᠳᠡᠯ᠎ᠡ ᠲᠠᠮᠠᠢ ᠬᠤᠯᠠ ᠦᠭᠡᠢ ᠭᠠᠵᠠᠷ ᠠᠴᠠ ᠲᠠᠶᠢᠴᠢᠭᠤᠳ ᠤᠨ ᠲᠦᠷᠦᠬᠦᠦ ᠲᠠᠷᠭᠤᠳᠠᠢ | ᠬᠢᠷᠢᠯᠳᠤᠭ ᠤᠨ ᠬᠠᠷᠢᠶᠠᠵᠤ ᠵᠠᠩᠨᠠᠬᠤ ᠲᠠᠭᠤᠨ ᠰᠤᠨᠤᠰᠳᠠᠪᠠ᠃ ᠤᠳᠤ ᠶᠠᠭᠠᠬᠢᠬᠤ ᠪᠢᠯᠡ︖ ᠡᠨᠡ ᠬᠠᠷᠬᠢ ᠳᠤ | ᠬᠡᠪᠳᠡᠵᠤ ᠪᠠᠶᠢᠭᠠᠳ ᠪᠠᠷᠢᠭᠳᠠᠬᠤ ᠶᠤᠮ ᠤᠤ᠂ ᠡᠰᠡᠬᠦᠯ᠎ᠡ ᠭᠠᠷᠴᠤ ᠲᠤᠳᠠᠭᠠᠬᠤ ᠶᠤᠮ ᠤᠤ︖ ᠬᠡᠳᠡᠯ᠎ᠡ ᠡᠨᠡ | ᠰᠠᠷᠠᠭᠤᠯ ᠰᠦᠨᠢ ᠬᠠᠮᠢᠭᠠᠰᠢ ᠲᠤᠳᠠᠭᠠᠬᠤ ᠪᠢᠯᠡ︖ ᠬᠡᠵᠤ ᠪᠠᠶᠢᠳᠠᠯ᠎ᠠ᠂ ᠰᠤᠷᠬᠠᠨ ᠰᠢᠷ᠎ᠠ ᠶᠢᠨ ᠲᠠᠭᠤᠨ | ᠰᠤᠨᠤᠰᠳᠠᠪᠠ᠄ | ︽ᠲᠠᠶᠢᠴᠢᠭᠤᠳ ᠤᠨ ᠲᠦᠷᠦᠬᠦᠦ ᠲᠠᠷᠭᠤᠳᠠᠢ ᠬᠢᠷᠢᠯᠳᠤᠭ ᠮᠢᠨᠢ᠂ ᠪᠢᠳᠠ ᠬᠡᠬᠡᠨ ᠴᠠᠭᠠᠨ | ᠡᠳᠤᠷ ᠠᠮᠢᠳᠤ ᠬᠦᠮᠦᠨ ᠢ ᠠᠯᠳᠠᠭᠠᠳ ᠤᠳᠤ ᠰᠦᠨᠢ ᠤᠷᠤᠢ ᠶᠠᠭᠠᠬᠢᠨ ᠡᠷᠢᠵᠤ ᠤᠯᠬᠤ ᠪᠢᠯᠡ︖ ᠬᠦᠮᠦᠨ ᠪᠦᠷᠢ | ᠶᠠᠪᠤᠭᠰᠠᠨ ᠮᠦᠷ ᠢᠶᠠᠷ ᠢᠶᠠᠨ ᠲᠠᠬᠢᠨ ᠨᠢᠬᠡ ᠤᠳᠠᠭ᠎ᠠ ᠨᠠᠷᠢᠨ ᠪᠠᠳᠠᠷᠢᠶᠠ ④᠂ ᠬᠡᠷᠪᠡ ᠤᠯᠬᠤ ᠦᠭᠡᠢ ᠪᠤᠯ ᠡᠨᠡ | ᠰᠦᠨᠢ ᠲᠠᠷᠬᠠᠭᠠᠳ ᠮᠠᠷᠭᠠᠰᠢ ᠡᠷᠢᠶ᠎ᠡ᠂ ᠲᠦᠩᠬᠡᠳᠤ ᠬᠦᠮᠦᠨ ᠬᠠᠮᠢᠭᠠᠰᠢ ᠶᠠᠪᠤᠬᠤ ᠪᠤᠢ︖︾ ᠬᠡᠰᠡᠨ ᠳᠤ | ᠪᠦᠬᠦᠳᠡᠬᠡᠷ ︽ᠵᠠ︾ ᠬᠡᠵᠤ ᠪᠤᠴᠠᠵᠤ ᠢᠷᠡᠬᠦ ᠴᠢᠮᠡᠭᠡ ᠭᠠᠷᠤᠯ᠎ᠠ᠃ | ᠲᠡᠮᠦᠵᠢᠨ ᠮᠦᠨ ᠰᠤᠷᠬᠠᠨ ᠰᠢᠷ᠎ᠠ ᠲᠠᠭᠠᠷᠢᠯᠳᠤᠬᠤ ᠪᠤᠯᠤᠭᠠᠰᠠᠢ ᠬᠡᠵᠤ ᠰᠡᠮᠡᠬᠡᠷ ᠬᠡᠪᠳᠡᠵᠤ | ᠪᠠᠶᠢᠳᠠᠯ᠎ᠡ᠂ ᠦᠨᠡᠬᠡᠷ ᠰᠤᠷᠬᠠᠨ ᠰᠢᠷ᠎ᠠ ᠲᠡᠬᠦᠨ ᠳᠤ ᠤᠶᠢᠷᠠᠳᠤᠵᠤ ᠢᠷᠡᠬᠡᠳ᠄ | ︽ᠲᠠᠶᠢᠴᠢᠭᠤᠳ ᠠᠬ᠎ᠠ ᠲᠡᠬᠦᠦ ᠨᠠᠷ ᠤᠳᠤ ᠨᠢᠬᠡ ᠤᠳᠠᠭ᠎ᠠ ᠡᠷᠢᠵᠤ ᠲᠠᠷᠬᠠᠭᠠᠳ ᠮᠠᠷᠭᠠᠰᠢ | ᠡᠷᠢᠬᠦ ᠪᠠᠷ ᠪᠤᠯᠪᠠ᠃ ᠪᠢᠳᠠᠨ ᠢ ᠲᠠᠷᠬᠠᠮᠠᠭᠴᠠ ᠴᠢ ᠲᠦᠷᠬᠡᠨ ᠡᠬᠡ ᠪᠠ ᠲᠡᠬᠦᠦ ᠨᠠᠷ ᠤᠨ ᠢᠶᠠᠨ ᠵᠦᠭ ᠶᠠᠪᠤ᠂ ᠬᠡᠷᠪᠡ | ᠬᠦᠮᠦᠨ ᠲᠤᠬᠢᠶᠠᠯᠳᠤᠪᠠᠯ ᠨᠠᠳᠠ ᠲᠠᠢ ᠤᠴᠠᠷᠠᠯ᠎ᠠ ᠬᠡᠵᠤ ᠪᠤᠤ ᠬᠡᠯᠡ︾ ᠬᠡᠳ ᠶᠠᠪᠤᠪᠠ᠃ | ᠲᠠᠶᠢᠴᠢᠭᠤᠳ ᠨᠠᠷ ᠤᠷᠮ᠎ᠠ ᠠᠯᠳᠠᠷᠠᠨ ᠬᠡᠷ ᠬᠡᠷ ᠲᠡᠭᠡᠨ ᠪᠤᠴᠠᠭᠰᠠᠨ ᠬᠤᠶᠢᠨ᠎ᠠ᠂ ᠲᠡᠮᠦᠵᠢᠨ | ᠬᠠᠷᠬᠢ ᠶᠢᠨ ᠲᠤᠳᠤᠷ᠎ᠠ ᠠᠴᠠ ᠭᠠᠷᠴᠤ ᠢᠷᠡᠬᠡᠳ᠂ ᠤᠳᠤ ᠶᠠᠭᠠᠬᠢᠳᠠᠭ ᠪᠢᠯᠡ︖ ᠪᠠᠭᠤ ᠲᠦᠩᠬᠡᠳᠠᠢ ᠪᠢ ᠮᠤᠷᠢ | ᠤᠨᠤᠭ᠎ᠠ ᠦᠭᠡᠢ ᠪᠠᠷ ᠲᠠᠶᠢᠴᠢᠭᠤᠳ ᠨᠠᠷ ᠤᠨ ᠭᠠᠷ ᠠᠴᠠ ᠶᠠᠭᠠᠬᠢᠨ ᠮᠤᠯᠳᠤᠷᠠᠨ ᠭᠠᠷᠬᠤ ᠪᠢᠯᠡ︖ ᠬᠡᠵᠤ ᠪᠠᠭ᠋ᠠᠨ | ᠪᠤᠳᠤᠰᠬᠢᠭᠰᠠᠨ ᠢᠶᠠᠨ᠄ ︽ᠲᠦᠷᠦᠬᠦᠦ ᠬᠡᠳᠦᠨ ᠡᠳᠤᠷ ᠨᠠᠮᠠᠢᠢ ᠠᠶᠢᠯ ᠬᠡᠰᠦᠬᠦᠯᠦᠨ ᠵᠠᠰᠠᠭᠯᠠᠬᠤ ᠳᠤ᠃ ᠰᠤᠷᠬᠠᠨ | ᠰᠢᠷ᠎ᠠ ᠶᠢᠨ ᠬᠡᠷ ᠲᠤ ᠬᠤᠨᠤᠭᠰᠠᠨ ᠳᠤ ᠲᠡᠬᠦᠨ ᠤ ᠬᠦᠦ ᠴᠢᠮᠪᠠᠢ᠂ ᠴᠢᠯᠠᠭᠤᠨ ᠬᠤᠶᠠᠷ ᠨᠠᠮᠠᠢᠢ ᠦᠷᠦ ᠡᠪᠡᠳᠤᠨ | ᠰᠦᠨᠢ ᠬᠢᠨᠵᠢ ᠲᠦᠩᠬᠡ ᠶᠢ ᠮᠢᠨᠢ ᠰᠤᠯᠠᠯᠠᠨ ᠬᠤᠨᠤᠭᠤᠯᠪᠠ᠃ ᠤᠳᠤ ᠪᠠᠰᠠ ᠰᠤᠷᠬᠠᠨ ᠰᠢᠷ᠎ᠠ ᠡᠪᠤᠬᠡᠨ ᠨᠠᠮᠠᠢᠢ | ᠲᠠᠶᠢᠴᠢᠭᠤᠳ ᠨᠠᠷ ᠲᠤ ᠵᠢᠭᠠᠵᠤ ᠦᠭᠬᠦᠭᠰᠡᠨ ᠦᠭᠡᠢ ᠦᠩᠬᠡᠷᠡᠬᠦᠯᠪᠡ᠃ ᠪᠤᠳᠤᠪᠠᠯ ᠲᠡᠳᠡ ᠨᠠᠮᠠᠢᠢ ᠠᠪᠤᠷᠠᠬᠤ ᠶᠤᠮ | ᠪᠠᠶᠢᠨ᠎ᠠ᠂ ᠵᠠ ᠲᠡᠳᠡᠨ ᠢ ᠡᠷᠢᠶ᠎ᠡ︾ ᠬᠡᠵᠤ ᠰᠢᠭᠤᠳ ᠰᠤᠷᠬᠠᠨ ᠰᠢᠷ᠎ᠠ ᠶᠢᠨ ᠬᠡᠷ ᠢ ᠴᠢᠭᠯᠡᠨ ᠤᠨᠤᠨ ᠮᠦᠷᠡᠨ ᠢ | ᠲᠠᠭᠠᠵᠤ ᠶᠠᠪᠤᠪᠠ᠃ | ᠰᠤᠷᠬᠠᠨ ᠰᠢᠷ᠎ᠠ ᠶᠢᠨ ᠬᠡᠷ ᠢ ᠤᠯᠬᠤ ᠳᠤ ᠠᠮᠠᠷ ᠪᠠᠶᠢᠯ᠎ᠠ᠂ ᠲᠡᠳᠡᠨ ᠤ ᠬᠢ ᠦᠷ ᠴᠠᠶᠢᠳᠠᠯ᠎ᠠ | ᠠᠶᠢᠷᠠᠭ ᠪᠦᠯᠢᠬᠦ ᠠᠵᠢ᠃ ᠲᠡᠮᠦᠵᠢᠨ ᠪᠦᠯᠢᠬᠦᠷ ᠤᠨ ᠴᠢᠮᠡᠭᠡ ᠶᠢ ᠴᠢᠭᠯᠡᠵᠤ ᠤᠳᠠᠭᠰᠠᠨ ᠦᠭᠡᠢ ᠰᠤᠷᠬᠠᠨ ᠰᠢᠷ᠎ᠠ ᠶᠢᠨ | ᠬᠡᠷ ᠲᠤ ᠬᠦᠷᠪᠡ᠃ ᠰᠤᠷᠬᠠᠨ ᠰᠢᠷ᠎ᠠ ᠶᠡᠬᠡᠳᠡ ᠰᠤᠴᠢᠨ᠄ | ︽ᠪᠢ ᠴᠢᠮ᠎ᠡ ᠳᠤ ᠡᠬᠡ ᠪᠡ ᠲᠡᠬᠦᠦ ᠨᠠᠷ ᠢᠶᠠᠨ ᠡᠷᠢᠨ ᠲᠦᠷᠬᠡᠨ ᠶᠠᠪᠤ ᠬᠡᠵᠤ ᠬᠡᠯᠡᠭᠰᠡᠨ ᠪᠢᠰᠢ | ᠤᠤ︖ ᠴᠢ ᠠᠳᠠ ᠶᠠᠭᠤᠨ ᠳᠤ ᠢᠷᠡᠪᠡ︖︾ ᠬᠡᠪᠡ᠃ ᠲᠡᠮᠦᠵᠢᠨ ᠶᠠᠭᠤ ᠬᠡᠯᠡᠬᠦ ᠪᠠᠨ ᠤᠯᠵᠤ ᠶᠠᠳᠠᠨ ᠪᠠᠶᠢᠳᠠᠯ᠎ᠠ | ᠂ ᠰᠤᠷᠬᠠᠨ ᠰᠢᠷ᠎ᠠ ᠶᠢᠨ ᠴᠢᠮᠪᠠᠢ᠂ ᠴᠢᠯᠠᠭᠤᠨ ᠬᠤᠶᠠᠷ ᠬᠦᠦ ᠨᠢ ᠭᠠᠷᠴᠤ ᠢᠷᠡᠬᠡᠳ᠄ | ︽ᠪᠤᠯᠵᠤᠮᠤᠷ ᠰᠢᠪᠠᠭᠤᠨ ᠤ ᠵᠤᠯᠵᠠᠭ᠎ᠠ | ᠪᠤᠷᠤ ᠬᠠᠷᠴᠠᠭᠠᠢ ᠠᠴᠠ ᠲᠤᠳᠠᠭᠠᠵᠤ | ᠪᠤᠳᠠᠨ ᠤ ᠢᠷᠤᠭᠠᠷ ᠲᠤ ᠰᠢᠷᠭᠤᠪᠠᠯ | ᠪᠤᠳᠠ ᠲᠡᠬᠦᠨ ᠢ ᠬᠠᠮᠠᠭᠠᠯᠠᠨ᠎ᠠ ᠬᠡᠳᠡᠭ ᠪᠢᠰᠢ ᠤᠤ︖ ᠤᠳᠤ ᠪᠢᠳᠠᠨ ᠳᠤ ᠬᠦᠮᠦᠨ ᠠᠮᠢ ᠪᠠᠨ | ᠬᠤᠷᠭᠤᠳᠠᠬᠤ ᠪᠠᠷ ᠢᠷᠡᠵᠤ ᠪᠠᠶᠢᠬᠤ ᠳᠤ ᠪᠢᠳᠠ ᠶᠠᠭᠠᠬᠢᠨ ᠲᠤᠰᠠᠯᠠᠬᠤ ᠦᠭᠡᠢ ᠪᠠᠶᠢᠵᠤ ᠪᠤᠯᠤᠨ᠎ᠠ ᠪᠤᠢ︾ ᠬᠡᠵᠤ | ᠲᠡᠮᠦᠵᠢᠨ ᠢ ᠬᠡᠷ ᠲᠡᠭᠡᠨ ᠤᠷᠤᠭᠤᠯᠵᠤ ᠪᠠᠭᠤ ᠲᠦᠩᠬᠡ ᠶᠢ ᠨᠢ ᠡᠪᠳᠡᠨ ᠬᠠᠭᠠᠯᠵᠤ ᠭᠠᠯ ᠳᠤ ᠲᠦᠯᠡᠵᠤ ᠤᠷᠬᠢᠪᠠ᠂ | ᠪᠠᠰᠠ ᠲᠡᠮᠦᠵᠢᠨ ᠳᠤ ᠬᠤᠭᠤᠯᠠ ᠦᠭᠴᠤ ᠢᠳᠡᠬᠦᠯᠦᠨ ᠬᠡᠷ ᠲᠡᠭᠡᠨ ᠠᠪᠴᠤ ᠬᠤᠨᠤᠪᠠ᠃ | ᠮᠠᠷᠭᠠᠰᠢ ᠨᠢ ᠦᠷ ᠴᠠᠶᠢᠮᠠᠭᠴᠠ ᠲᠠᠷᠭᠤᠳᠠᠢ ᠬᠢᠷᠢᠯᠳᠤᠭ ᠠᠶᠢᠮᠠᠭ ᠤᠨ ᠤᠯᠠᠨ ᠢᠶᠠᠨ | ᠴᠤᠭᠯᠠᠭᠤᠯᠵᠤ᠂ ᠤᠨᠤᠨ ᠮᠦᠷᠡᠨ ᠤ ᠤᠶᠢᠷ᠎ᠠ ᠬᠠᠪᠢ ᠭᠠᠵᠠᠷ ᠢ ᠨᠢᠬᠡ ᠴᠦ ᠦᠯᠡᠳᠡᠬᠡᠯ ᠦᠭᠡᠢ ᠨᠡᠩᠵᠢᠨ | ᠪᠠᠶᠢᠴᠠᠭᠠᠭᠠᠳ ᠶᠠᠭᠤ ᠴᠦ ᠤᠯᠤᠯ ᠦᠭᠡᠢ᠂ ᠨᠠᠷᠠᠨ ᠰᠢᠩᠬᠡᠭᠰᠡᠨ ᠬᠤᠶᠢᠨ᠎ᠠ ᠰᠠᠶ᠋ᠢ ᠬᠠᠷᠢᠵᠠᠭᠠᠪᠠ᠃ | ᠭᠤᠷᠪᠠᠳᠤᠭᠠᠷ ᠡᠳᠤᠷ ᠨᠢ᠂ ᠲᠠᠷᠭᠤᠳᠠᠢ ᠬᠢᠷᠢᠯᠳᠤᠭ᠄ | ︽ᠲᠦᠩᠬᠡᠳᠤ ᠬᠦᠮᠦᠨ ᠬᠠᠮᠢᠭ᠎ᠠ ᠬᠤᠯᠠᠳᠬᠤ ᠪᠢᠯᠡ︖ ᠯᠠᠪ ᠮᠠᠨ ᠤ ᠬᠢᠨ ᠨᠢᠭᠤᠨ | ᠲᠠᠯᠳᠠᠯᠠᠵᠤ ᠪᠠᠶᠢᠭ᠎ᠠ ᠪᠢᠵᠡ᠂ ᠠᠶᠢᠯ ᠲᠠᠷᠠᠭᠠᠯᠠᠨ ᠨᠡᠩᠵᠢᠶᠠ︾ ᠬᠡᠪᠡ᠃ ᠡᠨᠡ ᠴᠢᠮᠡᠭᠡ ᠶᠢ ᠰᠤᠨᠤᠰᠤᠭᠠᠳ ᠴᠢᠮᠪᠠᠢ᠂ | ᠴᠢᠯᠠᠭᠤᠨ ᠬᠤᠶᠠᠷ ᠲᠡᠮᠦᠵᠢᠨ ᠢ ᠤᠩᠭᠠᠰᠤᠳᠤ ᠲᠡᠷᠬᠡᠨ ᠳᠤ ᠤᠷᠤᠭᠤᠯᠵᠤ᠂ ᠭᠠᠳᠠᠨ᠎ᠠ ᠠᠴᠠ ᠨᠢ ᠲᠦᠬᠦᠷᠳᠡᠯ᠎ᠡ | ᠤᠩᠭᠠᠰᠤ ᠴᠢᠬᠢᠬᠡᠳ ᠬᠠᠳᠠᠭᠠᠨ ᠨᠡᠷ᠎ᠡ ᠲᠠᠢ ᠪᠢᠴᠢᠬᠠᠨ ᠦᠬᠢᠨ ᠲᠡᠬᠦᠦ ᠳᠡᠭᠡᠨ ᠲᠤᠰᠢᠶᠠᠨ ᠦᠭᠴᠤ᠄ | ︽ᠰᠠᠶᠢᠬᠠᠨ ᠠᠰᠠᠷᠠ᠂ ᠪᠤᠰᠤᠳ ᠬᠦᠮᠦᠨ ᠳᠤ ᠪᠤᠤ ᠬᠡᠯᠡ︾ ᠬᠡᠳ ᠨᠡᠩᠵᠢᠬᠦᠯ ᠢ | ᠬᠦᠯᠢᠶᠡᠵᠤ ᠪᠠᠶᠢᠳᠠᠯ᠎ᠠ᠂ ᠲᠠᠶᠢᠴᠢᠭᠤᠳ ᠨᠠᠷ ᠠᠶᠢᠯ ᠲᠠᠷᠠᠭᠠᠯᠠᠨ ᠨᠡᠩᠵᠢᠭᠰᠡᠬᠡᠷ ᠲᠡᠳᠡᠨ ᠤ ᠳᠤ ᠬᠦᠷᠴᠤ ᠢᠷᠡᠪᠡ᠃ | ᠲᠠᠶᠢᠴᠢᠭᠤᠳ ᠨᠠᠷ ᠰᠤᠷᠬᠠᠨ ᠰᠢᠷ᠎ᠠ ᠶᠢᠨ ᠬᠡᠷ ᠲᠡᠷᠬᠡ ᠪᠠ ᠢᠰᠠᠷᠢ ⑤ ᠶᠢᠨ ᠲᠤᠳᠤᠷ᠎ᠠ ᠬᠦᠷᠳᠡᠯ᠎ᠡ ᠨᠡᠩᠵᠢᠬᠡᠳ | ᠶᠠᠭᠤ ᠳᠤ ᠤᠯᠤᠭᠰᠠᠨ ᠦᠭᠡᠢ᠂ ᠲᠡᠳᠡ ᠬᠡᠨᠡᠳᠳᠡ ᠬᠡᠷ ᠤᠨ ᠠᠷᠤ ᠳᠠᠬᠢ ᠤᠩᠭᠠᠰᠤ ᠲᠠᠢ ᠲᠡᠷᠬᠡ ᠶᠢ ᠤᠯᠵᠤ | ᠦᠵᠡᠬᠡᠳ᠄ | ︽ᠡᠬᠦᠨ ᠤ ᠲᠤᠳᠤᠷ᠎ᠠ ᠨᠢᠭᠤᠵᠤ ᠪᠠᠶᠢᠬᠤ ᠪᠢᠵᠡ︖︾ ᠬᠡᠵᠤ ᠲᠡᠷᠬᠡᠨ ᠲᠡᠭᠡᠷ᠎ᠡ ᠭᠠᠷᠴᠤ | ᠤᠩᠭᠠᠰᠤ ᠶᠢ ᠪᠦᠬᠡᠮ ᠪᠦᠬᠡᠮ ᠢᠶᠠᠷ ᠭᠠᠳᠠᠭᠰᠢ ᠴᠢᠷᠴᠤ ᠭᠠᠷᠭᠠᠪᠠ᠃ ᠪᠢᠴᠢᠬᠠᠨ ᠬᠠᠳᠠᠭᠠᠨ ᠦᠬᠢᠨ ᠤ ᠵᠢᠷᠦᠬᠡ ᠨᠢ | ᠴᠤᠬᠢᠯᠠᠬᠤ ᠪᠠᠨ ᠵᠤᠭᠰᠤᠮᠠᠷ ᠪᠤᠯᠵᠤ᠂ ᠨᠢᠳᠤ ᠪᠠᠨ ᠬᠦᠯᠦᠯᠵᠡᠬᠦᠯᠦᠨ ᠠᠮᠠ ᠪᠠᠨ ᠪᠢᠳᠡᠬᠦᠯᠡᠨ ᠲᠠᠭᠵᠢᠨ ᠪᠠᠶᠢᠳᠠᠯ᠎ᠠ | ᠰᠤᠷᠬᠠᠨ ᠰᠢᠷ᠎ᠠ ᠲᠡᠬᠦᠨ ᠢ ᠲᠡᠪᠡᠷᠢᠨ ᠠᠪᠴᠤ᠄ | ︽ᠡᠶᠢᠮᠤ ᠬᠠᠯᠠᠭᠤᠨ ᠡᠳᠤᠷ ᠤᠩᠭᠠᠰᠤᠨ ᠲᠤᠳᠤᠷ᠎ᠠ ᠠᠮᠢᠳᠤ ᠬᠦᠮᠦᠨ ᠪᠠᠶᠢᠵᠤ ᠲᠡᠰᠬᠦ ᠤᠤ︖ | ᠰᠡᠳᠬᠢᠯ ᠢᠶᠠᠨ ᠬᠠᠨᠳᠠᠯ᠎ᠠ ᠡᠷᠢ︾ ᠬᠡᠵᠤ ᠬᠡᠯᠡᠭᠰᠡᠨ ᠳᠤ᠂ ᠲᠠᠶᠢᠴᠢᠭᠤᠳ ᠨᠠᠷ ᠰᠠᠶ᠋ᠢ ᠨᠡᠩᠵᠢᠬᠦ ᠪᠠᠨ ᠪᠠᠶᠢᠵᠤ᠂ | ᠦᠬᠡᠷ᠎ᠡ ᠠᠶᠢᠯ ᠢ ᠨᠡᠩᠵᠢᠷᠡ ᠤᠳᠪᠠ᠃ | ᠨᠡᠩᠵᠢᠬᠦᠯ ᠤᠨ ᠬᠦᠮᠦᠰ ᠬᠤᠯᠠ ᠶᠠᠪᠤᠭᠰᠠᠨ ᠤ ᠲᠠᠷᠠᠭ᠎ᠠ᠂ ᠰᠤᠷᠬᠠᠨ ᠰᠢᠷ᠎ᠠ ᠡᠪᠤᠬᠡᠨ | ᠲᠡᠮᠦᠵᠢᠨ ᠢ ᠤᠩᠭᠠᠰᠤᠳᠤ ᠲᠡᠷᠬᠡᠨ ᠠᠴᠠ ᠪᠠᠭᠤᠯᠭᠠᠵᠤ᠄ | ︽ᠨᠠᠮᠠᠢᠢ ᠦᠨᠡᠰᠤ ᠪᠠᠷ ᠬᠡᠶᠢᠰᠬᠡᠬᠦ ᠠᠯᠳᠠᠪᠠ ᠴᠢ᠂ ᠤᠳᠤ ᠲᠦᠷᠬᠡᠨ ᠡᠬᠡ ᠪᠠ ᠲᠡᠬᠦᠦ ᠨᠠᠷ | ᠢᠶᠠᠨ ᠡᠷᠢᠨ ᠶᠠᠪᠤ︾ ᠬᠡᠵᠤ ᠲᠡᠬᠦᠨ ᠳᠤ ᠠᠮᠠ ᠴᠠᠭᠠᠨ ᠡᠷᠡᠮᠡᠭ ᠬᠤᠯᠠᠭᠴᠢ ᠬᠡᠬᠦᠦ ᠪᠠᠨ ᠤᠨᠤᠭᠤᠯᠵᠤ᠂ ᠲᠡᠯᠡᠭᠡ | ᠬᠤᠷᠠᠭ᠎ᠠ ᠴᠢᠨᠠᠵᠤ ᠪᠠᠰᠠ ᠬᠦᠬᠦᠦᠷ᠂ ᠨᠢᠭᠡ ᠨᠤᠮᠤ ᠬᠤᠶᠠᠷ ᠰᠤᠮᠤ ᠦᠭᠴᠤ ᠡᠮᠡᠬᠡᠯ ᠪᠠ ᠬᠡᠳᠡ ᠦᠭᠡᠢ ᠪᠠᠷ | ᠶᠠᠪᠤᠭᠤᠯᠪᠠ᠃ ⑥ | ᠲᠡᠮᠦᠵᠢᠨ ᠢᠩᠬᠢᠬᠡᠳ ᠲᠠᠶᠢᠴᠢᠭᠤᠳ ᠤᠨ ᠭᠠᠷ ᠠᠴᠠ ᠮᠤᠯᠳᠤᠷᠠᠪᠠ᠃ | | | | ᠲᠠᠶᠢᠯᠪᠤᠷᠢ | ① ᠵᠠᠰᠠᠭᠯᠠᠬᠤ — ᠶᠠᠯᠠᠯᠠᠨ ᠰᠢᠢᠳᠬᠡᠬᠦ᠃ | ② ᠪᠠᠭᠤ — ᠶᠠᠯᠠᠳᠠᠨ ᠤ ᠭᠠᠷ ᠲᠤ ᠵᠡᠬᠦᠯᠬᠡᠳᠡᠭ ᠮᠤᠳᠤ ᠪᠠᠷ ᠬᠢᠭᠰᠡᠨ ᠭᠠᠪᠠ᠃ | ③ ᠬᠠᠷᠬᠢ — ᠭᠤᠤᠯ ᠤᠷᠤᠰᠬᠠᠯ ᠤᠨ ᠬᠠᠵᠠᠭᠤ ᠳᠠᠬᠢ ᠲᠤᠭᠳᠠᠮᠠᠯ ᠤᠰᠤ᠃ | ④ ᠪᠠᠳᠠᠷᠢᠶᠠ — ᠡᠷᠢᠶ᠎ᠠ᠃ | ⑤ ᠢᠰᠠᠷᠢ — ᠤᠷᠤ | ⑥ ᠡᠮᠡᠬᠡᠯ ᠪᠠ ᠬᠡᠳᠡ ᠦᠭᠡᠢ ᠶᠠᠪᠤᠭᠤᠯᠪᠠ — ᠡᠮᠡᠬᠡᠯ ᠦᠭᠡᠢ ᠵᠠᠶᠢᠳᠠᠩ ᠮᠤᠷᠢ ᠶᠢ ᠬᠤᠯᠠ | ᠤᠨᠤᠵᠤ ᠲᠡᠶᠢᠯᠬᠦ ᠦᠭᠡᠢ᠂ ᠬᠡᠳᠡ ᠦᠭᠡᠢ ᠪᠤᠯ ᠭᠠᠯ ᠨᠤᠴᠤᠭᠠᠨ ᠬᠤᠭᠤᠯᠠᠯᠠᠵᠤ ᠴᠢᠳᠠᠬᠤ ᠦᠭᠡᠢ᠃ ᠲᠦᠷᠬᠡᠨ | ᠶᠠᠪᠤᠵᠤ ᠬᠤᠷᠳᠤᠨ ᠬᠦᠷ ᠬᠡᠰᠡᠨ ᠰᠠᠨᠠᠭ᠎ᠠ᠃ | | | ᠡᠮᠤᠨᠡᠬᠢ ᠦᠯᠢᠬᠡᠷ᠄ ᠦᠬᠡᠯᠦᠨ ᠡᠬᠡ ᠶᠢᠨ ᠰᠤᠷᠭᠠᠯ | ᠬᠤᠶᠢᠨᠡᠬᠢ ᠦᠯᠢᠬᠡᠷ᠄ ᠲᠡᠮᠦᠵᠢᠨ ᠬᠢᠬᠡᠳ ᠪᠤᠭᠤᠷᠴᠢ ᠶᠢᠨ ᠨᠦᠬᠦᠷᠯᠡᠭᠰᠡᠨ | |