| | ᠶᠢᠰᠦᠬᠡᠢ ᠪᠠᠭᠠᠳᠤᠷ ᠲᠡᠲ᠋ᠠᠷ ᠢᠷᠬᠡᠨ ᠳᠤ ᠬᠤᠤᠷᠯᠠᠭᠳᠠᠨ ᠦᠬᠦᠭᠰᠡᠨ ᠤ ᠲᠠᠷᠠᠭ᠎ᠠ᠂ ᠠᠮᠪᠠᠭᠠᠢ | ᠬᠠᠭᠠᠨ ᠤ ᠤᠭᠰᠠᠭ᠎ᠠ ᠲᠦᠷᠦᠯ ᠠᠴᠠ ᠲᠠᠶᠢᠴᠢᠭᠤᠳ ᠨᠠᠷ ᠪᠡᠯᠪᠡᠰᠤᠨ ᠦᠬᠡᠯᠦᠨ ᠦᠵᠢᠨ ᠪᠤᠯᠤᠨ ᠲᠡᠬᠦᠨ ᠤ | ᠦᠨᠦᠴᠢᠨ ᠬᠡᠤᠬᠡᠳ ᠢ ᠤᠶᠢᠰᠢᠶᠡᠬᠤ ᠦᠭᠡᠢ ᠪᠤᠯᠤᠭᠰᠠᠨ ᠢᠶᠠᠷ ᠦᠯᠤ ᠪᠠᠷᠠᠨ᠂ ᠪᠠᠰᠠ ᠡᠯᠳᠡᠪ ᠰᠢᠯᠳᠠᠭ ᠡᠷᠢᠨ | ᠲᠠᠷᠤᠯᠠᠨ ᠲᠤᠷᠤᠮᠵᠢᠯᠠᠨᠠ᠃ | ᠨᠢᠬᠡᠨ ᠬᠠᠪᠤᠷ᠂ ᠠᠮᠪᠠᠭᠠᠢ ᠬᠠᠭᠠᠨ ᠤ ᠤᠷᠪᠠᠢ᠂ ᠰᠤᠬᠠᠳᠠᠢ ᠬᠤᠶᠠᠷ ᠬᠠᠳᠤᠨ ᠶᠡᠬᠡᠰ ᠤᠨ | ᠭᠠᠵᠠᠷ ① ᠲᠤ ᠲᠠᠶᠢᠯᠭ᠎ᠠ ᠶᠢᠨ ᠢᠳᠡᠬᠡᠨ ᠡᠷᠬᠦᠬᠦ ᠪᠠᠷ ᠶᠠᠪᠤᠬᠤ ᠳᠠᠭᠠᠨ ᠦᠬᠡᠯᠦᠨ ᠦᠵᠢᠨ ᠳᠤ ᠬᠡᠯᠡᠭᠰᠡᠨ ᠦᠭᠡᠢ | ᠲᠤᠯᠠ ᠲᠡᠬᠦᠨ ᠢ ᠮᠡᠳᠡᠬᠡᠳ ᠬᠦᠷᠳᠡᠯ᠎ᠡ ᠲᠠᠶᠢᠯᠭ᠎ᠠ ᠨᠢᠬᠡᠨᠳᠠ ᠲᠠᠭᠤᠰᠤᠭᠰᠠᠨ ᠪᠠᠶᠢᠪᠠ᠃ ᠡᠬᠦᠨ ᠳᠤ ᠤᠷᠪᠠᠢ᠂ | ᠰᠤᠬᠠᠳᠠᠢ ᠬᠤᠶᠠᠷ ᠬᠠᠳᠤᠨ᠄ | ︽ᠶᠢᠰᠦᠬᠡᠢ ᠶᠢ ᠦᠬᠡᠢ ᠪᠤᠯᠤᠮᠠᠭᠴᠠ ᠦᠬᠡᠯᠦᠨ ᠤ ᠵᠤᠷᠢᠭ ᠶᠡᠬᠡᠳᠴᠤ ᠶᠡᠬᠡᠰ ᠤᠨ ᠭᠠᠵᠠᠷ | ᠲᠤ ᠲᠠᠶᠢᠯᠭ᠎ᠠ ᠶᠢᠨ ᠢᠳᠡᠬᠡᠨ ᠴᠦ ᠡᠷᠬᠦᠬᠦ ᠲᠤᠷ᠎ᠠ ᠦᠭᠡᠢ ᠪᠤᠯᠪᠠ᠂ ᠲᠠᠶᠢᠯᠭ᠎ᠠ ᠶᠢᠨ ᠢᠳᠡᠬᠡᠨ ᠡᠷᠬᠦᠬᠦ ᠲᠤᠷ᠎ᠠ ᠦᠭᠡᠢ | ᠬᠦᠮᠦᠨ ᠳᠤ ᠢᠳᠡᠬᠡᠨ ᠤ ᠬᠤᠪᠢ ᠬᠠᠮᠢᠭ᠎ᠠ ᠪᠠᠶᠢᠬᠤ ᠪᠤᠢ︖︾ ᠬᠡᠵᠤ ᠡᠰᠡ ᠦᠭᠪᠡ᠃ ᠦᠬᠡᠯᠦᠨ ᠦᠵᠢᠨ | ᠠᠭᠤᠷ ᠢᠶᠠᠨ ᠲᠠᠷᠤᠵᠤ ᠶᠠᠳᠠᠨ᠄ | ︽ᠲᠠ ᠨᠠᠷ ᠶᠢᠰᠦᠬᠡᠢ ᠪᠠᠭᠠᠳᠤᠷ ᠢ ᠦᠬᠦᠪᠡ ᠬᠡᠵᠤ ᠦᠨᠦᠴᠢᠨ ᠬᠡᠤᠬᠡᠳ ᠢ ᠮᠢᠨᠢ ᠪᠠᠯᠴᠢᠷ | ᠬᠡᠵᠤ ᠦᠬᠡᠯᠦᠨ ᠨᠠᠮᠠᠢᠢ ᠲᠤᠷᠤᠮᠵᠢᠯᠡᠨ ᠶᠡᠬᠡᠰ ᠤᠨ ᠲᠠᠶᠢᠯᠭ᠎ᠠ ᠶᠢᠨ ᠬᠡᠰᠢᠭ ᠤᠨ ᠢᠳᠡᠬᠡᠨ ᠰᠠᠷᠬᠤᠳ ᠠᠴᠠ ᠦᠯᠦ | ᠦᠭᠬᠦ ᠪᠠᠷ ᠪᠠᠷᠠᠬᠤ ᠦᠭᠡᠢ ᠪᠠᠰᠠ ᠦᠭᠡ ᠪᠠᠷ ᠲᠠᠭᠠᠷᠢᠭᠤᠯᠬᠤ ᠨᠢ ᠲᠠᠩᠴᠤ ᠬᠡᠳᠤᠷᠴᠤ ᠪᠠᠶᠢᠨ᠎ᠠ︕︾ ᠬᠡᠰᠡᠨ ᠳᠤ᠂ | ᠤᠷᠪᠠᠢ᠂ ᠰᠤᠬᠠᠳᠠᠢ ᠬᠤᠶᠠᠷ ᠬᠠᠳᠤᠨ ᠤᠯᠠᠮ ᠬᠢᠯᠢᠩᠨᠡᠨ᠄ | ︽ᠤᠷᠢᠵᠤ ᠴᠢᠮ᠎ᠡ ᠳᠤ ᠦᠭᠬᠦ ᠶᠤᠰᠤ ᠦᠭᠡᠢ | ᠤᠴᠠᠷᠠᠪᠠᠯ ᠴᠢ ᠦᠪᠡᠷ ᠢᠶᠠᠨ ᠠᠪᠴᠤ ᠢᠳᠡ | ᠬᠦᠷᠬᠡᠵᠤ ᠴᠢᠮ᠎ᠡ ᠳᠤ ᠦᠭᠬᠦ ᠶᠤᠰᠤ ᠦᠭᠡᠢ | ᠬᠦᠷᠳᠡᠪᠡᠯ ᠴᠢ ᠦᠪᠡᠷ ᠢᠶᠠᠨ ᠠᠪᠴᠤ ᠢᠳᠡ︕ ᠠᠮᠪᠠᠭᠠᠢ ᠬᠠᠭᠠᠨ ᠦᠬᠦᠭᠰᠡᠨ ᠴᠦ | ᠠᠪᠠᠭ᠎ᠠ ᠪᠢᠵᠡ᠂ ᠴᠢ ᠶᠠᠭᠠᠬᠢᠨ ᠢᠩᠬᠢᠵᠤ ᠶᠤᠰᠤ ᠦᠭᠡᠢ ᠠᠭᠠᠰᠢᠯᠠᠨᠡ︖︾ ᠬᠡᠵᠤ ᠭᠠᠷ ᠢᠶᠠᠨ ᠬᠠᠶᠠᠯᠠᠨ ᠪᠤᠴᠠᠪᠠ | ᠃ ᠲᠡᠳᠡ ᠵᠠᠮ ᠳᠠᠭᠠᠨ ᠦᠬᠡᠯᠦᠨ ᠦᠵᠢᠨ ᠢ ᠦᠨᠦᠴᠢᠨ ᠬᠡᠤᠬᠡᠳ ᠤᠨ ᠬᠢᠨᠢ ᠬᠠᠮᠳᠤ ᠤᠷᠬᠢᠵᠤ ᠨᠡᠬᠦᠬᠦ ᠪᠠᠷ | ᠬᠡᠯᠡᠯᠴᠡᠨ ᠲᠤᠭᠳᠠᠪᠠ᠃ | ᠮᠠᠷᠭᠠᠰᠢ ᠨᠢ᠂ ᠲᠠᠶᠢᠴᠢᠭᠤᠳ ᠤᠨ ᠲᠠᠷᠭᠤᠳᠠᠢ ᠬᠢᠷᠢᠯᠳᠤᠭ᠂ ᠲᠤᠳᠤᠶᠢᠨ ᠬᠢᠷᠳᠤ ᠨᠠᠷ | ᠠᠶᠢᠮᠠᠭ ᠲᠦᠷᠦᠯ ᠤᠨ ᠤᠯᠠᠨ ᠢᠶᠠᠨ ᠲᠠᠭᠠᠭᠤᠯᠤᠨ ᠤᠨᠤᠨ ᠮᠦᠷᠡᠨ ᠦᠬᠡᠳᠡ ᠨᠡᠬᠦᠨ ᠤᠳᠪᠠ᠃ ᠦᠬᠡᠯᠦᠨ ᠦᠵᠢᠨ | ᠲᠡᠳᠡᠨ ᠢ ᠲᠠᠭᠤᠳᠠᠷᠠ ᠢᠷᠡᠬᠦ ᠪᠤᠯᠪᠠ ᠤᠤ︖ ᠬᠡᠵᠤ ᠬᠡᠳᠤᠢ ᠬᠠᠷᠠᠭᠰᠠᠨ ᠴᠦ ᠬᠡᠨ ᠴᠦ ᠢᠷᠡᠭᠰᠡᠨ ᠦᠭᠡᠢ᠂ ᠬᠠᠷᠢᠨ | ᠨᠡᠬᠦᠨ ᠤᠳᠬᠤ ᠢᠷᠬᠡᠳ ᠨᠡᠮᠡᠭᠳᠡᠭᠰᠡᠬᠡᠷ ᠪᠠᠶᠢᠪᠠ᠃ ᠡᠬᠦᠨ ᠳᠤ ᠶᠢᠰᠦᠬᠡᠢ ᠪᠠᠭᠠᠳᠤᠷ ᠤᠨ ᠬᠡᠷ ᠤᠨ ᠵᠠᠷᠤᠴᠠ | ᠬᠤᠩᠬᠤᠳᠠᠨ ᠤ ᠴᠢᠷᠬ᠎ᠠ ᠡᠪᠦᠬᠡᠨ ᠲᠠᠶᠢᠴᠢᠭᠤᠳ ᠠᠬ᠎ᠠ ᠲᠡᠬᠦᠦ ᠨᠠᠷ ᠤᠨ ᠢᠩᠬᠢᠵᠤ ᠪᠡᠯᠪᠡᠰᠤᠨ ᠦᠨᠦᠴᠢᠨ ᠢ | ᠤᠷᠬᠢᠵᠤ ᠨᠡᠬᠦᠬᠦ ᠳᠤ ᠰᠡᠳᠬᠢᠯ ᠦᠯᠦ ᠲᠦᠪᠳᠡᠨ ᠲᠠᠷᠭᠤᠳᠠᠢ ᠬᠢᠷᠢᠯᠳᠤᠭ᠂ ᠲᠤᠳᠤᠶᠢᠨ ᠬᠢᠷᠳᠤ ᠨᠠᠷ ᠢ ᠨᠡᠬᠡᠨ | ᠬᠦᠷᠴᠤ᠄ | ︽ᠲᠠ ᠨᠠᠷ ᠪᠡᠯᠪᠡᠰᠤᠨ ᠡᠬᠡᠨᠡᠷ ᠦᠨᠦᠴᠢᠨ ᠬᠡᠤᠬᠡᠳ ᠢ ᠶᠠᠭᠠᠬᠢᠨ ᠤᠷᠬᠢᠵᠤ ᠨᠡᠬᠦᠬᠦ ᠪᠤᠢ᠂ | ᠪᠤᠴᠠᠳᠤᠭᠠᠢ︕︾ ᠬᠡᠵᠤ ᠢᠳᠬᠠᠭᠰᠠᠨ ᠳᠤ᠂ ᠲᠤᠳᠤᠶᠢᠨ ᠬᠢᠷᠳᠤ᠄ | ︽ᠴᠡᠬᠡᠯ ᠤᠨ ᠤᠰᠤ ᠰᠢᠷᠬᠢᠪᠡ | ᠴᠡᠬᠡᠨ ᠴᠢᠯᠠᠭᠤ ᠬᠠᠭᠠᠷᠠᠪᠠ ②᠃ ᠠᠳᠠ ᠶᠠᠭᠤ ᠬᠢᠵᠤ ᠰᠠᠭᠤᠬᠤ ᠪᠤᠢ︕︾ ᠬᠡᠵᠤ | ᠲᠡᠬᠦᠨ ᠤ ᠦᠬᠡ ᠶᠢ ᠦᠯᠦ ᠤᠶᠢᠰᠢᠶᠠᠨ ᠴᠢᠨᠠᠭᠰᠢ ᠶᠠᠪᠤᠪᠠ᠃ ᠴᠢᠷᠬ᠎ᠠ ᠡᠪᠦᠬᠡᠨ ᠶᠢᠰᠦᠬᠡᠢ ᠪᠠᠭᠠᠳᠤᠷ ᠤᠨ ᠦᠬᠦᠬᠦ | ᠶᠢᠨ ᠢᠶᠠᠨ ᠡᠮᠤᠨ᠎ᠡ ᠦᠨᠦᠴᠢᠨ ᠪᠡᠯᠪᠡᠰᠤᠨ ᠢᠶᠠᠨ ᠲᠡᠬᠦᠨ ᠤ ᠬᠦᠦ ᠳᠤ ᠲᠤᠰᠢᠶᠠᠵᠤ ᠪᠠᠶᠢᠭᠰᠠᠨ ᠢ ᠰᠠᠨᠠᠵᠤ᠂ ᠦᠪᠡᠷ | ᠤᠨ ᠠᠮᠢᠨ ᠳᠤ ᠠᠶᠤᠯ ᠤᠴᠠᠷᠠᠬᠤ ᠶᠢ ᠬᠠᠶᠢᠬᠤᠷᠤᠯ ᠦᠭᠡᠢ ᠬᠤᠶᠢᠨ᠎ᠡ ᠠᠴᠠ ᠨᠢ ᠲᠠᠭᠠᠵᠤ ᠬᠦᠴᠦᠯᠡᠨ ᠢᠳᠬᠠᠭᠰᠠᠨ | ᠳᠤ᠂ ᠲᠤᠳᠤᠶᠢᠨ ᠬᠢᠷᠳᠤ ᠠᠭᠤᠷᠯᠠᠵᠤ᠄ | ︽ᠬᠦᠭᠰᠢᠨ ᠵᠤᠯᠢᠭ ᠠᠮᠢᠨ ᠠᠴᠠ ᠪᠠᠨ ᠤᠶᠢᠳᠴᠤ ᠪᠠᠶᠢᠭ᠎ᠠ ᠶᠤᠮ ᠤᠤ︖ ᠴᠢ ᠪᠢᠳᠠᠨ ᠢ | ᠢᠳᠬᠠᠬᠤ ᠪᠤᠶᠤ︖︾ ᠬᠡᠵᠤ ᠴᠢᠷᠬ᠎ᠠ ᠡᠪᠦᠬᠡᠨ ᠤ ᠵᠤ ᠶᠢ ᠵᠢᠳᠠᠯᠠᠨ ᠬᠦᠬᠡᠬᠡᠪᠡ᠃ | ᠴᠢᠷᠬ᠎ᠠ ᠡᠪᠦᠬᠡᠨ ᠬᠦᠨᠳᠤ ᠰᠢᠷᠬᠠᠳᠤᠵᠤ᠂ ᠬᠡᠷ ᠲᠡᠭᠡᠨ ᠢᠷᠡᠬᠡᠳ ᠵᠤᠪᠠᠭᠤᠷᠢᠯᠠᠨ ᠬᠡᠪᠳᠡᠪᠡ᠃ | ᠦᠬᠡᠯᠦᠨ ᠦᠵᠢᠨ ᠲᠡᠮᠦᠵᠢᠨ ᠢ ᠵᠠᠷᠤᠵᠤ ᠦᠵᠡᠬᠦᠯᠦᠷᠡ ᠤᠴᠢᠭᠰᠠᠨ ᠳᠤ᠂ ᠴᠢᠷᠬ᠎ᠠ ᠡᠪᠦᠬᠡᠨ ᠨᠢᠯᠪᠤᠰᠤ ᠪᠠᠨ | ᠠᠷᠴᠢᠵᠤ᠄ | ︽ᠬᠦᠦ ᠮᠢᠨᠢ ᠴᠡᠬᠡᠵᠢᠯᠡᠵᠤ ᠶᠠᠪᠤ᠂ ᠰᠠᠶᠢᠨ ᠡᠴᠢᠬᠡ ᠶᠢᠨ ᠴᠢᠨᠢ ᠬᠤᠷᠢᠶᠠᠭᠰᠠᠨ ᠤᠯᠤᠰ ᠢ | ᠪᠤᠳᠠᠷᠠᠨ ᠰᠠᠷᠨᠢᠬᠤ ᠳᠤ ᠢᠳᠬᠠᠬᠤ ᠪᠠᠷ ᠶᠠᠪᠤᠭᠠᠳ ᠢᠩᠬᠢᠵᠤ ᠵᠢᠳᠠᠯᠠᠭᠳᠠᠪᠠ ᠪᠢ︾ ᠬᠡᠪᠡ᠃ ᠲᠠᠮᠦᠵᠢᠨ ᠲᠡᠰᠬᠡᠯ | ᠦᠭᠡᠢ ᠤᠬᠢᠯᠠᠨ ᠭᠠᠷᠴᠤ ᠢᠷᠡᠬᠡᠳ ᠴᠢᠷᠬ᠎ᠠ ᠡᠪᠦᠬᠡᠨ ᠤ ᠦᠬᠡ ᠶᠢ ᠡᠬᠡ ᠳᠡᠭᠡᠨ ᠬᠡᠯᠡᠪᠡ᠃ | ᠦᠬᠡᠯᠦᠨ ᠦᠵᠢᠨ ᠤᠳᠤ ᠰᠠᠶ᠋ᠢ ᠦᠪᠡᠷ ᠤᠨ ᠪᠡᠯᠪᠡᠰᠤᠨ ᠪᠡᠶ᠎ᠡ᠂ ᠪᠢᠴᠢᠬᠠᠨ ᠬᠡᠤᠬᠡᠳ ᠤᠨ | ᠬᠠᠮᠳᠤ ᠲᠠᠶᠢᠴᠢᠭᠤᠳ ᠨᠠᠷ ᠲᠤ ᠤᠷᠬᠢᠭᠳᠠᠵᠤ ᠪᠠᠶᠢᠭ᠎ᠠ ᠪᠠᠨ ᠮᠡᠳᠡᠵᠤ᠂ ᠨᠢᠬᠡ ᠭᠱᠠᠨᠡ ᠬᠢᠯᠢᠩ ᠤᠨ ᠭᠠᠯ ᠪᠠᠳᠠᠷᠠᠵᠤ᠄ | ︽ᠲᠠᠶᠢᠴᠢᠭᠤᠳ ᠠᠬ᠎ᠠ ᠲᠡᠬᠦᠦ ᠨᠠᠷ ᠶᠢᠰᠦᠬᠡᠢ ᠪᠠᠭᠠᠳᠤᠷ ᠤᠨ ᠠᠴᠢ ᠶᠢ ᠲᠡᠷᠰᠯᠡᠵᠤ᠂ | ᠦᠨᠦᠴᠢᠨ ᠪᠡᠯᠪᠡᠰᠤᠨ ᠪᠢᠳᠠᠨ ᠢ ᠤᠷᠬᠢᠵᠤ ᠨᠡᠬᠦᠬᠦ ᠪᠤᠯᠪᠡ ᠤᠤ︖︾ ᠬᠡᠵᠤ ᠦᠪᠴᠢ ᠬᠤᠶᠠᠭᠯᠠᠨ᠂ ᠶᠢᠰᠦᠬᠡᠢ | ᠪᠠᠭᠠᠳᠤᠷ ᠤᠨ ᠲᠤᠭ ᠢ ᠪᠠᠷᠢᠵᠤ ᠲᠠᠶᠢᠴᠢᠭᠤᠳ ᠨᠠᠷ ᠤᠨ ᠬᠤᠶᠢᠨ᠎ᠡ ᠠᠴᠠ ᠨᠡᠬᠡᠪᠡ᠃ ᠡᠨᠡ ᠦᠶ᠎ᠡ ᠳᠤ ᠲᠠᠶᠢᠴᠢᠭᠤᠳ | ᠨᠠᠷ ᠪᠦᠷ ᠬᠤᠯᠠ ᠭᠠᠷᠤᠭᠰᠠᠨ ᠲᠤᠯᠠ᠂ ᠦᠬᠡᠯᠦᠨ ᠦᠵᠢᠨ ᠵᠦᠪᠬᠡᠨ ᠬᠤᠵᠢᠭᠤ ᠬᠦᠳᠡᠯᠦᠭᠰᠡᠨ ᠨᠢᠬᠡᠨ ᠪᠦᠯᠦᠭ | ᠢᠷᠬᠡᠨ ᠢ ᠬᠦᠬᠡᠬᠡᠵᠤ ᠬᠦᠢᠴᠡᠪᠡ᠃ ᠦᠬᠡᠯᠦᠨ ᠦᠵᠢᠨ ᠵᠠᠮ ᠬᠦᠨᠳᠡᠯᠢᠰᠤᠨ ᠵᠤᠭᠰᠤᠵᠤ᠄ | ︽ᠲᠠ ᠨᠠᠷ ᠡᠨᠡ ᠲᠤᠭ ᠢ ᠲᠠᠨᠢᠵᠤ ᠪᠠᠶᠢᠨ᠎ᠠ ᠤᠤ︖ ᠶᠢᠰᠦᠬᠡᠢ ᠪᠠᠭᠠᠳᠤᠷ ᠦᠭᠡᠢ | ᠪᠤᠯᠤᠭᠰᠠᠨ ᠴᠦ ᠡᠨᠡ ᠲᠤᠭ ᠢ ᠡᠷᠬᠦᠬᠦ ᠬᠦᠮᠦᠨ ᠪᠤᠢ︕︾ ᠬᠡᠨ ᠤᠯᠠᠨ ᠢ ᠨᠢᠬᠡᠨ ᠵᠡᠷᠬᠡ ᠰᠢᠷᠳᠡᠵᠤ᠄ | ︽ᠬᠡᠨ ᠠᠶᠤᠮᠰᠢᠭ ᠦᠭᠡᠢ ᠲᠡᠬᠢᠨ ᠴᠢᠨᠠᠭᠰᠢ ᠶᠠᠪᠤᠪᠠᠯ ᠮᠢᠨᠤ ᠵᠢᠳᠠ ᠬᠠᠷᠢᠨ ᠨᠠᠶᠢᠷ ᠲᠠᠯᠪᠢᠬᠤ | ᠦᠭᠡᠢ ᠰᠢᠤ︕︾ ᠬᠡᠵᠤ ᠦᠨᠳᠤᠷ ᠲᠠᠭᠤᠨ ᠢᠶᠠᠷ ᠬᠠᠰᠬᠢᠷᠤᠭᠰᠠᠨ ᠳᠤ᠂ ᠲᠡᠳᠡ ᠦᠬᠡᠯᠦᠨ ᠦᠵᠢᠨ ᠤ | ᠪᠠᠷᠤᠶᠢᠭᠰᠠᠨ ᠴᠢᠷᠠᠢ ᠶᠢ ᠬᠠᠷᠠᠵᠤ ᠴᠢᠨᠠᠭᠰᠢ ᠶᠠᠪᠤᠬᠤ ᠠᠴᠠ ᠵᠢᠷᠦᠬᠡᠰᠢᠨ ᠬᠡᠳᠡᠷᠬᠦ ᠪᠤᠴᠠᠪᠠ᠃ ᠬᠡᠪᠡᠴᠤ ᠪᠤᠴᠠᠵᠤ | ᠢᠷᠡᠭᠰᠡᠨ ᠢᠷᠬᠡᠳ ᠲᠠᠷᠭᠤᠳᠠᠢ ᠬᠢᠷᠢᠯᠳᠤᠭ᠂ ᠲᠤᠳᠤᠶᠢᠨ ᠬᠢᠷᠳᠤ ᠨᠠᠷ ᠤᠨ ᠰᠦᠷ ᠠᠴᠠ ᠠᠶᠤᠵᠤ ᠤᠪᠤᠨ ᠴᠤᠪᠤᠨ | ᠨᠡᠬᠦᠨ ᠤᠳᠪᠠ᠃ ᠡᠬᠦᠨ ᠳᠤ ᠦᠬᠡᠯᠦᠨ ᠦᠵᠢᠨ | ᠤᠮᠳᠠᠭᠠᠰᠬᠤ ᠴᠠᠭ ᠲᠤᠨᠢ | ᠤᠮᠳᠠ ᠪᠤᠯᠤᠭᠰᠠᠨ ᠤᠨᠤᠨ ᠮᠦᠷᠡᠨ ᠳᠡᠭᠡᠨ | ᠦᠯᠦᠰᠬᠦ ᠴᠠᠭ ᠲᠤᠨᠢ | ᠦᠯ ᠵᠤᠯᠭᠠᠭᠤᠯᠳᠠᠭ ᠪᠤᠷᠬᠠᠨ ᠠᠭᠤᠯᠠᠨ ᠳᠠᠭᠠᠨ | ᠦᠪᠡᠷ ᠤᠨ ᠵᠤᠪᠠᠭᠤᠷᠢ ᠶᠢ ᠲᠤᠭᠠᠴᠢᠨ ᠶᠠᠷᠢᠵᠤ᠂ ᠬᠡᠬᠡᠷ᠎ᠡ ᠶᠢᠨ ᠵᠢᠮᠢᠰ ᠲᠡᠬᠦᠨ ᠡᠪᠡᠰᠤᠨ | ᠦᠨᠳᠤᠰᠤ ᠤᠬᠤᠵᠤ᠂ ᠦᠨᠦᠴᠢᠨ ᠬᠡᠤᠬᠡᠳ ᠢᠶᠠᠨ ᠲᠡᠵᠢᠬᠡᠨ ᠬᠠᠳᠠᠭᠤᠵᠢᠨ ᠠᠮᠢᠳᠤᠷᠠᠬᠤ ᠠᠴᠠ ᠦᠬᠡᠷ᠎ᠡ ᠵᠠᠮ ᠦᠭᠡᠢ | ᠪᠤᠯᠪᠠ᠃ | | ᠤᠶᠤᠨ ᠲᠠᠢ ᠲᠦᠷᠦᠭᠰᠡᠨ ᠦᠬᠡᠯᠦᠨ ᠡᠬᠡ | ᠤᠭᠤᠳᠤᠷ ᠬᠤᠷᠮᠤᠢ ᠶᠢ ᠰᠢᠭᠤᠨ ᠪᠦᠰᠡᠯᠡᠵᠤ | ᠤᠨᠤᠨ ᠮᠦᠷᠡᠨ ᠢ ᠦᠭᠰᠤᠨ ᠤᠷᠤᠭᠤᠳᠠᠵᠤ | ᠤᠯᠢᠶᠠᠷᠠᠰᠤ ᠮᠤᠶᠢᠯᠠᠰᠤ ③ ᠲᠡᠬᠦᠨ ᠶᠠᠪᠤᠵᠤ | ᠦᠴᠦᠬᠡᠨ ᠬᠡᠤᠬᠡᠳ ᠢᠶᠠᠨ ᠡᠩᠬᠦᠷᠡᠶᠢᠯᠡᠨ ᠲᠡᠵᠢᠬᠡᠵᠤ | ᠡᠳᠤᠷ ᠰᠦᠨᠢ ᠶᠢ ᠬᠠᠳᠠᠭᠤᠵᠢᠨ ᠦᠩᠬᠡᠷᠡᠬᠦᠯᠪᠡ᠃ | | ᠴᠢᠳᠠᠯ ᠲᠠᠢ ᠲᠦᠷᠦᠭᠰᠡᠨ ᠦᠬᠡᠯᠦᠨ ᠡᠬᠡ | ᠴᠢᠬᠢᠷᠰᠤᠨ ④ ᠱᠤᠷᠤ ᠪᠠᠷᠢᠨ ᠶᠠᠪᠤᠵᠤ | ᠴᠠᠪᠴᠢᠮᠡ ᠭᠠᠵᠠᠷ ᠢ ᠦᠭᠰᠦᠨ ᠤᠷᠤᠭᠤᠳᠠᠵᠤ | ᠰᠦᠳᠦᠨ ᠬᠢᠴᠢᠬᠢᠨᠡ ⑤ ᠢᠶᠠᠷ ᠦᠨᠳᠤᠰᠤ ᠮᠠᠯᠳᠠᠵᠤ | ᠰᠦᠯᠳᠡᠳᠤ ᠬᠡᠤᠬᠡᠳ ᠢᠶᠠᠨ ᠲᠡᠵᠢᠬᠡᠨ ᠦᠰᠬᠡᠵᠤ | ᠰᠦᠨᠢ ᠡᠳᠤᠷ ᠢ ᠠᠷᠭᠠᠴᠠᠭᠠᠨ ᠦᠩᠬᠡᠷᠡᠬᠦᠯᠪᠡ᠃ | | ᠬᠠᠳᠤᠨ ᠲᠦᠷᠦᠭᠰᠡᠨ ᠦᠬᠡᠯᠦᠨ ᠡᠬᠡ | ᠬᠠᠶᠢᠯᠠᠰᠤᠨ ᠱᠤᠷᠤ ᠪᠠᠷᠢᠨ ᠶᠠᠪᠤᠵᠤ | ᠬᠠᠯᠳᠤᠨ ᠠᠭᠤᠯᠠ ᠶᠢ ᠦᠭᠰᠦᠨ ᠤᠷᠤᠭᠤᠳᠠᠵᠤ | ᠬᠠᠯᠠᠭᠠᠢ ᠲᠠᠭᠠᠨ᠎ᠠ ᠶᠢ ᠲᠡᠬᠦᠨ ᠮᠠᠯᠳᠠᠵᠤ | ᠬᠠᠳ ᠬᠡᠤᠬᠡᠳ ᠢᠶᠠᠨ ᠬᠠᠶᠢᠷᠠᠯᠠᠨ ᠲᠡᠵᠢᠬᠡᠵᠤ | ᠬᠠᠳᠠᠭᠤ ᠪᠡᠷᠬᠡ ᠶᠢ ᠲᠠᠪᠠᠨ ᠲᠤᠭᠤᠯᠪᠠ᠃ | | ᠭᠤᠸ᠎ᠠ ᠲᠦᠷᠦᠭᠰᠡᠨ ᠦᠵᠢᠨ ᠡᠬᠡ | ᠭᠤᠬ᠎ᠠ ᠲᠡᠭᠡᠭᠡ ᠪᠠᠷᠢᠨ ᠶᠠᠪᠤᠵᠤ | ᠭᠤᠤᠯ ᠵᠡᠪᠡ ᠶᠢ ᠦᠭᠰᠤᠨ ᠤᠷᠤᠭᠤᠳᠠᠵᠤ | ᠭᠤᠭᠤᠳ ᠮᠠᠩᠬᠢᠷ ᠢ ᠮᠠᠯᠳᠠᠨ ᠲᠡᠬᠦᠵᠤ | ᠬᠤᠳᠤᠭᠳᠤ ᠬᠡᠤᠬᠡᠳ ᠢᠶᠠᠨ ᠲᠡᠵᠢᠬᠡᠨ ᠦᠰᠬᠡᠵᠤ | ᠬᠤᠨᠤᠭ ᠡᠳᠤᠷ ᠢ ᠠᠷᠭᠠᠴᠠᠭᠠᠨ ᠦᠩᠬᠡᠷᠡᠬᠦᠯᠪᠡ᠃ | ᠦᠬᠡᠯᠦᠨ ᠡᠬᠡ ᠶᠢᠨ ᠠᠴᠢ ᠭᠠᠪᠢᠶ᠎ᠠ ᠪᠠᠷ᠂ ᠦᠴᠦᠬᠡᠨ ᠬᠡᠤᠬᠡᠳ ᠨᠢ ᠦᠰᠦᠨ ᠲᠤᠷᠨᠢᠵᠤ᠂ | ᠠᠩ ᠠᠩᠨᠠᠵᠤ ᠵᠢᠭᠠᠰᠤ ᠬᠦᠬᠢᠳᠠᠨ᠂ ᠠᠯᠳᠠᠷᠳᠤ ᠡᠬᠡ ᠪᠠᠨ ᠠᠰᠠᠷᠠᠬᠤ ᠪᠤᠯᠤᠯ᠎ᠠ᠃ | | | ᠡᠨᠡᠷᠢᠯᠳᠤ ᠲᠦᠷᠦᠭᠰᠡᠨ ᠦᠬᠡᠯᠦᠨ ᠡᠬᠡ ᠪᠠᠨ | ᠡᠬᠡᠮᠳᠡᠨ ᠲᠠᠳᠠᠵᠤ ᠦᠰᠬᠡᠭᠰᠡᠨ ᠬᠡᠤᠬᠡᠳ ᠨᠢ | ᠡᠷᠬᠡ ᠤᠮᠤᠭ ᠲᠡᠬᠦᠰ ᠪᠤᠯᠵᠤ | ᠡᠷᠡᠰ ᠰᠠᠶᠢᠳ ᠪᠤᠯᠤᠨ ᠦᠰᠴᠤ | ᠡᠬᠡ ᠤᠨᠤᠨ ᠤ ᠡᠷᠬᠢ ᠳᠤ ᠰᠠᠭᠤᠵᠤ | ᠡᠯᠬᠦᠬᠦᠷ ᠭᠤᠭᠠ ᠤᠰᠤᠨ ᠳᠤ ᠬᠠᠶᠠᠵᠤ | ᠡᠷᠡᠮᠳᠡᠭ ᠵᠢᠭᠠᠰᠤ ᠶᠢ ᠱᠦᠬᠦᠨ ᠪᠠᠷᠢᠵᠤ ᠡᠬᠡ ᠦᠬᠡᠯᠦᠨ ᠢ ᠲᠡᠵᠢᠬᠡᠬᠦ ᠪᠤᠯᠪᠠ᠃ | | ᠵᠠᠷᠴᠢᠮᠳᠤ ᠲᠦᠷᠦᠭᠰᠡᠨ ᠦᠵᠢᠨ ᠡᠬᠡ ᠶᠢᠨ | ᠵᠠᠳᠬᠠᠰᠤ ⑥ ᠲᠦᠮᠤᠰᠤ ᠪᠠᠷ ᠲᠡᠵᠢᠭᠡᠭᠰᠡᠨ ᠬᠡᠤᠬᠡᠳ ᠨᠢ | ᠵᠠᠩ ᠠᠪᠤᠷᠢ ᠲᠡᠬᠦᠯᠳᠡᠷ ᠪᠤᠯᠵᠤ | ᠵᠠᠰᠠᠭᠳᠠᠨ ᠰᠠᠶᠢᠳ ᠪᠤᠯᠤᠨ ᠦᠰᠴᠤ | ᠵᠠᠮᠠᠭᠳᠤ ᠤᠰᠤ ᠶᠢ ᠰᠠᠬᠢᠨ ᠰᠠᠭᠤᠵᠤ | ᠵᠠᠩᠭᠤ ᠦᠬᠡᠰᠢ ᠬᠠᠶᠠᠯᠠᠨ ᠪᠠᠶᠢᠵᠤ | ᠵᠢᠭᠠᠰᠤ ᠵᠢᠷᠠᠭᠠᠬᠠᠢ ᠲᠤᠤᠷᠯᠠᠨ ᠪᠠᠷᠢᠵᠤ | ᠵᠠᠶᠠᠭᠠᠳᠤ ᠡᠬᠡ ᠪᠠᠨ ᠲᠠᠵᠢᠬᠡᠬᠦ ᠪᠤᠯᠪᠠ᠃ | | | ᠲᠠᠶᠢᠯᠪᠤᠷᠢ | ① ᠶᠡᠬᠡᠰ ᠤᠨ ᠭᠠᠵᠠᠷ — ᠲᠡᠬᠡᠳᠦᠰ ᠤᠨ ᠬᠡᠬᠦ ᠤᠷᠤᠰᠢᠭᠤᠯᠬᠤ ᠭᠠᠵᠠᠷ᠃ | ② ᠴᠡᠬᠡᠯ ᠤᠨ ᠤᠰᠤ ᠰᠢᠷᠬᠢᠪᠡ᠂ ᠴᠡᠬᠡᠨ ᠴᠢᠯᠠᠭᠤ ᠬᠠᠭᠠᠷᠠᠪᠠ — ᠬᠡᠷᠡᠭ ᠶᠠᠪᠤᠳᠠᠯ | ᠨᠢᠬᠡᠨᠳᠠ ᠵᠦᠭᠰᠢᠷᠡᠪᠡ ᠬᠡᠰᠡᠨ ᠤᠳᠬ᠎ᠠ ᠲᠠᠢ ᠪᠤᠶᠤ | ③ ᠤᠯᠢᠶᠠᠷᠠᠰᠤ ᠮᠤᠶᠢᠯᠠᠰᠤ — ᠤᠯᠢᠷᠰᠤ ᠮᠤᠶᠢᠯ᠂ ᠴᠦᠮ ᠵᠡᠷᠯᠢᠭ ᠵᠢᠮᠢᠰ ᠤᠨ ᠨᠡᠷ᠎ᠡ᠃ | ④ ᠴᠢᠬᠢᠷᠰᠤᠨ — ᠴᠠᠷᠠᠰᠤᠨ ᠮᠤᠳᠤ᠃ | ⑤ ᠰᠦᠳᠦᠨ ᠬᠢᠴᠢᠬᠢᠨᠡ — ᠴᠦᠮ ᠡᠪᠡᠰᠤᠨ ᠤ ᠨᠡᠷ᠎ᠡ᠂ ᠦᠨᠳᠤᠰᠤ ᠶᠢ ᠢᠳᠡᠵᠤ | ᠪᠤᠯᠤᠨ᠎ᠡ᠃ | ⑥ ᠵᠠᠳᠬᠠᠰᠤ — ᠰᠠᠷᠠᠨ᠎ᠠ ᠶᠢᠨ ᠦᠨᠳᠤᠰᠤ᠃ | | | ᠡᠮᠤᠨᠡᠬᠢ ᠦᠯᠢᠬᠡᠷ᠄ ᠶᠢᠰᠦᠬᠡᠢ ᠪᠠᠭᠠᠳᠤᠷ ᠲᠠᠲ᠋ᠠᠷ ᠲᠤ ᠬᠤᠤᠷᠯᠠᠭᠳᠠᠭᠰᠠᠨ | ᠬᠤᠶᠢᠨᠡᠬᠢ ᠦᠯᠢᠬᠡᠷ᠄ ᠦᠬᠡᠯᠦᠨ ᠡᠬᠡ ᠶᠢᠨ ᠰᠤᠷᠭᠠᠯ | |