| | ᠭᠡᠷ ᠤᠨ ᠠᠬᠠᠮᠠᠳ ᠪᠤᠯ ᠬᠡᠥᠬᠡᠳ ᠤᠨ ᠠᠩᠬᠠᠨ ᠤ ᠪᠠᠭᠰᠢ ᠪᠤᠯᠤᠨ᠎ᠠ᠃ ᠭᠡᠷ ᠤᠨ ᠠᠬᠠᠮᠠᠳ | ᠪᠡᠶ᠎ᠡ ᠪᠠᠷ ᠢᠶᠠᠨ ᠬᠡᠪ ᠲᠦᠷᠢᠮ ᠪᠤᠯᠬᠤ ᠨᠢ ᠬᠡᠥᠬᠡᠳ ᠤᠨ ᠪᠡᠶ᠎ᠡ ᠰᠡᠳᠬᠢᠴᠡ ᠶᠢᠨ ᠡᠷᠡᠭᠦᠯ ᠢᠶᠠᠷ ᠬᠦᠭᠵᠢᠬᠦ ᠳᠤ | ᠵᠠᠩᠭᠢᠯᠠᠭ᠎ᠠ ᠶᠢᠨ ᠦᠢᠯᠡᠳᠦᠯ ᠭᠠᠷᠭᠠᠳᠠᠭ᠃ ᠠᠮᠧᠷᠢᠺᠠ ᠶᠢᠨ ︽ᠰᠦᠯᠵᠢᠶᠡᠳᠦ ᠡᠮᠨᠡᠯᠭᠡ ᠶᠢᠨ ᠤᠬᠠᠭᠠᠨ ᠤ ᠳ᠋ᠤᠺᠲ᠋ᠤᠷ | ᠰᠦᠯᠵᠢᠶ᠎ᠡ︾ ᠨᠢ ᠤᠶᠢᠷ᠎ᠠ ᠳᠤ ᠵᠤᠬᠢᠶᠠᠯ ᠨᠡᠶᠢᠳᠡᠯᠡᠵᠦ᠂ ᠭᠡᠷ ᠤᠨ ᠠᠬᠠᠮᠠᠳ ᠤᠨ ᠠᠩᠬᠠᠷᠬᠤ ᠶᠤᠰᠤᠳᠠᠢ ᠨᠠᠢᠮᠠᠨ | ᠮᠠᠭᠤ ᠲᠠᠳᠬᠠᠯ ᠢ ᠵᠢᠭᠠᠨ ᠭᠠᠷᠭᠠᠭᠰᠠᠨ ᠪᠠᠶᠢᠨ᠎ᠠ᠃ | 1. ᠪᠤᠰᠤᠳ ᠢ ᠰᠢᠭᠦᠮᠵᠢᠯᠡᠵᠦ ᠭᠤᠮᠤᠳᠠᠯ ᠢᠶᠠᠨ ᠲᠤᠭᠠᠴᠠᠬᠤ ᠲᠤᠷᠠᠳᠠᠢ ᠪᠠᠶᠢᠬᠤ᠃ ᠡᠬᠡ | ᠪᠤᠯᠤᠭᠰᠠᠳ ᠬᠡᠷᠪᠡ ᠦᠷᠭᠦᠯᠵᠢ ᠪᠡᠶ᠎ᠡ ᠭᠠᠯᠪᠢᠷ ᠢᠶᠠᠨ ᠲᠤᠭᠤᠬᠤ ᠦᠭᠡᠢ ᠭᠤᠮᠤᠳᠠᠯ ᠲᠤᠭᠠᠴᠠᠬᠤ ᠳᠤ ᠬᠦᠷᠪᠡᠯ | ᠬᠡᠦᠬᠡᠳ ᠲᠤ᠂ ᠤᠨᠴᠠᠭᠠᠶᠢᠯᠠᠨ ᠬᠡᠦᠭᠡᠨ ᠳᠡᠭᠡᠨ ︽ᠪᠡᠶ᠎ᠡ ᠪᠠᠨ ᠬᠦᠨᠳᠦᠳᠬᠡᠬᠦ ᠰᠡᠳᠬᠢᠯᠭᠡ ᠨᠢ ᠭᠤᠤᠯᠳᠠᠭᠤ ᠪᠡᠶ᠎ᠡ | ᠭᠠᠯᠪᠢᠷ ᠤᠨ ᠰᠠᠶᠢᠬᠠᠨ ᠡᠰᠡᠬᠦ ᠠᠴᠠ ᠢᠷᠡᠬᠦ︾ ᠭᠡᠬᠦ ᠤᠶᠢᠯᠠᠭᠠᠯᠳᠠ ᠦᠭᠳᠡᠭ ᠶᠤᠮ᠃ ᠡᠨᠡ ᠨᠢ ᠬᠡᠥᠬᠡᠳ ᠤᠨ ᠪᠡᠶ᠎ᠡ | ᠪᠠᠨ ᠬᠦᠨᠳᠦᠳᠬᠡᠬᠦ ᠰᠡᠳᠬᠢᠯᠭᠡ ᠶᠢ ᠨᠢ ᠠᠮᠠᠷᠬᠠᠨ ᠨᠠᠵᠠᠭᠠᠶᠢᠷᠠᠭᠤᠯᠤᠨ᠂ ᠵᠠᠯᠠᠭᠤ ᠪᠠᠭᠠᠴᠤᠳ ᠢ ᠬᠤᠭᠤᠯᠠ ᠪᠠᠨ | ᠬᠠᠰᠤᠵᠤ ᠦᠷᠦᠭᠡᠰᠦᠯ ᠢᠶᠠᠷ ᠮᠠᠷᠢᠶ᠎ᠠ ᠰᠢᠭᠤᠷᠠᠭᠤᠯᠬᠤ ᠪᠤᠶᠤ ᠬᠤᠭᠤᠯᠠ ᠭᠤᠯᠤᠬᠤ ᠪᠠᠶᠢᠳᠠᠯ ᠲᠠᠢ ᠪᠤᠯᠭᠠᠳᠠᠭ᠃ | 2. ᠢᠳᠡᠭᠡᠨ ᠢᠶᠠᠷ ᠤᠷᠮ᠎ᠠ ᠰᠡᠳᠬᠢᠯᠭᠡ ᠪᠠᠨ ᠲᠠᠶᠢᠳᠬᠤᠷᠠᠭᠤᠯᠬᠤ᠃ ᠭᠡᠷ ᠤᠨ ᠠᠬᠠᠮᠠᠳ ᠨᠢ | ᠰᠠᠨᠠᠭ᠎ᠠ ᠵᠤᠪᠠᠭ᠋ᠤ ᠪᠤᠶᠤ ᠪᠡᠶ᠎ᠡ ᠳᠡᠭᠡᠨ ᠢᠳᠡᠬᠡᠯ ᠦᠭᠡᠢ ᠪᠤᠯᠬᠤ ᠦᠶᠡᠰ ᠢᠳᠡᠭᠡᠨ ᠢᠶᠠᠷ ᠪᠡᠶ᠎ᠡ ᠪᠠᠨ ᠲᠠᠶᠢᠬᠤᠷᠠᠭᠤᠯᠳᠠᠭ | ᠶᠤᠮ᠃ ᠡᠨᠡ ᠨᠢ ᠬᠡᠥᠬᠡᠳ ᠲᠤ ᠢᠳᠡᠭᠡᠨ ᠢᠶᠠᠷ ᠤᠯᠠᠨ ᠠᠰᠠᠭᠤᠳᠠᠯ ᠢ ᠰᠢᠢᠳᠪᠦᠷᠢᠯᠡᠵᠦ ᠲᠡᠶᠢᠯᠬᠦ ᠭᠡᠰᠡᠨ | ᠤᠶᠢᠯᠠᠭᠠᠯᠳᠠ ᠦᠭᠳᠡᠭ᠃ ᠦᠨᠡᠨᠳᠡᠭᠡᠨ ᠨᠠᠶᠢᠵᠠ ᠲᠠᠢ ᠪᠠᠨ ᠶᠠᠷᠢᠯᠴᠠᠬᠤ᠂ ᠵᠤᠭᠠᠴᠠᠵᠤ ᠰᠡᠯᠡᠭᠦᠴᠡᠬᠦ ᠵᠡᠷᠭᠡ ᠠᠷᠭ᠎ᠠ | ᠬᠡᠯᠪᠡᠷᠢ ᠪᠠᠷ ᠲᠠᠮᠵᠢᠨ ᠤᠷᠮ᠎ᠠ ᠰᠡᠳᠬᠢᠯᠭᠡ ᠪᠠᠨ ᠲᠠᠯᠪᠢᠷᠠᠭᠤᠯᠵᠤ ᠪᠤᠯᠤᠨ᠎ᠠ᠃ | 3. ᠭᠠᠷ ᠤᠳᠠᠰᠤ ᠪᠠ ᠺᠤᠮᠫᠢᠦ᠋ᠲ᠋ᠧᠷ ᠢ ᠬᠡᠳᠦᠷᠬᠡᠢ ᠬᠡᠷᠡᠭᠯᠡᠬᠦ᠃ ᠰᠤᠳᠤᠯᠭᠠᠨ ᠳᠤ | ᠢᠯᠡᠷᠡᠭᠦᠯᠦᠭᠰᠡᠨ ᠢᠶᠠᠷ᠂ ᠲᠡᠯᠭᠡᠴᠡ ᠶᠢᠨ ᠡᠮᠦᠨ᠎ᠡ ᠤᠷᠲᠤ ᠴᠠᠭ ᠢᠶᠠᠷ ᠰᠠᠭᠤᠬᠤ ᠨᠢ ᠬᠡᠥᠬᠡᠳ ᠤᠨ ᠤᠨᠳᠠᠯᠭ᠎ᠠ ᠶᠢ | ᠬᠠᠷᠰᠢᠯᠠᠵᠤ᠂ ᠰᠤᠷᠤᠯᠭ᠎ᠠ ᠶᠢᠨ ᠬᠢᠷᠢ ᠪᠦᠲᠦᠮᠵᠢ ᠶᠢ ᠲᠤᠷᠤᠭᠰᠢᠯᠠᠭᠤᠯᠬᠤ᠂ ᠪᠡᠶ᠎ᠡ ᠶᠢᠨ ᠵᠢᠩ ᠨᠡᠮᠡᠭᠳᠡᠬᠦ ᠵᠡᠷᠭᠡ | ᠠᠰᠠᠭᠤᠳᠠᠯ ᠢ ᠡᠭᠦᠰᠭᠡᠳᠡᠭ᠃ ᠬᠡᠦᠭᠡᠳ ᠭᠡᠷ ᠤᠨ ᠠᠬᠠᠮᠠᠳ ᠲᠠᠢ ᠪᠠᠨ ᠬᠠᠮᠲᠤ ᠬᠤᠭᠤᠯᠠ ᠢᠳᠡᠬᠦ ᠨᠢ ᠬᠡᠥᠬᠡᠳ ᠤᠨ | ᠮᠠᠷᠢᠶᠠᠯᠠᠬᠤ ᠨᠤᠷᠮ᠎ᠠ ᠶᠢ ᠲᠤᠤᠷ᠎ᠠ ᠪᠤᠯᠭᠠᠵᠤ ᠴᠢᠳᠠᠨ᠎ᠠ᠃ ᠵᠠᠷᠢᠮ ᠭᠡᠷ ᠤᠨ ᠠᠬᠠᠮᠠᠳ ᠬᠤᠭᠤᠯᠠ ᠢᠳᠡᠬᠦ ᠶᠢᠨ ᠲᠠᠭᠠᠤ | ᠤᠬᠤᠷ ᠮᠡᠳᠡᠭᠡ ᠪᠢᠴᠢᠵᠤ ᠪᠤᠯᠬᠤ ᠦᠭᠡᠢ ᠬᠡᠵᠦ ᠭᠡᠦᠭᠡᠳ ᠢᠶᠠᠨ ᠰᠤᠷᠭᠠᠳᠠᠭ ᠴᠤ ᠦᠪᠡᠷᠳᠡᠭᠡᠨ ᠬᠠᠷᠢᠨ ᠭᠠᠷ | ᠤᠳᠠᠰᠤ ᠪᠠᠨ ᠤᠷᠤᠯᠳᠤᠴᠢᠬᠠᠨᠠ᠃ ᠶᠠᠷᠢᠵᠤ ᠰᠤᠷᠭᠠᠬᠤ ᠨᠢ ᠪᠡᠶ᠎ᠡ ᠪᠠᠷ ᠢᠶᠠᠨ ᠬᠡᠪ ᠲᠦᠷᠢᠮ ᠦᠵᠡᠭᠦᠯᠬᠦ ᠶᠢ ᠬᠦᠷᠬᠦ | ᠦᠭᠡᠢ ᠶᠤᠮ᠃ ᠭᠡᠷ ᠲᠡᠭᠡᠨ ᠪᠠᠰᠠ ᠭᠠᠷ ᠮᠠᠰᠢᠨ᠂ ᠺᠤᠮᠫᠢᠦ᠋ᠲ᠋ᠧᠷ ᠬᠡᠷᠡᠭᠯᠡᠬᠦ ᠵᠤᠬᠢᠰᠲᠠᠢ ᠲᠦᠷᠢᠮ ᠲᠤᠭᠳᠠᠭᠠᠯ | ᠭᠠᠷᠭᠠᠵᠤ᠂ ᠲᠦᠷᠢᠮ ᠲᠤᠭᠳᠠᠭᠠᠯ ᠶᠤᠰᠤᠭᠠᠷ ᠵᠢᠷᠦᠮᠯᠡᠨ ᠲᠠᠭᠠᠬᠤ ᠬᠡᠷᠡᠭᠳᠠᠢ᠃ | 4. ᠭᠠᠳᠠᠷ ᠪᠠᠶᠢᠳᠠᠯ ᠪᠠ ᠡᠳ᠋ ᠮᠦᠩᠬᠦ ᠶᠢ ᠬᠡᠳᠦᠷᠬᠡᠢ ᠬᠦᠭᠡᠭᠡᠴᠡᠯᠳᠦᠬᠦ᠃ ᠭᠡᠷ ᠤᠨ ᠠᠬᠠᠮᠠᠳ | ᠨᠢ ᠭᠠᠳᠠᠷ ᠪᠠᠶᠢᠳᠠᠯ ᠪᠠ ᠡᠳ᠋ ᠮᠦᠩᠬᠦ ᠶᠢ ᠬᠡᠳᠦᠷᠬᠡᠢ ᠬᠦᠭᠡᠭᠡᠴᠡᠯᠳᠦᠪᠡᠯ ᠬᠡᠥᠬᠡᠳ ᠲᠤ ᠠᠮᠠᠷᠬᠠᠨ ᠪᠤᠷᠤᠭᠤ | ᠤᠶᠢᠯᠠᠭᠠᠯᠳᠠ ᠦᠭᠳᠡᠭ᠃ ᠡᠶᠢᠮᠦ ᠠᠴᠠ ᠭᠡᠷ ᠤᠨ ᠠᠬᠠᠮᠠᠳ ᠨᠢ ᠬᠡᠥᠬᠡᠳ ᠢ ᠡᠷᠡᠭᠦᠯ ᠰᠠᠶᠢᠬᠠᠨ ᠵᠠᠩ ᠲᠠᠳᠬᠠᠯ ᠲᠠᠢ | ᠪᠤᠯᠭᠠᠨ ᠬᠦᠮᠦᠵᠢᠭᠦᠯᠦᠨ᠎ᠡ᠃ ᠵᠢᠱᠢᠶᠡᠯᠡᠪᠡᠯ᠄ ᠵᠤᠭᠠᠴᠠᠬᠤ᠂ ᠪᠦᠮᠪᠦᠭᠡ ᠨᠠᠭᠠᠳᠬᠤ ᠵᠡᠷᠭᠡ᠃ ᠪᠡᠶ᠎ᠡ ᠶᠢᠨ ᠡᠷᠡᠭᠦᠯ | ᠴᠢᠬᠢᠷᠠᠭ ᠨᠢ ᠵᠠᠰᠠᠵᠤ ᠴᠢᠮᠡᠬᠦ ᠠᠴᠠ ᠨᠡᠩ ᠴᠢᠬᠤᠯᠠ ᠭᠡᠳᠡᠭ ᠢ ᠤᠶᠢᠯᠠᠭᠠᠭᠤᠯᠤᠨ᠎ᠠ᠃ ᠭᠡᠷ ᠤᠨ ᠠᠬᠠᠮᠠᠳ ᠨᠢ | ᠬᠡᠥᠬᠡᠳ ᠤᠨ ᠢᠶᠠᠨ ᠰᠠᠶᠢᠨ ᠰᠠᠶᠢᠬᠠᠨ ᠵᠠᠩ ᠲᠠᠳᠬᠠᠯ᠂ ᠲᠠᠷᠤᠢ ᠰᠡᠴᠡᠨ ᠰᠡᠷᠭᠦᠯᠡᠩ᠂ ᠴᠠᠶᠢᠯᠭᠠᠨ ᠰᠡᠳᠬᠢᠯ ᠢ | ᠢᠯᠡᠭᠦᠦ ᠮᠠᠭᠳᠠᠪᠠᠯ ᠵᠤᠬᠢᠨ᠎ᠠ᠃ | 5. ᠠᠷᠢᠬᠢ ᠪᠠᠷ ᠵᠤᠪᠠᠨᠢᠯ ᠢᠶᠠᠨ ᠠᠷᠢᠯᠭᠠᠬᠤ᠃ ᠠᠵᠢᠯ ᠳᠠᠭᠠᠨ ᠤᠷᠤᠭᠰᠢ ᠦᠭᠡᠢ ᠪᠤᠯᠪᠠᠯ᠂ | ᠬᠡᠷ ᠲᠡᠭᠡᠨ ᠬᠠᠷᠢᠵᠤ ᠠᠷᠢᠬᠢ ᠤᠤᠭᠤᠬᠤ ᠨᠢ ᠬᠡᠥᠬᠡᠳ ᠲᠤ ᠠᠷᠢᠬᠢ ᠪᠤᠯ ᠲᠠᠷᠤᠭᠠᠰᠤ ᠪᠠᠨ ᠬᠦᠩᠭᠡᠷᠡᠭᠦᠯᠬᠦ | ᠲᠤᠬᠢᠷᠠᠮᠵᠢᠲᠠᠢ ᠠᠷᠭ᠎ᠠ ᠭᠡᠰᠡᠨ ᠤᠶᠢᠯᠠᠭᠠᠯᠳᠠ ᠦᠭᠳᠡᠭ᠃ ᠡᠶᠢᠮᠦ ᠠᠴᠠ ᠭᠡᠷ ᠤᠨ ᠠᠬᠠᠮᠠᠳ ᠨᠢ ᠪᠤᠰᠤᠳ ᠠᠷᠭ᠎ᠠ | ᠪᠠᠷ ᠰᠡᠳᠬᠢᠯ ᠤᠨ ᠲᠠᠷᠤᠭᠠᠰᠤ ᠪᠠᠨ ᠬᠦᠩᠭᠡᠯᠡᠬᠦ ᠶᠢ ᠰᠤᠷᠴᠤ᠂ ᠢᠳᠡᠪᠬᠢ ᠤᠪᠤᠷ ᠢᠶᠠᠷ ᠠᠮᠢᠳᠤᠷᠠᠯ ᠳᠤ ᠬᠠᠨᠳᠤᠬᠤ | ᠬᠡᠷᠡᠭᠳᠠᠢ᠃ ᠵᠢᠱᠢᠶᠡᠯᠡᠪᠡᠯ᠄ ᠪᠡᠶ᠎ᠡ ᠪᠠᠨ ᠪᠤᠯᠪᠠᠰᠤᠷᠠᠭᠤᠯᠬᠤ᠂ ᠭᠦᠨ ᠪᠤᠳᠤᠯᠬᠢᠯᠠᠵᠤ ᠨᠠᠮ ᠰᠠᠭᠤᠬᠤ᠂ ᠭᠡᠷ ᠤᠨ | ᠬᠦᠮᠦᠰ ᠲᠠᠢ ᠪᠠᠨ ᠵᠤᠭᠤᠭᠳᠠᠬᠤ ᠵᠡᠷᠭᠡ᠃ | 6. ᠪᠤᠰᠤᠳ ᠬᠦᠮᠦᠨ ᠲᠠᠢ ᠠᠳᠠᠯᠢᠳᠬᠠᠬᠤ ᠲᠤᠷᠠᠳᠠᠢ᠃ ᠵᠠᠷᠢᠮ ᠭᠡᠷ ᠤᠨ ᠠᠬᠮᠠᠳ ᠨᠢ | ᠪᠤᠰᠤᠳ ᠲᠠᠢ ᠠᠳᠠᠯᠢᠳᠬᠠᠬᠤ ᠲᠤᠷᠠᠲᠠᠢ ᠪᠠᠶᠢᠵᠤ᠂ ︽ᠵᠠᠷᠭᠡᠯᠡᠳᠡᠭᠡ ᠠᠶᠢᠯ ᠤᠨ ᠬᠡᠥᠬᠡᠳ ᠬᠢᠷᠢ ᠵᠡᠷᠭᠡ ᠪᠠᠶᠢᠬᠤ︾ ︽ | ᠴᠢᠨᠤ ᠬᠠᠮᠲᠤ ᠰᠤᠷᠤᠭᠴᠢ ᠴᠢᠨᠢ ᠶᠠᠮᠠᠷ ᠶᠠᠮᠠᠷ ᠪᠠᠶᠢᠬᠤ︾ ᠬᠡᠵᠦ ᠬᠡᠯᠡᠵᠦ ᠬᠡᠥᠬᠡᠳ ᠢᠶᠠᠨ ᠰᠤᠷᠭᠠᠳᠠᠭ᠃ ᠢᠩᠭᠢᠵᠦ | ᠬᠢᠭᠰᠡᠨ ᠢᠶᠠᠷ ᠬᠡᠷᠡᠭ ᠤᠴᠢᠷ ᠤᠨ ᠬᠠᠨᠳᠤᠰᠢ ᠨᠢ ᠦᠰᠦᠳ ᠦᠭᠡᠷ᠎ᠡ ᠪᠤᠯᠵᠤ᠂ ᠬᠡᠥᠬᠡᠳ ᠢ ᠵᠤᠷᠢᠭᠵᠢᠭᠤᠯᠵᠤ ᠲᠡᠶᠢᠯᠬᠦ | ᠦᠭᠡᠢ ᠬᠡᠳᠡᠷᠬᠦ ᠪᠠᠨ ᠬᠡᠥᠬᠡᠳ ᠲᠤ ᠰᠦᠷᠬᠡᠦ ᠰᠡᠳᠬᠢᠴᠡ ᠡᠭᠦᠰᠭᠡᠨ᠎ᠡ᠃ ᠡᠶᠢᠮᠦ ᠠᠴᠠ ᠬᠡᠥᠬᠡᠳ ᠰᠠᠶᠢᠨ ᠢᠯᠡᠷᠡᠯ | ᠲᠠᠢ ᠦᠶᠡᠰ ᠴᠠᠭ ᠲᠤᠬᠠᠢ ᠳᠤᠨᠢ ᠰᠠᠶᠢᠰᠢᠶᠠᠨ ᠮᠠᠭᠳᠠᠪᠠᠯ ᠵᠤᠬᠢᠨ᠎ᠠ᠃ | 7. ᠦᠷᠭᠦᠯᠵᠢ ᠬᠡᠷᠡᠭᠦᠯ ᠬᠢᠬᠦ᠃ ᠭᠡᠷ ᠤᠨ ᠠᠬᠠᠮᠠᠳ ᠦᠷᠭᠦᠯᠵᠢ ᠬᠡᠷᠡᠭᠦᠯ ᠬᠢᠬᠦ ᠨᠢ | ᠠᠰᠠᠭᠤᠳᠠᠯ ᠰᠢᠢᠳᠪᠦᠷᠢᠯᠡᠬᠦ ᠶᠢᠨ ᠡᠷᠬᠡᠪᠰᠢ ᠦᠩᠭᠡᠷᠡᠭᠡᠬᠦ ᠶᠠᠪᠤᠴᠠ ᠭᠡᠵᠦ ᠬᠡᠥᠬᠡᠳ ᠲᠡᠭᠡᠨ ᠤᠶᠢᠯᠠᠭᠠᠯᠳᠠ ᠦᠭᠳᠡᠭ᠃ | ᠭᠡᠷ ᠤᠨ ᠠᠬᠠᠮᠠᠳ ᠤᠨ ᠡᠨᠡᠬᠦ ᠠᠵᠢᠯᠯᠠᠭ᠎ᠠ ᠨᠢ ᠠᠰᠠᠭᠤᠳᠠᠯ ᠢ ᠰᠢᠢᠳᠪᠦᠷᠢᠯᠡᠵᠦ ᠲᠡᠶᠢᠯᠬᠦ ᠦᠭᠡᠢ ᠭᠡᠳᠡᠷᠬᠦ ᠪᠠᠨ | ᠬᠡᠥᠬᠡᠳ ᠲᠤ ᠲᠠᠷᠤᠭᠠᠰᠤ ᠦᠭᠴᠦ ᠮᠠᠷᠢᠶ᠎ᠠ ᠶᠢ ᠨᠢ ᠨᠡᠮᠡᠭᠳᠡᠭᠦᠯᠳᠡᠭ ᠶᠤᠮ᠃ | 8. ᠪᠤᠰᠤᠳ ᠬᠦᠮᠦᠨ ᠢ ᠡᠯᠳᠡᠪ ᠡᠰᠡᠨ ᠢᠶᠠᠷ ᠮᠠᠭᠤᠯᠠᠬᠤ᠃ ᠤᠯᠠᠩᠬᠢ ᠭᠡᠷ ᠤᠨ ᠠᠬᠠᠮᠠᠳ | ᠪᠤᠰᠤᠳ ᠬᠦᠮᠦᠨ ᠤ ᠭᠠᠳᠠᠷ ᠪᠠᠶᠢᠳᠠᠯ ᠪᠠ ᠦᠢᠯᠡ ᠠᠵᠢᠯᠯᠠᠭ᠎ᠠ ᠶᠢ ᠡᠯᠳᠡᠪ ᠡᠰᠡᠨ ᠢᠶᠠᠷ ᠮᠠᠭᠤᠯᠠᠨ ᠶᠠᠷᠢᠳᠠᠭ᠃ | ᠦᠨᠡᠨᠳᠡᠭᠡᠨ ᠡᠨᠡ ᠪᠤᠯ ᠪᠡᠶ᠎ᠡ ᠪᠠᠨ ᠢᠳᠡᠬᠡᠬᠦ ᠲᠠᠯ᠎ᠠ ᠪᠠᠷ ᠲᠤᠳᠠᠮᠠᠭ ᠪᠠᠶᠢᠬᠤ ᠶᠢ ᠬᠠᠷᠠᠭᠤᠯᠵᠤ ᠪᠠᠶᠢᠨ᠎ᠠ᠃ ᠡᠳᠦᠷ ᠤᠨ | ᠤᠳᠠᠭᠠᠨ ᠳᠠᠭᠠᠨ ᠬᠡᠥᠬᠡᠳ ᠪᠠᠰᠠ ᠡᠶᠢᠮᠦᠷᠬᠦᠦ ᠮᠠᠭᠤ ᠲᠠᠳᠬᠠᠯ ᠲᠠᠢ ᠪᠤᠯᠴᠢᠬᠠᠨ᠎ᠠ᠃ | |