ᠮᠤᠩᠭᠤᠯ ᠦᠨᠳᠤᠰᠤᠳᠠᠨ ᠤ ᠲᠡᠤᠬᠡᠨ ᠦᠯᠢᠬᠡᠷ ︵ᠶᠢᠰᠤ︶ — ᠦᠬᠡᠯᠦᠨ ᠡᠬᠡ ᠶᠢᠨ ᠰᠤᠷᠭᠠᠯ
ᠨᠡᠶᠢᠲᠡᠯᠡᠭᠰᠡᠨ ᠴᠠᠭ᠄
2014/5/22
        ᠶᠢᠰᠦᠬᠡᠢ ᠪᠠᠭᠠᠳᠤᠷ ᠤᠨ ᠨᠦᠬᠦᠬᠡ ᠬᠡᠷᠬᠡᠢ ᠰᠤᠴᠢᠬᠡᠯ ᠡᠬᠡ ᠠᠴᠠ ᠲᠦᠷᠦᠭᠰᠡᠨ ᠪᠡᠭᠳᠡᠷ᠂ ᠪᠡᠯᠬᠦᠳᠠᠢ ᠬᠤᠶᠠᠷ ᠪᠤᠯ ᠲᠤᠩ ᠠᠯᠢᠶ᠎ᠠ ᠶᠤᠮ᠃ ᠲᠡᠳᠡ ᠬᠤᠶᠠᠷ ᠲᠡᠮᠦᠵᠢᠨ᠂ ᠬᠠᠰᠠᠷ ᠠᠴᠠ ᠨᠠᠰᠤ ᠪᠠᠭ᠎ᠠ ᠪᠠᠶᠢᠳᠠᠯ᠎ᠠ ᠲᠡᠳᠡᠨ ᠲᠠᠢ ᠵᠠᠷᠬᠡ ᠨᠤᠴᠤᠯᠳᠤᠨ ᠦᠷᠬᠦᠯᠵᠢ ᠲᠡᠳᠡᠨ ᠤ ᠨᠠᠭᠠᠳᠤᠮ ᠲᠤᠭᠯᠠᠭᠠᠮ ᠢ ᠪᠤᠯᠢᠶᠡᠯᠳᠤᠨ ᠲᠡᠮᠡᠴᠡᠨ᠎ᠡ᠃ ᠡᠬᠦᠨ ᠳᠤ ᠲᠡᠮᠦᠵᠢᠨ ᠬᠠᠰᠤᠷ ᠬᠤᠶᠠᠷ ᠲᠤᠩ ᠲᠠᠭ᠎ᠠ ᠦᠭᠡᠢ ᠪᠤᠯᠪᠠᠴᠤ ᠡᠬᠡ ᠶᠢᠨ ᠨᠢᠭᠤᠷ ᠢ ᠬᠠᠷᠠᠵᠤ ᠦᠩᠬᠡᠷᠡᠬᠦᠯᠵᠤ ᠪᠠᠶᠢᠯ᠎ᠠ᠃       ᠨᠢᠬᠡᠨ ᠡᠳᠤᠷ᠂ ᠲᠡᠮᠦᠵᠢᠨ ᠬᠠᠰᠠᠷ ᠬᠤᠶᠠᠷ ᠨᠢᠬᠡ ᠪᠤᠯᠵᠤᠮᠤᠷ ᠬᠠᠷᠪᠤᠵᠤ ᠠᠯᠠᠭᠰᠠᠨ ᠳᠤ ᠪᠡᠭᠳᠡᠷ ᠪᠡᠯᠬᠦᠳᠠᠢ ᠬᠤᠶᠠᠷ ᠬᠦᠶᠦᠵᠤ ᠢᠷᠡᠭᠡᠳ ᠪᠤᠯᠢᠶᠠᠵᠤ ᠠᠪᠤᠪᠠ᠃ ᠲᠡᠮᠦᠵᠢᠨ᠄       ︽ᠡᠳᠡ ᠲᠠᠩᠴᠢ ᠬᠡᠳᠦᠷᠡᠵᠤ ᠪᠠᠶᠢᠨ᠎ᠠ︕︾ ᠬᠡᠰᠡᠨ ᠳᠤ ᠬᠠᠰᠠᠷ᠄       ︽ᠭᠤᠤᠯ ᠢ ᠨᠢ ᠰᠤᠭᠤᠯᠬᠤ ᠶᠤᠮᠰᠠᠨ︕︾ ᠬᠡᠪᠡ᠃ ᠪᠡᠭᠳᠡᠷ ᠪᠡᠯᠬᠦᠳᠠᠢ ᠬᠤᠶᠠᠷ ᠤᠶᠢᠰᠢᠶᠠᠬᠤ ᠴᠦ ᠦᠭᠡᠢ ᠤᠳᠪᠠ᠃       ᠮᠠᠷᠭᠠᠰᠢ ᠨᠢ᠂ ᠲᠡᠮᠦᠵᠢᠨ᠂ ᠬᠠᠰᠠᠷ᠂ ᠪᠡᠭᠳᠡᠷ᠂ ᠪᠡᠯᠬᠦᠳᠠᠢ ᠲᠦᠷᠪᠡᠬᠦᠯᠡ ᠤᠨᠤᠨ ᠮᠦᠷᠡᠨ ᠤ ᠡᠷᠬᠢ ᠲᠡᠭᠡᠷ᠎ᠡ ᠬᠠᠮᠳᠤ ᠰᠠᠭᠤᠵᠤ ᠵᠢᠭᠠᠰᠤ ᠬᠦᠬᠢᠳᠡᠭᠰᠡᠨ ᠳᠤ᠂ ᠲᠡᠮᠦᠵᠢᠨ ᠬᠠᠰᠠᠷ ᠬᠤᠶᠠᠷ ᠤᠨ ᠬᠦᠬᠢ ᠳᠤ ᠨᠢᠬᠡᠨ ᠴᠠᠶᠢᠪᠤᠷ ᠵᠢᠭᠠᠰᠤ ᠤᠷᠤᠪᠠ᠃ ᠲᠡᠮᠦᠵᠢᠨ ᠬᠠᠰᠠᠷ ᠬᠤᠶᠠᠷ ᠢ ᠬᠦᠳᠡᠯᠬᠦ ᠠᠴᠠ ᠡᠮᠤᠨ᠎ᠡ ᠪᠡᠭᠳᠡᠷ ᠪᠡᠯᠬᠦᠳᠠᠢ ᠬᠦᠶᠤᠨ ᠪᠤᠰᠴᠤ ᠬᠦᠬᠢ ᠠᠴᠠ ᠪᠤᠯᠢᠶᠠᠨ ᠠᠪᠤᠪᠠ᠃ ᠲᠡᠮᠦᠵᠢᠨ ᠬᠠᠰᠠᠷ ᠬᠤᠶᠠᠷ ᠡᠨᠡ ᠤᠳᠠᠭ᠎ᠠ ᠲᠡᠰᠴᠤ ᠦᠯᠦ ᠴᠢᠳᠠᠨ᠂ ᠬᠡᠷ ᠲᠡᠭᠡᠨ ᠬᠠᠷᠢᠭᠠᠳ ᠦᠬᠡᠯᠦᠨ ᠡᠬᠡ ᠳᠤ᠄       ︽ᠪᠡᠭᠳᠡᠷ ᠪᠡᠯᠬᠦᠳᠠᠢ ᠬᠤᠶᠠᠷ ᠦᠷᠬᠦᠯᠵᠢ ᠪᠢᠳᠠᠨ ᠢ ᠲᠠᠷᠤᠯᠠᠨ᠎ᠡ᠂ ᠦᠴᠦᠬᠡᠳᠤᠷ ᠨᠢᠬᠡ ᠪᠤᠯᠵᠤᠮᠤᠷ ᠬᠠᠷᠪᠤᠵᠤ ᠠᠯᠠᠭᠰᠠᠨ ᠳᠤ ᠲᠡᠷᠡ ᠬᠤᠶᠠᠷ ᠪᠤᠯᠢᠶᠠᠵᠤ ᠠᠪᠤᠪᠠ᠂ ᠡᠨᠡ ᠡᠳᠤᠷ ᠨᠢᠬᠡ ᠴᠠᠶᠢᠪᠤᠷ ᠵᠢᠭᠠᠰᠤ ᠬᠦᠬᠢᠳᠡᠵᠤ ᠤᠯᠤᠭᠰᠠᠨ ᠢ ᠪᠠᠰᠠ ᠲᠡᠳᠡ ᠬᠤᠶᠠᠷ ᠪᠤᠯᠢᠶᠠᠵᠤ ᠠᠪᠤᠪᠠ︾ ᠬᠡᠵᠤ ᠵᠠᠭᠠᠯᠳᠤᠪᠠ᠃ ᠦᠬᠡᠯᠦᠨ ᠡᠬᠡ ᠲᠡᠳᠡᠨ ᠤ ᠦᠬᠡ ᠶᠢ ᠰᠡᠳᠬᠢᠯ ᠲᠠᠯᠪᠢᠨ ᠰᠤᠨᠤᠰᠴᠤ ᠪᠠᠷᠠᠭᠠᠳ᠂ ᠲᠡᠮᠦᠵᠢᠨ ᠬᠠᠰᠠᠷ ᠬᠤᠶᠠᠷ ᠲᠤ  ᠡᠶᠡᠯᠳᠡᠭ ᠪᠦᠬᠡᠳ ᠲᠦᠪᠯᠡᠬᠦᠨ ᠢᠶᠠᠷ᠄       ︽ᠲᠠ ᠨᠠᠷ ᠴᠦᠮ ᠨᠢᠬᠡ ᠡᠴᠢᠬᠡ ᠶᠢᠨ ᠬᠡᠤᠬᠡᠳ ᠪᠠᠶᠢᠳᠠᠯ᠎ᠠ ᠶᠠᠭᠤᠨ ᠳᠤ ᠴᠢᠩᠬᠢᠵᠤ ᠬᠡᠷᠡᠯᠳᠦᠬᠦ ᠪᠤᠢ︖ ᠤᠳᠤ ᠲᠠ ᠨᠠᠷ ᠰᠡᠬᠦᠳᠡᠷ ᠠᠴᠠ ᠦᠬᠡᠷ᠎ᠡ ᠨᠦᠬᠦᠷ ᠦᠭᠡᠢ᠂ ᠰᠡᠬᠦᠯ ᠠᠴᠠ ᠦᠬᠡᠷ᠎ᠡ ᠲᠠᠰᠢᠭᠤᠷ ᠦᠭᠡᠢ ᠪᠠᠶᠢᠬᠤ ᠪᠠᠨ ᠮᠡᠳᠡᠬᠦ ᠶᠤᠰᠤᠳᠠᠢ᠃ ᠲᠠ ᠠᠬ᠎ᠠ ᠲᠡᠬᠦᠦ ᠨᠠᠷ ᠬᠤᠭᠤᠷᠤᠨᠳᠤ ᠪᠠᠨ ᠡᠶ᠎ᠡ ᠡᠪ ᠦᠭᠡᠢ᠂ ᠡᠪᠳᠡᠷᠡᠨ ᠮᠠᠭᠤᠳᠠᠯᠴᠠᠪᠠᠯ ᠲᠠᠲ᠋ᠠᠷ ᠨᠠᠷ ᠬᠢᠬᠡᠳ ᠲᠠᠶᠢᠴᠢᠭᠤᠳ ᠠᠴᠠ ᠦᠰᠢᠶ᠎ᠡ ᠪᠠᠨ ᠶᠠᠭᠠᠬᠢᠨ ᠠᠪᠬᠤ ᠪᠢᠯᠡ︖ ᠲᠠᠷᠬᠠᠵᠤ ᠪᠤᠳᠠᠷᠠᠭᠰᠠᠨ ᠤᠯᠤᠰ ᠢᠶᠠᠨ ᠶᠠᠭᠠᠬᠢᠨ ᠴᠤᠭᠯᠠᠭᠤᠯᠬᠤ ᠪᠢᠯᠡ︖ ᠲᠠ ᠨᠠᠷ ᠪᠠᠭ᠎ᠠ ᠪᠢᠰᠢ ᠰᠢᠤ᠂ ᠤᠴᠢᠷ ᠶᠠᠪᠤᠳᠠᠯ ᠢ ᠮᠡᠳᠡᠬᠦ ᠶᠤᠰᠤᠳᠠᠢ᠃ ᠤᠷᠢᠳᠤ ᠶᠢᠨ ᠠᠯᠤᠨ ᠭᠤᠸ᠎ᠠ ᠡᠮᠡᠭᠡ ᠶᠢᠨ ᠬᠡᠤᠬᠡᠳ ᠢᠶᠠᠨ ᠰᠤᠷᠭᠠᠭᠰᠠᠨ ᠦᠯᠢᠬᠡᠷ ᠎ ᠢ ᠰᠠᠨᠠᠵᠤ ᠪᠠᠶᠢᠬᠤ ᠬᠡᠷᠡᠭᠳᠠᠢ︾ ᠬᠡᠪᠡ᠃       ᠲᠡᠮᠦᠵᠢᠨ ᠬᠠᠰᠠᠷ ᠬᠤᠶᠠᠷ ᠡᠬᠡ ᠶᠢᠨ ᠢᠶᠠᠨ ᠦᠭᠡ ᠶᠢ ᠦᠯᠦ ᠲᠤᠭᠤᠮᠰᠤᠷᠯᠠᠨ᠄       ︽ᠠᠯᠠᠭᠰᠠᠨ ᠪᠤᠯᠵᠤᠮᠤᠷ ᠢ ᠪᠤᠯᠢᠶᠡᠳᠡᠯ᠎ᠡ ᠬᠦᠬᠢᠳᠡᠭᠰᠡᠨ ᠵᠢᠭᠠᠰᠤ ᠶᠢ ᠡᠵᠡᠷᠬᠡᠭᠯᠡᠬᠡᠳ ᠪᠠᠶᠢᠳᠠᠭ ᠬᠦᠮᠦᠰ ᠲᠠᠢ ᠶᠠᠭᠠᠬᠢᠨ ᠬᠠᠮᠳᠤ ᠠᠮᠢᠳᠤᠷᠠᠬᠤ ᠪᠤᠢ︕︾ ᠬᠡᠳ ᠡᠬᠦᠳᠠ ᠶᠢ ᠬᠦᠴᠦᠳᠠᠢ ᠬᠠᠶᠠᠵᠤ ᠭᠠᠷᠪᠠ᠃       ᠲᠡᠭᠡᠳᠡᠯ᠎ᠡ ᠪᠡᠭᠳᠡᠷ ᠶᠠᠭ ᠲᠤᠪᠤᠴᠠᠭ ᠲᠡᠭᠡᠷ᠎ᠡ ᠰᠠᠭᠤᠭᠠᠳ ᠨᠠᠢᠮᠠᠨ ᠰᠢᠷᠭ᠎ᠠ ᠮᠤᠷᠢ ᠬᠢᠬᠡᠳ ᠨᠢᠬᠡ ᠤᠭᠤᠳᠤᠷ ᠬᠤᠩᠭᠤᠷ ᠮᠤᠷᠢ ᠪᠠᠨ ᠬᠠᠷᠢᠭᠤᠯᠵᠤ ᠪᠠᠶᠢᠯ᠎ᠠ᠃ ᠲᠡᠮᠦᠵᠢᠨ ᠬᠠᠰᠠᠷ ᠬᠤᠶᠠᠷ ᠡᠬᠡ ᠳᠡᠭᠡᠨ ᠵᠠᠭᠠᠯᠳᠤᠭᠠᠳ ᠦᠨᠡᠨ ᠢᠶᠠᠨ ᠤᠯᠤᠯ ᠦᠭᠡᠢ ᠬᠡᠳᠡᠷᠬᠦ ᠬᠡᠯᠡᠭᠳᠡᠬᠡᠳ ᠠᠭᠤᠷ ᠢᠶᠠᠨ ᠭᠠᠷᠭᠠᠬᠤ ᠭᠠᠵᠠᠷ ᠦᠭᠡᠢ ᠪᠠᠶᠢᠭᠰᠠᠨ ᠲᠤᠯᠠ ᠪᠡᠭᠳᠡᠷ ᠭᠠᠭᠴᠠᠭᠠᠷ ᠰᠠᠭᠤᠵᠤ ᠪᠠᠶᠢᠬᠤ ᠶᠢ ᠬᠠᠷᠠᠭᠠᠳ᠂ ᠲᠤᠬᠢᠶᠠᠯ ᠪᠤᠯᠪᠠ ᠬᠡᠵᠤ ᠨᠢᠬᠡ ᠨᠢ ᠡᠮᠤᠨ᠎ᠡ ᠠᠴᠠ ᠨᠢᠬᠡ ᠨᠢ ᠬᠤᠶᠢᠨ᠎ᠡ ᠠᠴᠠ ᠰᠡᠮᠡᠬᠡᠷ ᠰᠤᠮᠤ ᠪᠠᠨ ᠤᠨᠢᠯᠠᠨ ᠤᠴᠢᠪᠠ᠃ ᠪᠡᠭᠳᠡᠷ ᠲᠡᠳᠡ ᠬᠤᠶᠠᠷ ᠤᠨ ᠲᠦᠷᠢ ᠪᠠᠶᠢᠳᠠᠯ ᠶᠡᠷᠤ ᠪᠤᠰᠤ ᠶᠢ ᠦᠵᠡᠬᠡᠳ ᠠᠮᠢ ᠶᠢ ᠨᠢ ᠬᠤᠷᠤᠭᠠᠬᠤ ᠬᠡᠵᠤ ᠪᠠᠶᠢᠬᠤ ᠶᠢ ᠲᠦᠰᠦᠪᠯᠡᠨ ᠮᠡᠳᠡᠵᠤ᠄       ︽ᠲᠠᠲ᠋ᠠᠷ ᠨᠠᠷ ᠬᠢᠬᠡᠳ ᠲᠠᠶᠢᠴᠢᠭᠤᠳ ᠠᠴᠠ ᠦᠰᠢᠶ᠎ᠡ ᠪᠠᠨ ᠠᠪᠴᠤ ᠴᠢᠳᠠᠭᠠᠳᠤᠢ᠂ ᠲᠠᠷᠬᠠᠵᠤ ᠪᠤᠳᠠᠷᠠᠭᠰᠠᠨ ᠤᠯᠤᠰ ᠢᠶᠠᠨ ᠴᠤᠭᠯᠠᠭᠤᠯᠵᠤ ᠲᠡᠶᠢᠯᠦᠬᠡᠳᠤᠢ ᠪᠠᠶᠢᠳᠠᠯ᠎ᠡ ᠲᠠ ᠬᠤᠶᠠᠷ ᠶᠠᠭᠠᠬᠢᠨ ᠨᠠᠮᠠᠢᠢ ᠨᠢᠳᠤᠨ ᠤ ᠰᠤᠷᠮᠤᠤᠰᠤ᠂ ᠠᠮᠠᠨ ᠤ ᠪᠦᠬᠡᠯᠵᠢᠰᠤ ᠪᠤᠯᠭᠠᠵᠤ ᠪᠠᠶᠢᠭ᠎ᠠ ᠪᠤᠢ︖ ᠤᠳᠤ ᠰᠡᠬᠦᠳᠡᠷ ᠠᠴᠠ ᠦᠬᠡᠷ᠎ᠡ ᠨᠦᠬᠦᠷ ᠦᠭᠡᠢ᠂ ᠰᠡᠬᠦᠯ ᠠᠴᠠ ᠦᠬᠡᠷ᠎ᠡ ᠲᠠᠰᠢᠭᠤᠷ ᠦᠭᠡᠢ ᠪᠠᠶᠢᠳᠠᠯ᠎ᠠ ᠲᠠ ᠶᠠᠭᠤᠨ ᠳᠤ ᠢᠩᠬᠢᠵᠤ ᠠᠬ᠎ᠠ ᠲᠡᠬᠦᠦ ᠰᠠᠳᠤᠨ ᠢᠶᠠᠷ ᠬᠢᠳᠤᠬᠤ ᠶᠤᠮ︖︾ ᠬᠡᠵᠤ ᠬᠡᠯᠡᠬᠡᠳ ᠲᠡᠮᠦᠵᠢᠨ ᠬᠠᠰᠠᠷ ᠬᠤᠶᠠᠷ ᠢ ᠬᠠᠷᠠᠭᠰᠠᠨ ᠴᠢᠨᠢ ᠬᠤᠶᠠᠭᠤᠯᠠ ᠶᠠᠭ ᠯᠡ ᠰᠤᠨᠤᠰᠤᠭᠰᠠᠨ ᠦᠭᠡᠢ ᠰᠢᠭ ᠰᠤᠮᠤ ᠪᠠᠨ ᠤᠨᠢᠯᠠᠭᠰᠡᠨ ᠬᠡᠪ ᠢᠶᠠᠷ ᠤᠶᠢᠷᠠᠳᠴᠤ ᠢᠷᠡᠯ᠎ᠡ᠃ ᠪᠡᠭᠳᠡᠷ ᠶᠠᠭᠤ ᠬᠡᠯᠡᠭᠰᠡᠨ ᠴᠦ ᠨᠢᠬᠡᠨᠳᠡ ᠲᠤᠰᠠ ᠪᠤᠯᠬᠤ ᠦᠭᠡᠢ ᠶᠢ ᠮᠡᠳᠡᠵᠤ᠄       ︽ᠪᠡᠭᠳᠡᠷ ᠨᠠᠮᠠᠢᠢ ᠬᠤᠷᠤᠭᠠᠭᠰᠠᠨ ᠴᠦ ᠶᠠᠭᠠᠬᠢᠪ᠂ ᠪᠡᠯᠬᠦᠳᠠᠢ ᠶᠢ ᠮᠢᠨᠢ ᠪᠤᠤ ᠬᠦᠨᠦᠬᠡᠭᠳᠤᠨ᠂ ᠪᠡᠯᠬᠦᠳᠠᠢ ᠶᠢ ᠬᠦᠨᠦᠬᠡᠪᠡᠯ ᠭᠠᠯ ᠭᠤᠯᠤᠮᠳᠠ ᠮᠢᠨᠢ ᠲᠠᠰᠤᠷᠠᠨ᠎ᠠ︕︾ ᠬᠡᠵᠤ ᠬᠡᠯᠡᠬᠡᠳ ᠵᠠᠪᠢᠯᠤᠨ ᠰᠠᠭᠤᠵᠤ ᠬᠦᠯᠢᠶᠡᠪᠡ᠃ ᠲᠡᠮᠦᠵᠢᠨ ᠬᠠᠰᠠᠷ ᠬᠤᠶᠠᠷ ᠪᠡᠭᠳᠡᠷ ᠤᠨ ᠦᠬᠡ ᠶᠢ ᠰᠤᠨᠤᠰᠤᠯ ᠦᠭᠡᠢ ᠬᠤᠶᠢᠨ᠎ᠡ ᠤᠷᠳᠤ ᠠᠴᠠ ᠬᠠᠷᠪᠤᠵᠤ ᠤᠳᠪᠠ ᠁       ᠲᠡᠮᠦᠵᠢᠨ ᠬᠠᠰᠠᠷ ᠬᠤᠶᠠᠷ ᠨᠤᠮᠤ ᠰᠤᠮᠤ ᠪᠠᠨ ᠬᠡᠷ ᠤᠨ ᠭᠠᠳᠡᠨ᠎ᠠ ᠤᠷᠬᠢᠵᠤ ᠬᠡᠷ ᠲᠡᠭᠡᠨ ᠤᠷᠤᠭᠰᠠᠨ ᠳᠤ᠂ ᠦᠬᠡᠯᠦᠨ ᠡᠬᠡ ᠲᠡᠳᠡᠨ ᠤ ᠴᠢᠷᠠᠢ ᠶᠢ ᠬᠠᠷᠠᠮᠠᠭᠴᠠ ᠲᠠᠷᠤᠢ ᠤᠴᠢᠷ ᠢ ᠮᠡᠳᠡᠪᠡ᠃ ᠦᠬᠡᠯᠦᠨ ᠡᠬᠡ ᠎ ᠶᠢᠨ ᠲᠤᠳᠤᠷ᠎ᠠ ᠪᠤᠴᠠᠯᠤᠨ ᠦᠬᠡ ᠪᠠᠨ ᠬᠡᠯᠡᠵᠤ ᠭᠠᠷᠬᠤ ᠦᠭᠡᠢ ᠪᠤᠯᠪᠠ᠃ ︽ᠦᠬᠡᠢ᠂ ᠡᠨᠡ ᠬᠠᠨᠢ ᠪᠠᠨ ᠬᠠᠵᠠᠵᠤ ᠢᠵᠢᠯᠢ ᠪᠠᠨ ᠢᠳᠡᠭᠴᠢ ᠬᠤᠶᠠᠷ ᠮᠠᠩᠭᠤᠰ ᠢ ᠡᠷᠦᠬᠡ ᠬᠡᠷ ᠠᠴᠠ ᠦᠯᠳᠠᠨ ᠬᠦᠬᠡᠬᠡᠵᠤ᠂ ᠦᠵᠡᠬᠦ ᠨᠢᠳᠤᠨ ᠤ ᠲᠠᠯᠳᠠ ᠤᠷᠤᠭᠤᠯᠬᠤ ᠶᠤᠮᠰᠠᠨ︕︾ ᠡᠷᠬᠢᠬᠡᠳ ᠨᠢᠬᠡ ᠪᠤᠳᠤᠬᠤᠯ᠎ᠡ᠄ ︽ᠢᠩᠬᠢᠵᠤ ᠬᠢᠬᠦ ᠨᠢ ᠶᠠᠭᠤᠨ ᠲᠤᠰᠠ᠂ ᠭᠠᠭᠴᠠ ᠦᠰᠢᠶᠡᠳᠡᠨ ᠢ ᠪᠠᠶᠠᠷᠯᠠᠭᠤᠯᠬᠤ ᠲᠡᠳᠤᠢ ᠪᠢᠵᠡ︕ ᠡᠨᠡ ᠴᠦᠮ ᠡᠩ ᠤᠨ ᠡᠳᠤᠷ ᠲᠤ ᠮᠢᠨᠤ ᠴᠢᠩᠳᠠᠯᠠᠨ ᠰᠤᠷᠭᠠᠭᠰᠠᠨ ᠦᠭᠡᠢ ᠶᠢᠨ ᠬᠡᠮ ᠪᠤᠶᠤ︕︾ ᠬᠡᠵᠤ ᠡᠪᠴᠢᠬᠦᠦ ᠪᠠᠨ ᠰᠢᠭᠠᠨ ᠤᠳᠠᠳᠠᠯ᠎ᠠ ᠪᠡᠭᠳᠡᠷᠡᠨ ᠪᠠᠶᠢᠵᠤ᠄       ︽ᠬᠠᠨᠢ ᠪᠠᠨ ᠪᠠᠷᠠᠭᠰᠠᠳ       ᠢᠵᠢᠯᠢ ᠪᠠᠨ ᠢᠳᠡᠭᠰᠡᠳ       ᠬᠠᠯᠠᠭᠤᠨ ᠬᠡᠪᠡᠯᠢ ᠠᠴᠠ ᠭᠠᠷᠬᠤ ᠳᠠᠭᠠᠨ       ᠬᠠᠷ᠎ᠠ ᠨᠦᠵᠢ ᠠᠳᠬᠤᠵᠤ ᠲᠦᠷᠦᠭᠰᠡᠨ ᠪᠢᠯᠡ᠃       ᠬᠠᠷᠪᠢᠰᠤ ᠪᠠᠨ ᠬᠠᠵᠠᠬᠤ       ᠬᠠᠳᠠᠷ ᠨᠤᠬᠠᠢ ᠮᠡᠳᠤ       ᠬᠠᠳᠠᠨ ᠳᠤ ᠲᠤᠪᠳᠤᠯᠬᠤ       ᠬᠠᠷᠴᠠᠭ᠎ᠠ ᠰᠢᠪᠠᠭᠤ ᠮᠡᠳᠤ       ᠠᠭᠤᠷ ᠢᠶᠠᠨ ᠲᠠᠷᠤᠨ ᠶᠠᠳᠠᠬᠤ       ᠤᠮᠤᠭᠳᠤ ᠠᠷᠰᠯᠡᠨ ᠮᠡᠳᠤ       ᠠᠮᠢᠳᠤ ᠪᠠᠷ ᠵᠠᠯᠬᠢᠬᠤ       ᠠᠶᠤᠯᠳᠤ ᠮᠠᠩᠭᠤᠰ ᠮᠡᠳᠤ       ᠰᠡᠬᠦᠳᠡᠷ ᠢᠶᠠᠨ ᠲᠤᠪᠳᠤᠯᠬᠤ       ᠱᠤᠩᠬᠤᠷ ᠰᠢᠪᠠᠭᠤ ᠮᠡᠳᠤ       ᠰᠡᠮᠡᠬᠡᠷ ᠵᠠᠯᠬᠢᠬᠤ       ᠴᠤᠷᠬ᠎ᠠ① ᠵᠢᠭᠠᠰᠤ ᠮᠡᠳᠤ       ᠪᠤᠳᠤᠭᠤ ᠶᠢᠨ ᠪᠤᠷᠪᠢ ᠶᠢ ᠬᠠᠵᠠᠬᠤ       ᠪᠤᠤᠷ᠎ᠠ ᠮᠡᠳᠤ       ᠪᠤᠷᠤᠭᠠᠨᠳᠤ ᠡᠳᠤᠷ ᠵᠠᠪᠰᠢᠬᠤ       ᠴᠢᠨ᠋ᠸ᠎ᠠ ᠮᠡᠳᠤ       ᠬᠡᠤᠬᠡᠳ ᠦᠷ᠎ᠡ ᠪᠠᠨ       ᠬᠡᠯᠢᠨ ᠶᠠᠳᠠᠵᠤ       ᠨᠢᠬᠦᠯᠳᠤ ᠠᠩᠬᠢᠷ ᠮᠡᠳᠤ       ᠬᠡᠪᠳᠡᠰᠢ ᠶᠢ ᠬᠦᠳᠡᠯᠬᠡᠪᠡᠯ       ᠬᠡᠳᠡᠷᠬᠦ ᠲᠤᠪᠳᠤᠯᠵᠤ       ᠴᠦᠯᠪᠡᠨ ᠢᠳᠡᠬᠦ       ᠴᠦᠬᠡᠪᠦᠷᠢ ᠴᠢᠨ᠋ᠸ᠎ᠠ ᠮᠡᠳᠤ       ᠲᠠᠭᠤ ᠶᠢ ᠰᠤᠨᠤᠰᠪᠠᠯ       ᠲᠠᠭᠠᠷᠢᠨ ᠤᠷᠤᠵᠤ       ᠪᠠᠷᠢᠵᠤ ᠢᠳᠡᠬᠦ       ᠪᠠᠷᠰ ᠮᠡᠳᠤ ᠠᠮᠢᠳᠠᠳ ᠲᠠᠨ ᠢ ᠶᠠᠭᠠᠬᠢᠬᠤ ᠪᠢᠯᠡ ᠪᠢ︕︾ ᠬᠡᠵᠤ ᠨᠢᠬᠡᠨ ᠵᠡᠷᠬᠡ ᠬᠠᠷᠢᠶᠠᠵᠤ ᠲᠤᠳᠤᠷ᠎ᠠ ᠨᠢ ᠰᠠᠶ᠋ᠢ ᠪᠠᠭ᠋ᠠᠨ ᠠᠭᠤᠵᠢᠷᠠᠵᠤ᠄       ︽ᠰᠡᠬᠦᠳᠡᠷ ᠠᠴᠠ ᠦᠬᠡᠷ᠎ᠡ ᠨᠦᠬᠦᠷ ᠦᠭᠡᠢ       ᠰᠡᠬᠦᠯ ᠠᠴᠠ ᠦᠬᠡᠷ᠎ᠡ ᠲᠠᠰᠢᠭᠤᠷ ᠦᠭᠡᠢ       ᠲᠠᠶᠢᠴᠢᠭᠤᠳ ᠠᠴᠠ ᠦᠰᠢᠶ᠎ᠡ ᠪᠠᠨ ᠶᠠᠭᠠᠬᠢᠵᠤ ᠠᠪᠤᠨ᠎ᠠ︖       ᠲᠠᠷᠬᠠᠭᠰᠠᠨ ᠤᠯᠤᠰ ᠢᠶᠠᠨ ᠶᠠᠭᠠᠬᠢᠵᠤ ᠴᠤᠭᠯᠠᠭᠤᠯᠤᠨ᠎ᠡ︖ ᠬᠡᠵᠤ ᠪᠠᠶᠢᠳᠠᠯ᠎ᠠ ᠲᠠ ᠨᠠᠷ ᠢᠩᠬᠢᠵᠤ ᠦᠪᠡᠷ ᠵᠠᠭᠤᠷ᠎ᠠ ᠪᠠᠨ ᠬᠤᠷᠤᠭᠠᠵᠤ ᠦᠰᠳᠡᠨ ᠳᠤ ᠲᠤᠰᠠᠯᠠᠬᠤ ᠬᠡᠷᠡᠭ ᠦᠢᠯᠡᠳᠬᠦ ᠪᠤᠢ︕︾ ᠬᠡᠵᠤ ᠬᠡᠯᠡᠬᠡᠳ᠂ ᠦᠬᠡᠯᠦᠨ ᠡᠬᠡ ᠵᠠᠪᠢᠯᠤᠨ ᠰᠠᠭᠤᠵᠤ ᠲᠡᠮᠦᠵᠢᠨ ᠬᠠᠰᠠᠷ ᠬᠤᠶᠠᠷ ᠢ ᠤᠷᠳᠤ ᠪᠠᠨ ᠰᠦᠬᠦᠳᠬᠡᠨ᠄       ︽ᠲᠡᠮᠦᠵᠢᠨ ᠡ᠂ ᠤᠷᠢᠳᠤ ᠠᠯᠤᠨ ᠭᠤᠸ᠎ᠠ ᠡᠮᠡᠭᠡ ᠲᠠᠪᠤᠨ ᠬᠡᠤᠬᠡᠳ ᠢᠶᠠᠨ ᠬᠡᠷᠬᠢᠨ ᠰᠤᠷᠭᠠᠭᠰᠠᠨ ᠢ ᠴᠡᠬᠡᠵᠢᠯᠡᠵᠤ ᠪᠠᠶᠢᠨ᠎ᠠ ᠤᠤ︖︾ ᠬᠡᠵᠤ ᠠᠰᠠᠭᠤᠪᠠ᠃ ᠲᠡᠮᠦᠵᠢᠨ ᠲᠤᠯᠤᠭᠠᠢ ᠪᠠᠨ ᠪᠦᠬᠦᠶᠢᠨ᠄       ︽ᠬᠠᠷᠢᠯᠴᠠᠨ ᠡᠪᠳᠡᠷᠡᠨ ᠮᠠᠭᠤᠳᠠᠯᠴᠠᠵᠤ ᠭᠠᠭᠴᠠ ᠭᠠᠭᠴᠠ ᠪᠠᠷ ᠰᠠᠯᠪᠠᠯ ᠨᠢᠵᠡᠬᠡᠳ ᠮᠦᠰᠤ ᠮᠡᠳᠤ ᠬᠡᠨ ᠬᠦᠮᠦᠨ ᠳᠤ ᠬᠢᠯᠪᠠᠷᠬᠠᠨ ᠲᠡᠶᠢᠯᠦᠭᠳᠡᠨ᠎ᠡ᠂ ᠡᠶ᠎ᠡ ᠡᠪ ᠢᠶᠠᠨ ᠨᠢᠬᠡᠳᠦᠨ ᠪᠦᠯᠬᠦᠮᠳᠡᠵᠤ ᠶᠠᠪᠤᠪᠠᠯ ᠬᠠᠮᠳᠤ ᠪᠠᠭᠯᠠᠭᠰᠠᠨ ᠲᠠᠪᠤᠨ ᠮᠦᠰᠤ ᠮᠡᠳᠤ ᠬᠡᠨ ᠬᠦᠮᠦᠨ ᠳᠤ ᠬᠢᠯᠪᠡᠷ ᠦᠯᠤ ᠲᠡᠶᠢᠯᠦᠭᠳᠡᠨ᠎ᠡ ᠬᠡᠵᠡᠢ︕︾       ᠦᠬᠡᠯᠦᠨ ᠡᠬᠡ ᠪᠠᠰᠠ ᠬᠠᠰᠠᠷ ᠠᠴᠠ᠄       ︽ᠬᠠᠰᠠᠷ ᠡ᠂ ᠪᠤᠳᠠᠨᠴᠠᠷ ᠡᠪᠦᠭᠡ ᠬᠤᠵᠢᠮ ᠨᠢ ᠶᠠᠭᠠᠬᠢᠭᠰᠠᠨ ᠪᠢᠯᠡ︖︾ ᠬᠡᠵᠤ ᠠᠰᠠᠭᠤᠪᠠ᠃ ᠬᠠᠰᠠᠷ ᠨᠠᠮ ᠲᠠᠭᠤ ᠪᠠᠷ᠄       ︽ᠠᠯᠤᠨ ᠭᠤᠸ᠎ᠠ ᠡᠮᠡᠭᠡ ᠦᠭᠡᠢ ᠪᠤᠯᠤᠭᠰᠠᠨ ᠤ ᠬᠤᠶᠢᠨ᠎ᠠ ᠪᠦᠬᠦᠨᠤᠳᠠᠢ᠂ ᠪᠡᠯᠬᠦᠨᠤᠳᠠᠢ᠂ ᠪᠤᠬ᠎ᠠ ᠬᠠᠳᠠᠬᠢ᠂ ᠪᠤᠭᠳᠤ ᠰᠡᠯᠵᠢ ᠲᠦᠷᠪᠡᠬᠦᠯᠡ ᠡᠬᠡ ᠶᠢᠨ ᠢᠶᠠᠨ ᠦᠬᠡ ᠶᠢ ᠦᠳᠡᠬᠡᠷᠤᠨ ᠲᠡᠬᠦᠦ ᠪᠤᠳᠠᠨᠴᠠᠷ ᠢ ᠤᠷᠤᠭ ᠲᠤ ᠦᠯᠦ ᠲᠤᠭᠤᠴᠠᠨ ᠭᠠᠭᠴᠠᠭᠠᠷ ᠢ ᠶᠠᠪᠤᠭᠤᠯᠪᠠ᠃ ᠬᠤᠵᠢᠮ ᠨᠢ ᠲᠡᠳᠡ ᠬᠡᠳᠦᠬᠦᠯᠡ ᠲᠡᠬᠦᠦ ᠪᠠᠨ ᠭᠠᠭᠴᠠᠭᠠᠷ ᠢ ᠰᠢᠬᠠᠵᠤ ᠶᠠᠪᠤᠭᠤᠯᠤᠭᠰᠠᠨ ᠳᠠᠭᠠᠨ ᠬᠡᠮᠰᠢᠵᠤ ᠲᠡᠬᠦᠨ ᠢ ᠡᠷᠢᠵᠤ ᠠᠪᠴᠢᠷᠠᠪᠠ᠂ ᠲᠡᠭᠡᠭᠡᠳ ᠠᠬ᠎ᠠ ᠲᠡᠬᠦᠦ ᠬᠤᠭᠤᠷᠤᠨᠳᠤ ᠪᠠᠨ ᠡᠶ᠎ᠡ ᠡᠪ ᠢᠶᠠᠨ ᠨᠢᠬᠡᠳᠦᠨ ᠪᠦᠯᠬᠦᠮᠳᠡᠵᠤ ᠠᠶᠢᠮᠠᠭ ᠤᠭᠰᠠᠭ᠎ᠠ ᠪᠠᠨ ᠮᠠᠨᠳᠤᠭᠤᠯᠵᠤ ᠶᠠᠪᠤᠵᠠᠢ᠃︾       ᠢᠩᠬᠢᠬᠡᠳ ᠦᠬᠡᠯᠦᠨ ᠡᠬᠡ ᠶᠢᠨ ᠠᠭᠤᠷ ᠰᠠᠶ᠋ᠢ ᠲᠠᠶᠢᠳᠬᠤᠷᠠᠵᠤ᠂ ᠲᠡᠮᠦᠵᠢᠨ ᠬᠠᠰᠠᠷ ᠬᠤᠶᠠᠷ ᠎ ᠲᠤ ᠰᠤᠷᠭᠠᠵᠤ ᠬᠡᠯᠡᠭᠰᠡᠨ ᠨᠢ᠄       ︽ᠲᠠ ᠬᠤᠶᠠᠷ ᠡᠨᠡ ᠬᠡᠯᠡᠭᠰᠡᠨ ᠦᠬᠡ ᠪᠠᠨ ᠪᠠᠳᠤ ᠴᠡᠬᠡᠵᠢᠯᠡᠵᠤ᠂ ᠬᠤᠶᠢᠰᠢᠳᠠ ᠠᠬ᠎ᠠ ᠲᠡᠬᠦᠦ ᠬᠤᠭᠤᠷᠤᠨᠳᠤ ᠪᠠᠨ       ᠡᠶ᠎ᠡ ᠡᠪ ᠢᠶᠠᠨ ᠨᠢᠬᠡᠳᠴᠤ       ᠡᠬᠦᠷᠢᠳᠠ ᠪᠦᠯᠬᠦᠮᠳᠡᠵᠤ ᠶᠠᠪᠤ       ᠦᠬᠡᠷ ᠤᠨ ᠬᠤᠶᠠᠷ ᠡᠪᠡᠷ ᠮᠡᠳᠤ        ᠦᠨᠢᠳᠠ ᠪᠤᠤ ᠬᠠᠭᠠᠴᠠ②        ᠤᠨᠠᠭᠰᠠᠨ ᠭᠠᠵᠠᠷ ᠲᠤᠨᠢ ᠡᠷᠬᠦᠵᠤ       ᠤᠷᠤᠭᠤᠳᠠᠭᠰᠠᠨ ᠭᠠᠵᠠᠷ ᠲᠤᠨᠢ ᠲᠠᠳᠠᠵᠤ ᠶᠠᠪᠤ       ᠲᠤᠤᠭᠠᠷᠪᠠᠯ ᠲᠠᠭᠤ ᠨᠡᠮᠡᠵᠤ       ᠲᠤᠭᠳᠤᠷᠪᠠᠯ ᠬᠦᠴᠦ ᠨᠡᠮᠡᠵᠤ ᠶᠠᠪᠤ︾ ᠬᠡᠵᠠᠢ᠃         ᠲᠠᠶᠢᠯᠪᠤᠷᠢ      ① ᠴᠤᠷᠬ᠎ᠠ — ᠵᠢᠭᠠᠰᠤᠨ ᠤ ᠨᠡᠷ᠎ᠡ᠃      ② ︽ᠦᠬᠡᠷ ᠤᠨ ᠬᠤᠶᠠᠷ ᠡᠪᠡᠷ ᠮᠡᠳᠤ᠂ ᠦᠨᠢᠳᠠ ᠪᠤᠤ ᠬᠠᠭᠠᠴᠠ︾ — ᠡᠨᠡ ᠨᠢ ᠬᠤᠶᠠᠷᠬᠠᠨ ᠬᠦᠮᠦᠨ ᠢ ᠬᠡᠯᠡᠳᠡᠭ ᠪᠢᠰᠢ᠂ ᠤᠯᠠᠨ ᠬᠦᠮᠦᠨ ᠢ ᠪᠠᠭᠳᠠᠭᠠᠭᠰᠠᠨ ᠤᠳᠬ᠎ᠠ ᠴᠦ ᠪᠤᠢ᠃ ᠦᠬᠡᠷ ᠤᠨ ᠬᠤᠶᠠᠷ ᠡᠪᠡᠷ ᠤᠤᠯ ᠠᠴᠠ ᠵᠤᠶᠢᠷ ᠪᠠᠶᠢᠵᠤ᠂ ᠰᠠᠯᠵᠤ ᠪᠤᠯᠳᠠᠭ ᠦᠭᠡᠢ ᠲᠤᠯᠠ ᠲᠡᠷᠡ ᠮᠡᠳᠤ ᠪᠠᠳᠤ ᠨᠢᠭᠳᠠ ᠪᠠᠷᠢᠭᠳᠤᠨ ᠬᠡᠰᠡᠨ ᠤᠳᠬ᠎ᠠ ᠲᠠᠢ᠃         ᠡᠮᠤᠨᠡᠬᠢ ᠦᠯᠢᠬᠡᠷ᠄ ᠦᠬᠡᠯᠦᠨ ᠦᠵᠢᠨ ᠤ ᠬᠠᠳᠠᠭᠤᠵᠢᠨ ᠲᠡᠮᠡᠴᠡᠭᠰᠡᠨ       ᠬᠤᠶᠢᠨᠡᠬᠢ ᠦᠯᠢᠬᠡᠷ᠄ ᠰᠤᠷᠬᠠᠨ ᠰᠢᠷ᠎ᠠ ᠶᠢᠨ ᠬᠢᠨ ᠲᠡᠮᠦᠵᠢᠨ ᠢ ᠠᠪᠤᠷᠠᠭᠰᠠᠨ 
 
ᠢᠷᠡᠯᠲᠡ᠄ ᠮᠤᠩᠭᠤᠯ ᠦᠨᠳᠤᠰᠤᠳᠠᠨ ᠤ ᠰᠤᠩᠭᠤᠳᠠᠭ ᠦᠯᠢᠬᠡᠷ ᠤᠨ ᠰᠤᠩᠭᠤᠮᠠᠯ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号