| | ᠴᠢᠩᠬᠢᠰ ᠬᠠᠭᠠᠨ ᠤ ᠪᠠᠭ᠎ᠠ ᠶᠢᠨ ᠨᠡᠷ᠎ᠡ ᠨᠢ ᠲᠡᠮᠦᠵᠢᠨ᠃ ᠶᠠᠭᠠᠬᠢᠭᠠᠳ ᠲᠡᠮᠦᠵᠢᠨ ᠬᠡᠵᠤ | ᠨᠡᠷᠡᠯᠡᠪᠡ︖ ᠬᠡᠪᠡᠯ᠂ ᠡᠷᠳᠡ ᠲᠡᠭᠡᠳᠤ ᠦᠶ᠎ᠡ ᠳᠤ ᠶᠠᠮᠠᠷ ᠨᠢᠬᠡᠨ ᠬᠡᠷᠡᠭ ᠤᠴᠢᠷ ᠤᠨ ᠲᠤᠬᠢᠶᠠᠯᠳᠤᠯ ᠢᠶᠠᠷ ᠬᠡᠤᠬᠡᠳ | ᠲᠡᠭᠡᠨ ᠨᠡᠷ᠎ᠡ ᠦᠭᠴᠢᠬᠡᠳᠡᠭ ᠴᠦ ᠪᠠᠶᠢᠵᠠᠢ᠃ ᠦᠬᠡᠯᠦᠨ ᠦᠵᠢᠨ ᠲᠡᠮᠦᠵᠢᠨ ᠢ ᠵᠢᠷᠦᠮᠰᠤᠯᠡᠬᠡᠳ ᠪᠠᠶᠢᠬᠤ ᠦᠶ᠎ᠡ ᠳᠤ | ᠶᠢᠰᠦᠬᠡᠢ ᠪᠠᠭᠠᠳᠤᠷ ᠲᠠᠲ᠋ᠠᠷ ᠤᠨ ᠲᠡᠮᠦᠵᠢᠨ ᠦᠬᠡ᠂ ᠬᠤᠷᠢᠪᠤᠬᠠ ᠵᠡᠷᠬᠡ ᠬᠦᠮᠦᠰ ᠢ ᠪᠠᠷᠢᠵᠤ ᠢᠷᠡᠬᠦ ᠲᠤᠬᠢᠶᠠᠯᠳᠤᠪᠠ᠃ | ᠲᠡᠭᠡᠭᠡᠳ ᠦᠬᠡᠯᠦᠨ ᠦᠵᠢᠨ ᠤᠨᠤᠨ ᠮᠦᠷᠡᠨ ᠤ ᠲᠡᠯᠢᠬᠦᠨ ᠪᠤᠯᠳᠠᠭ ᠬᠡᠬᠦ ᠭᠠᠵᠠᠷ ᠲᠡᠮᠦᠵᠢᠨ ᠢ ᠲᠦᠷᠦᠭᠰᠡᠨ ᠳᠤ᠂ | ᠲᠠᠲ᠋ᠠᠷ ᠤᠨ ᠲᠡᠮᠦᠵᠢᠨ ᠦᠬᠡ ᠶᠢ ᠪᠠᠷᠢᠵᠤ ᠢᠷᠡᠬᠦ ᠳᠤ ᠲᠤᠬᠢᠶᠠᠯᠳᠤᠵᠤ ᠲᠦᠷᠦᠪᠡ ᠬᠡᠵᠤ ᠲᠡᠮᠦᠵᠢᠨ ᠬᠡᠳᠡᠭ ᠨᠡᠷ᠎ᠡ | ᠦᠭᠴᠠᠢ᠃ ᠲᠡᠮᠦᠵᠢᠨ ᠡᠬᠡ ᠠᠴᠠ ᠪᠠᠨ ᠲᠦᠷᠦᠬᠦ ᠳᠡᠭᠡᠨ ᠪᠠᠷᠠᠭᠤᠨ ᠭᠠᠷ ᠲᠠᠭᠠᠨ ᠱᠠᠭ᠎ᠠ ᠶᠢᠨ ᠴᠢᠨᠡᠬᠡᠨ ᠨᠦᠵᠢ | ᠠᠳᠬᠤᠵᠤ ᠲᠦᠷᠦᠭᠰᠡᠨ ᠬᠡᠳᠡᠭ᠃ | ᠦᠬᠡᠯᠦᠨ ᠦᠵᠢᠨ ᠤᠤᠭᠠᠨ ᠬᠦᠦ ᠲᠡᠮᠦᠵᠢᠨ ᠤ ᠲᠠᠷᠠᠭ᠎ᠠ ᠬᠠᠰᠠᠷ᠂ ᠬᠠᠴᠢᠭᠤᠨ᠂ ᠲᠡᠮᠦᠬᠡ | ᠬᠡᠬᠦ ᠭᠤᠷᠪᠠᠨ ᠬᠦᠦ ᠪᠠ ᠲᠡᠮᠦᠯᠤᠨ ᠬᠡᠬᠦ ᠨᠢᠬᠡ ᠦᠬᠢᠨ ᠲᠦᠷᠦᠪᠡ᠃ ᠶᠢᠰᠦᠬᠡᠢ ᠪᠠᠭᠠᠳᠤᠷ ᠤᠨ ᠨᠦᠬᠦᠬᠡ ᠬᠡᠷᠬᠡᠢ | ᠰᠤᠴᠢᠬᠡᠯ ᠡᠬᠡ ᠠᠴᠠ ᠪᠡᠭᠳᠡᠷ᠂ ᠪᠡᠯᠬᠦᠳᠠᠢ ᠬᠡᠬᠦ ᠬᠤᠶᠠᠷ ᠬᠦᠦ ᠲᠠᠢ ᠪᠢᠯᠡ᠃ | ᠲᠡᠮᠦᠵᠢᠨ ᠶᠢᠰᠦᠨ ᠨᠠᠰᠤᠯᠠᠪᠠ᠃ ᠲᠡᠷᠡ ᠦᠶ᠎ᠡ ᠶᠢᠨ ᠵᠠᠩᠰᠢᠯ ᠢᠶᠠᠷ ᠬᠡᠤᠬᠡᠳ ᠢᠶᠠᠨ ᠪᠦᠷ | ᠪᠠᠯᠴᠢᠷ ᠨᠠᠰᠤᠨ ᠳᠤᠨᠢ ᠤᠷᠤᠭ ᠬᠡᠯᠡᠯᠴᠡᠨ ᠰᠦᠢ ᠲᠤᠭᠳᠠᠵᠤ ① ᠪᠤᠯᠳᠠᠭ ᠪᠠᠶᠢᠵᠠᠢ᠃ ᠲᠡᠷᠡ ᠵᠠᠩᠰᠢᠯ ᠶᠤᠰᠤᠭᠠᠷ᠂ | ᠶᠢᠰᠦᠬᠡᠢ ᠪᠠᠭᠠᠳᠤᠷ ᠲᠡᠮᠦᠵᠢᠨ ᠢ ᠶᠢᠰᠦᠬᠡᠨ ᠨᠠᠰᠤᠳᠠᠢ ᠵᠢᠯ ᠳᠤᠨᠢ ᠦᠬᠡᠯᠦᠨ ᠡᠬᠡ ᠶᠢᠨ ᠲᠦᠷᠬᠦᠮ ᠤᠯᠬᠤᠨᠤᠳ | ᠢᠷᠬᠡᠨ ᠠᠴᠠ ᠬᠦᠦ ᠳᠡᠭᠡᠨ ᠪᠡᠷᠢ ᠭᠤᠶᠤᠬᠤ ᠪᠠᠷ ᠲᠠᠭᠠᠭᠤᠯᠤᠨ ᠶᠠᠪᠤᠵᠠᠢ᠃ | ᠲᠡᠳᠡ ᠵᠠᠮ ᠵᠠᠭᠤᠷ᠎ᠠ ᠴᠡᠭᠴᠡᠷ᠂ ᠴᠢᠭᠤᠷᠬᠤ ᠬᠡᠬᠦ ᠭᠠᠵᠠᠷ ᠤᠨ ᠬᠤᠭᠤᠷᠤᠨᠳᠤ ᠬᠤᠩᠬᠢᠷᠠᠳ | ᠠᠶᠢᠮᠠᠭ ᠤᠨ ᠲᠠᠢ ᠰᠡᠴᠡᠨ ᠬᠡᠬᠦ ᠬᠦᠮᠦᠨ ᠲᠠᠢ ᠤᠴᠠᠷᠠᠪᠠ᠃ ᠲᠠᠢ ᠰᠡᠴᠡᠨ ᠶᠢᠰᠦᠬᠡᠢ ᠪᠠᠭᠠᠳᠤᠷ ᠬᠤᠶᠠᠷ ᠤᠭ ᠠᠴᠠ | ᠲᠠᠨᠢᠯᠴᠠᠳᠠᠭ ᠪᠠᠶᠢᠵᠠᠢ᠃ ᠲᠠᠢ ᠰᠡᠴᠡᠨ ᠶᠢᠰᠦᠬᠡᠢ ᠪᠠᠭᠠᠳᠤᠷ ᠤᠨ ᠬᠦᠦ ᠪᠠᠨ ᠲᠠᠭᠠᠭᠤᠯᠵᠤ ᠬᠦᠳᠦᠯᠦᠬᠡ ᠮᠤᠷᠢ ᠲᠠᠢ | ᠶᠠᠪᠤᠭ᠎ᠠ ᠶᠢ ᠦᠵᠡᠵᠤ᠄ | ︽ᠶᠢᠰᠦᠬᠡᠢ ᠬᠤᠳᠠ ᠰᠠᠶᠢᠨ ᠤᠤ︖ ᠲᠠ ᠴᠢᠨᠢ ᠬᠦᠦ ᠪᠠᠨ ᠲᠠᠭᠠᠭᠤᠯᠤᠨ ᠬᠦᠳᠦᠯᠦᠬᠡ | ᠮᠤᠷᠢ ᠲᠠᠢ ᠬᠠᠮᠢᠭ᠎ᠠ ᠶᠠᠭᠤᠨ ᠳᠤ ᠵᠤᠷᠢᠵᠤ ᠶᠠᠪᠤᠭ᠎ᠠ ᠪᠤᠢ︖︾ ᠬᠡᠵᠤ ᠭᠠᠶᠢᠬᠠᠨ ᠠᠰᠠᠭᠤᠪᠠ᠃ ᠶᠢᠰᠦᠬᠡᠢ | ᠪᠠᠭᠠᠳᠤᠷ ᠮᠤᠷᠢᠨ ᠠᠴᠠ ᠪᠠᠭᠤᠵᠤ ᠬᠠᠷᠢᠭᠤ ᠮᠡᠨᠳᠤᠯᠡᠬᠡᠳ᠄ | ︽ᠵᠠ ᠴᠢᠮ᠎ᠡ ᠠᠴᠠ ᠶᠠᠭᠤ ᠶᠢ ᠨᠢ ᠨᠢᠭᠤᠬᠤ ᠪᠤᠢ︖ ᠮᠢᠨᠤ ᠬᠦᠦ ᠲᠡᠮᠦᠵᠢᠨ ᠡᠨᠡ ᠵᠢᠯ | ᠶᠢᠰᠦᠨ ᠨᠠᠰᠤᠯᠠᠪᠠ᠂ ᠪᠢ ᠬᠦ᠋ ᠳᠡᠭᠡᠨ ᠪᠡᠷᠢ ᠭᠤᠶᠤᠬᠤ ᠪᠠᠷ ᠤᠯᠬᠤᠨᠤᠳ ᠢᠷᠬᠡᠨ ᠳᠠᠬᠢ ᠨᠠᠭᠠᠴᠤ ᠨᠠᠷ ᠤᠨ ᠳᠤᠨᠢ | ᠬᠦᠷᠬᠦ ᠪᠠᠷ ᠶᠠᠪᠤᠵᠤ ᠪᠠᠶᠢᠭ᠎ᠠ ᠮᠠᠨᠢ ᠡᠨᠡ︾ ᠬᠡᠰᠡᠨ ᠳᠤ ᠲᠠᠢ ᠰᠠᠴᠡᠨ ᠲᠡᠮᠦᠵᠢᠨ ᠢ ᠨᠠᠷᠢᠪᠴᠢᠯᠡᠨ ᠦᠵᠡᠬᠡᠳ᠄ | ︽ᠪᠢ ᠴᠢᠨᠤ ᠨᠦᠵᠢ ᠠᠳᠬᠤᠵᠤ ᠲᠦᠷᠦᠭᠰᠡᠨ ᠭᠠᠶᠢᠬᠠᠮᠰᠢᠭᠳᠤ ᠬᠦᠦ ᠶᠢ ᠡᠨᠡ ᠡᠳᠤᠷ ᠰᠠᠶ᠋ᠢ | ᠨᠠᠷᠢᠪᠴᠢᠯᠡᠨ ᠦᠵᠡᠯ᠎ᠡ᠃ ᠡᠨᠡ ᠬᠦᠦ ᠴᠢᠨᠢ ᠨᠢᠳᠤᠨ ᠳᠡᠭᠡᠨ ᠭᠠᠯ ᠲᠠᠢ᠂ ᠨᠢᠭᠤᠷ ᠲᠠᠭᠠᠨ ᠬᠡᠷᠡᠯ ᠲᠠᠢ ᠬᠦᠦ ᠪᠠᠶᠢᠨ᠎ᠠ | ᠂ ᠬᠤᠵᠢᠮ ᠤᠨ ᠡᠳᠤᠷ ᠬᠠᠭᠠᠳ ᠢᠵᠠᠭᠤᠷ ᠢᠶᠠᠨ ᠵᠠᠯᠭᠠᠮᠵᠢᠯᠠᠬᠤ ᠬᠦᠮᠦᠨ ᠳ᠋ᠠ︾ ᠬᠡᠵᠤ ᠶᠡᠬᠡᠯ᠎ᠡ ᠮᠠᠭᠳᠠᠨ᠂ ᠪᠠᠰᠠ | ᠵᠠᠯᠭᠠᠵᠤ᠄ | ︽ᠶᠢᠰᠦᠬᠡᠢ ᠬᠤᠳᠠ᠂ ᠪᠢ ᠡᠨᠡ ᠰᠦᠨᠢ ᠨᠢᠬᠡᠨ ᠵᠡᠬᠦᠳᠤ ᠵᠡᠬᠦᠳᠦᠯᠡᠪᠡ᠂ ᠴᠠᠭᠠᠨ ᠰᠢᠩᠬᠤᠷ | ᠰᠢᠪᠠᠭᠤ ᠨᠠᠷᠠᠨ ᠰᠠᠷᠠᠨ ᠬᠤᠶᠠᠷ ᠢ ᠠᠳᠬᠤᠨ ᠨᠢᠰᠴᠤ ᠢᠷᠡᠬᠡᠳ ᠮᠢᠨᠤ ᠭᠠᠷ ᠲᠡᠭᠡᠷ᠎ᠡ ᠪᠠᠭᠤᠪᠠ ᠬᠡᠵᠤ ᠵᠡᠬᠦᠳᠦᠯᠡᠪᠡ᠃ | ᠡᠨᠡ ᠶᠠᠮᠠᠷ ᠰᠤᠨᠢᠨ ᠵᠡᠬᠦᠳᠤ ᠪᠤᠢ᠂ ᠪᠢᠳᠠ ᠨᠠᠷᠠᠨ ᠰᠠᠷᠠᠨ ᠢ ᠨᠢᠳᠤ ᠪᠠᠷ ᠦᠵᠡᠵᠤ ᠪᠤᠯᠤᠨ᠎ᠡ᠂ ᠬᠡᠳᠡᠯ᠎ᠡ ᠪᠢ ᠲᠡᠬᠦᠨ ᠢ | ᠭᠠᠷ ᠢᠶᠠᠷ ᠠᠳᠬᠤᠵᠤ ᠪᠤᠯᠬᠤ ᠶᠤᠰᠤ ᠪᠤᠢ ᠤᠤ︖ ᠡᠬᠦᠨ ᠠᠴᠠ ᠦᠵᠡᠪᠡᠯ ᠡᠨᠡ ᠯᠠᠪ ᠨᠢᠬᠡᠨ ᠰᠠᠶᠢᠨ ᠲᠤᠬᠢᠶᠠᠯ | ᠤᠴᠠᠷᠠᠬᠤ ᠪᠡᠯᠬᠡ ᠲᠠᠮᠪᠡᠷᠢᠯ ᠬᠡᠵᠤ ᠪᠢ ᠦᠷᠯᠦᠬᠡᠨ ᠠᠴᠠ ᠬᠠᠷᠠᠭᠰᠠᠭᠠᠷ ᠪᠢᠯᠡ᠂ ᠤᠳᠤ ᠲᠠ ᠬᠦᠦ ᠪᠠᠨ | ᠲᠠᠭᠠᠭᠤᠯᠵᠤ ᠢᠷᠡᠭᠰᠡᠨ ᠨᠢ ᠶᠠᠭ ᠮᠢᠨᠤ ᠵᠡᠬᠦᠳᠤᠨ ᠤ ᠲᠠᠶᠢᠯᠪᠤᠷᠢ ᠪᠤᠯᠪᠠ᠃ ᠲᠠᠨ ᠤ ᠬᠢᠶᠡᠳ ᠤᠪᠤᠭ ᠤᠨ ᠰᠦᠯᠳᠠ | ᠢᠷᠡᠵᠤ ᠵᠡᠬᠦᠳᠤ ᠦᠭᠬᠦᠭᠰᠡᠨ ᠠᠵᠢ︾ ᠬᠡᠳ ᠲᠠᠢ ᠰᠡᠴᠡᠨ ᠰᠡᠴᠡᠷᠬᠡᠨ ᠲᠠᠭᠤᠯᠠᠭᠰᠠᠨ ᠨᠢ᠄ | ︽ᠮᠠᠨ ᠤ ᠬᠤᠩᠬᠢᠷᠠᠳ ᠠᠶᠢᠮᠠᠭ ᠬᠡᠳᠦᠶᠢᠨ ᠠᠴᠠ | ᠬᠠᠷᠢ ᠤᠯᠤᠰ ᠢ ᠦᠯᠦ ᠲᠤᠪᠳᠤᠯᠤᠨ | ᠬᠠᠴᠠᠷ ᠭᠤᠸ᠎ᠠ ᠦᠬᠢᠳ ᠢᠶᠠᠨ | ᠬᠠᠰᠠᠭ ᠲᠡᠷᠬᠡᠨ ᠳᠤ ᠰᠠᠭᠤᠯᠭᠠᠵᠤ | ᠬᠠᠷ ᠪᠤᠤᠷ᠎ᠠ ᠬᠦᠯᠯᠡᠵᠤ | ᠬᠠᠳᠠᠷᠢᠭᠤᠯᠤᠨ ᠤᠳᠴᠤ | ᠬᠠᠭᠠᠨ ᠪᠤᠯᠤᠭᠰᠠᠨ ᠲᠡᠳᠡᠨ ᠤ | ᠬᠠᠳᠤᠨ ᠰᠠᠭᠤᠷᠢᠨ ᠳᠤ ᠲᠡᠪᠰᠢᠬᠦᠯᠵᠤ | ᠬᠠᠮᠳᠤ ᠰᠠᠭᠤᠯᠭᠠᠵᠤ ᠢᠷᠡᠯ᠎ᠡ᠃ | ᠦᠬᠡᠷ᠎ᠡ ᠢᠷᠬᠡᠨ ᠢ ᠦᠯᠤ ᠲᠡᠮᠡᠴᠡᠨ | ᠦᠩᠬᠡ ᠰᠠᠶᠢᠳᠤ ᠦᠬᠢᠳ ᠢᠶᠠᠨ | ᠦᠯᠵᠢᠬᠡᠳᠠᠢ ᠲᠡᠷᠬᠡᠨ ᠳᠤ ᠰᠠᠭᠤᠯᠭᠠᠵᠤ | ᠦᠯᠤ ᠪᠤᠤᠷ᠎ᠠ ᠬᠦᠯᠯᠠᠵᠤ | ᠡᠬᠦᠰᠬᠡᠨ ᠤᠳᠴᠤ | ᠦᠨᠳᠤᠷ ᠰᠠᠭᠤᠷᠢ ᠡᠵᠡᠯᠡᠭᠴᠢᠳ ᠤᠨ | ᠦᠷᠦᠬᠡᠯ ᠬᠠᠨᠢ ᠪᠤᠯᠭᠠᠵᠤ | ᠦᠩᠬᠡ ᠨᠡᠮᠡᠷᠢᠯᠡᠵᠤ ᠢᠷᠡᠯ᠎ᠡ᠃ | ᠮᠠᠨ ᠤ ᠬᠤᠩᠬᠢᠷᠠᠳ ᠠᠶᠢᠮᠠᠭ ᠬᠡᠳᠦᠶᠢᠨ ᠠᠴᠠ ᠬᠠᠴᠠᠷ ᠭᠤᠸ᠎ᠠ ᠬᠠᠳᠤᠳ ᠲᠠᠢ᠂ ᠦᠩᠬᠡ | ᠰᠠᠶᠢᠳᠤ ᠦᠬᠢᠳ ᠲᠠᠢ ᠲᠤᠯᠠ ᠵᠢᠬᠡ ᠶᠢᠨ ᠵᠢᠰᠤ ᠪᠠᠷ᠂ ᠦᠬᠢᠳ ᠤᠨ ᠦᠩᠬᠡ ᠪᠠᠷ ᠶᠠᠪᠤᠨ᠎ᠠ᠃ ᠡᠷᠳᠡᠨ ᠤ ᠦᠬᠡᠨ | ᠳᠤ ︿ᠨᠤᠭᠤᠨ ᠬᠡᠤᠬᠡᠳ ᠨᠤᠳᠤᠭ ᠢᠶᠠᠨ ᠡᠵᠡᠮᠰᠢᠨ᠎ᠡ᠂ ᠦᠬᠢᠳ ᠬᠦᠬᠡᠳ ᠦᠩᠬᠡ ᠰᠢᠯᠢᠭᠳᠡᠨᠡ﹀ ᠬᠡᠳᠡᠭ᠃ | ᠶᠢᠰᠦᠬᠡᠢ ᠬᠤᠳᠠ᠂ ᠨᠠᠳᠠ ᠨᠢᠬᠡᠨ ᠦᠬᠢᠨ ᠪᠤᠢ᠂ ᠲᠠ ᠦᠵᠡ︾ ᠬᠡᠵᠤ ᠶᠢᠰᠦᠬᠡᠢ ᠪᠠᠭᠠᠳᠤᠷ ᠡᠴᠢᠬᠡ ᠬᠦᠦ | ᠬᠤᠶᠠᠭᠤᠯᠠ ᠶᠢ ᠡᠵᠡᠨ ᠲᠤᠯᠤᠭᠠᠢ ᠮᠡᠳᠡᠬᠦᠯᠦᠯ ᠦᠭᠡᠢ ᠬᠡᠷ ᠲᠡᠭᠡᠨ ᠲᠠᠭᠠᠭᠤᠯᠵᠤ ᠠᠪᠴᠢᠷᠠᠪᠠ᠃ | ᠶᠢᠰᠦᠬᠡᠢ ᠪᠠᠭᠠᠳᠤᠷ ᠲᠠᠢ ᠰᠡᠴᠡᠨ ᠤ ᠬᠡᠷ ᠲᠤ ᠬᠦᠷᠦᠬᠡᠳ ᠦᠬᠢᠨ ᠢ ᠦᠵᠡᠪᠡᠯ ᠦᠨᠡᠬᠡᠷ | ᠨᠢᠭᠤᠷ ᠲᠠᠭᠠᠨ ᠬᠡᠷᠡᠯ ᠲᠠᠢ᠂ ᠨᠢᠳᠤᠨ ᠳᠡᠭᠡᠨ ᠭᠠᠯ ᠲᠠᠢ ᠭᠤᠸ᠎ᠠ ᠦᠵᠡᠰᠬᠦᠯᠡᠩᠳᠤ ᠦᠬᠢᠨ ᠪᠠᠶᠢᠯ᠎ᠠ᠃ ᠨᠡᠷ᠎ᠡ ᠶᠢ | ᠠᠰᠠᠭᠤᠪᠠᠯ ︽ᠪᠦᠷᠳᠠ︾ ᠬᠡᠪᠡ᠃ ᠪᠠᠰᠠ ᠬᠡᠳᠦᠨ ᠦᠬᠡ ᠠᠰᠠᠭᠤᠪᠠᠯ ᠪᠦᠷᠳᠠ ᠦᠬᠢᠨ ᠤ ᠦᠴᠢᠵᠤ ᠬᠠᠷᠢᠭᠤᠯᠬᠤ | ᠬᠤᠷᠴᠠ ᠰᠡᠷᠬᠡᠭ ᠴᠦ ᠪᠠᠶᠢᠯ᠎ᠠ᠃ ᠶᠢᠰᠦᠬᠡᠢ ᠪᠠᠭᠠᠳᠤᠷ ᠲᠤᠳᠤᠷ᠎ᠠ ᠪᠠᠨ ︽ᠬᠤᠩᠬᠢᠷᠠᠳ ᠠᠶᠢᠮᠠᠭ ᠡᠷᠳᠡᠨ ᠠᠴᠠ | ᠠᠪᠤᠭᠠᠳ ᠵᠢᠬᠡ ᠶᠢᠨ ᠵᠢᠰᠤ ᠪᠠᠷ᠂ ᠦᠬᠢᠳ ᠤᠨ ᠦᠩᠬᠡ ᠪᠠᠷ ᠶᠠᠪᠤᠨ᠎ᠠ ᠬᠡᠵᠤ ᠠᠯᠳᠠᠷᠰᠢᠭᠰᠠᠨ ᠨᠢ ᠬᠤᠳᠠᠯ ᠪᠤᠰᠤ | ᠠᠵᠢ︾ ᠬᠡᠵᠤ ᠦᠬᠢᠨ ᠢ ᠦᠵᠡᠵᠤ ᠲᠤᠭᠤᠭᠠᠳ ᠴᠢᠨᠠᠭᠰᠢ ᠶᠠᠪᠤᠬᠤ ᠶᠢ ᠪᠤᠯᠢᠵᠤ᠂ ᠲᠡᠷᠡ ᠰᠦᠨᠢ ᠲᠠᠢ ᠰᠠᠴᠡᠨ ᠤ | ᠳᠤ ᠬᠤᠨᠤᠪᠠ᠃ | ᠮᠠᠷᠭᠠᠰᠢ ᠨᠢ ᠬᠤᠭᠤᠯᠠ ᠤᠮᠳᠠᠭᠠᠨ ᠤ ᠲᠠᠷᠠᠭ᠎ᠠ᠂ ᠶᠢᠰᠦᠬᠡᠢ ᠪᠠᠭᠠᠳᠤᠷ ᠵᠢᠩᠬᠢᠨᠢ ᠪᠠᠷ ᠲᠠᠢ | ᠰᠡᠴᠡᠨ ᠤ ᠦᠬᠢᠨ ᠪᠦᠷᠳᠡ ᠶᠢ ᠬᠦᠦ ᠳᠡᠭᠡᠨ ᠭᠤᠶᠤᠪᠠ᠃ ᠲᠠᠢ ᠰᠡᠴᠡᠨ ᠰᠢᠭᠤᠳ ᠰᠢᠯᠤᠭᠤᠨ ᠬᠦᠮᠦᠨ ᠲᠤᠯᠠ᠄ | ︽ᠤᠯᠠᠨ ᠤᠳᠠᠭ᠎ᠠ ᠭᠤᠶᠤᠯᠭᠠᠵᠤ ᠦᠭᠪᠡᠯ ᠲᠡᠬᠡᠵᠢᠯᠡᠭᠳᠡᠬᠦ ②᠂ ᠴᠦᠬᠡᠨ ᠤᠳᠠᠭ᠎ᠠ | ᠭᠤᠶᠤᠯᠭᠠᠵᠤ ᠦᠭᠪᠡᠯ ᠲᠤᠷᠤᠮᠵᠢᠯᠠᠭᠳᠠᠬᠤ ᠬᠡᠳᠡᠭ ᠪᠤᠯᠪᠠᠴᠤ ᠦᠬᠢᠨ ᠬᠦᠮᠦᠨ ᠲᠦᠷᠦᠭᠰᠡᠨ ᠡᠬᠦᠳᠡᠨ ᠳᠤ ᠦᠳᠡᠯᠬᠦ | ᠦᠭᠡᠢ ᠲᠤᠯᠠ ᠦᠬᠢᠨ ᠢᠶᠠᠨ ᠦᠭᠬᠦᠶ᠎ᠡ︾ ᠬᠡᠪᠡ᠃ ᠲᠠᠢ ᠰᠡᠴᠡᠨ ᠤ ᠬᠡᠷᠬᠡᠢ ᠴᠤᠳᠠᠨ ᠬᠠᠵᠠᠭᠤ ᠠᠴᠠ ᠨᠢ᠄ | ︽ᠬᠤᠳᠠ ᠵᠦᠪᠰᠢᠶᠡᠷᠡᠪᠡᠯ ᠬᠦᠦ ᠪᠠᠨ ᠬᠦᠷᠬᠡᠨ ᠪᠤᠯᠭᠠᠵᠤ ③ ᠮᠠᠨ ᠤ ᠬᠡᠷ ᠲᠤ ᠦᠯᠡᠳᠡᠭᠡ︾ | ᠬᠡᠪᠡ᠃ ᠬᠦᠷᠬᠡᠨ ᠪᠤᠯᠤᠭᠰᠠᠨ ᠬᠦᠮᠦᠨ ᠢ ᠬᠠᠳᠠᠮ ᠳᠤ ᠠᠪᠴᠤ ᠰᠠᠭᠤᠬᠤ ᠨᠢ ᠲᠡᠷᠡ ᠦᠶ᠎ᠡ ᠶᠢᠨ ᠶᠤᠰᠤ ᠲᠤᠯᠠ | ᠶᠢᠰᠦᠬᠡᠢ ᠪᠠᠭᠠᠳᠤᠷ ᠦᠬᠡ ᠲᠠᠭᠠᠵᠤ᠄ | ︽ᠪᠢ ᠬᠦᠦ ᠪᠠᠨ ᠬᠦᠷᠬᠡᠨ ᠪᠤᠯᠭᠠᠵᠤ ᠬᠤᠳᠠ ᠬᠤᠳᠠᠭᠠᠢ ᠶᠢᠨ ᠳᠤ ᠦᠯᠡᠳᠡᠬᠡᠶ᠎ᠡ᠂ ᠭᠠᠭᠴᠠ | ᠬᠤᠳᠠ ᠬᠤᠳᠠᠭᠠᠢ ᠳᠤ ᠭᠤᠶᠤᠴᠢᠯᠠᠬᠤ ᠨᠢᠬᠡᠨ ᠵᠦᠢᠯ ᠬᠡᠪᠡᠯ ᠮᠢᠨᠤ ᠬᠦᠦ ᠨᠤᠬᠠᠢ ᠠᠴᠠ ᠰᠤᠴᠢᠮᠠᠳᠠᠭᠠᠢ᠂ ᠡᠷᠬᠢᠮ | ᠬᠤᠳᠠ ᠬᠦᠦ ᠶᠢ ᠮᠢᠨᠢ ᠨᠤᠬᠠᠢ ᠠᠴᠠ ᠪᠤᠤ ᠰᠤᠴᠢᠭᠤᠯ︾ ᠬᠡᠳ ᠬᠦᠳᠦᠯᠵᠤ ᠶᠠᠪᠤᠭᠰᠠᠨ ᠮᠤᠷᠢ ᠪᠠᠨ ᠪᠡᠯᠡᠭ ᠪᠤᠯᠭᠠᠨ | ᠦᠭᠴᠤ᠂ ᠲᠡᠮᠦᠵᠢᠨ ᠢ ᠤᠷᠬᠢᠭᠠᠳ ᠬᠡᠷ ᠲᠡᠭᠡᠨ ᠪᠤᠴᠠᠪᠠ᠃ | ᠶᠢᠰᠦᠬᠡᠢ ᠪᠠᠭᠠᠳᠤᠷ ᠪᠤᠴᠠᠬᠤ ᠵᠠᠮ ᠳᠠᠭᠠᠨ ᠴᠡᠭᠴᠡᠷ ᠤᠨ ᠰᠢᠷ᠎ᠠ ᠲᠠᠯ᠎ᠠ ᠳᠤ ᠶᠠᠪᠤᠵᠤ | ᠪᠠᠶᠢᠳᠠᠯ᠎ᠠ ᠲᠠᠲ᠋ᠠᠷ ᠢᠷᠬᠡᠨ ᠤ ᠬᠤᠷᠢᠮᠯᠠᠵᠤ ᠪᠠᠶᠢᠬᠤ ᠲᠠᠢ ᠲᠤᠬᠢᠶᠠᠯᠳᠤᠭᠠᠳ ᠠᠮᠠ ᠶᠡᠭᠡ ᠴᠠᠩᠭᠠᠬᠤ ᠲᠤᠯᠠ ᠲᠡᠳᠡᠨ ᠤ | ᠬᠤᠷᠢᠮ ᠳᠤ ᠰᠠᠭᠤᠪᠠ᠃ ᠲᠡᠲ᠋ᠠᠷ ᠤᠳ ᠶᠢᠰᠦᠬᠡᠢ ᠪᠠᠭᠠᠳᠤᠷ ᠢ ᠦᠵᠡᠵᠤ ᠲᠠᠨᠢᠭᠠᠳ ᠬᠠᠭᠤᠷᠮᠠᠭ ᠢᠶᠠᠷ ︽ᠡᠷᠬᠢᠮ | ᠶᠢᠰᠦᠬᠡᠢ ᠢᠷᠡᠪᠡ︾ ᠬᠡᠵᠤ ᠬᠤᠷᠢᠮ ᠳᠠᠭᠠᠨ ᠵᠠᠯᠠᠵᠤ ᠰᠠᠭᠤᠯᠭᠠᠭᠠᠳ᠂ ᠲᠡᠮᠦᠵᠢᠨ ᠦᠬᠡ᠂ ᠬᠤᠷᠢᠪᠤᠬᠠ ᠨᠠᠷ ᠢ | ᠪᠤᠯᠢᠶᠠᠭᠳᠠᠭᠰᠠᠨ ᠦᠰᠢᠶ᠎ᠡ ᠪᠠᠨ ᠠᠪᠬᠤ ᠬᠡᠵᠤ ᠰᠡᠮᠡᠬᠡᠷ ᠵᠦᠪᠳᠡᠯᠴᠡᠵᠤ ᠬᠤᠭᠤᠯᠠᠨ ᠳᠤᠨᠢ ᠬᠤᠤᠷ᠎ᠠ ᠬᠤᠯᠢᠵᠤ | ᠦᠭᠪᠡ᠃ ᠶᠢᠰᠦᠬᠡᠢ ᠪᠠᠭᠠᠳᠤᠷ ᠶᠠᠮᠠᠷ ᠴᠦ ᠰᠡᠷᠡᠮᠵᠢᠯᠡᠯ ᠦᠭᠡᠢ ᠠᠯᠢ ᠦᠷᠦᠭᠰᠡᠨ ᠢᠳᠡᠬᠡᠨ ᠠᠴᠠ ᠢᠳᠡᠬᠡᠳ | ᠮᠤᠷᠳᠠᠪᠠ᠃ | ᠶᠢᠰᠦᠬᠡᠢ ᠪᠠᠭᠠᠳᠤᠷ ᠲᠠᠨᠳᠡ ᠠᠴᠠ ᠭᠠᠷᠤᠭᠠᠳ ᠲᠠᠮᠠᠢ ᠶᠠᠪᠤᠭᠰᠠᠨ ᠦᠭᠡᠢ ᠲᠤᠳᠤᠷ᠎ᠠ ᠨᠢ ᠡᠪ | ᠦᠭᠡᠢ ᠪᠤᠯᠵᠤ᠂ ᠪᠡᠶ᠎ᠡ ᠨᠢ ᠤᠯᠠᠮ ᠤᠯᠡᠮ ᠮᠠᠭᠤᠵᠢᠷᠠᠨ ᠲᠡᠩᠬᠡᠬᠡ ᠠᠯᠳᠠᠵᠤ ᠮᠤᠷᠢᠨ ᠳᠠᠭᠠᠨ ᠠᠷᠠᠢ ᠴᠢᠮᠠᠢ ᠲᠤᠭᠳᠠᠨ | ᠭᠤᠷᠪᠠᠨ ᠡᠳᠤᠷ ᠶᠠᠪᠤᠵᠤ ᠰᠠᠶ᠋ᠢ ᠬᠡᠷ ᠲᠡᠭᠡᠨ ᠬᠦᠷᠪᠡ᠃ ᠶᠢᠰᠦᠬᠡᠢ ᠪᠠᠭᠠᠳᠤᠷ ᠤᠷᠤᠨ ᠳᠠᠭᠠᠨ ᠮᠦᠯᠬᠦᠵᠤ ᠭᠠᠷᠤᠭᠠᠳ | ᠄ | ︽ᠮᠢᠨᠤ ᠲᠤᠳᠤᠷ᠎ᠠ ᠮᠠᠭᠤ ᠪᠠᠶᠢᠨ᠎ᠠ᠂ ᠲᠡᠷᠬᠡᠳᠡ ᠬᠡᠨ ᠪᠤᠢ︖︾ ᠬᠡᠪᠠ᠃ ᠬᠤᠩᠬᠤᠳᠠᠨ ᠤ | ᠴᠢᠷᠬ᠎ᠠ ᠡᠪᠦᠬᠡᠨ ᠤ ᠬᠦᠦ ᠮᠡᠩᠯᠢᠭ ᠤᠷᠤᠭᠰᠢ ᠲᠠᠪᠰᠢᠵᠤ᠄ | ︽ᠪᠢ ᠠᠳᠠ ᠪᠤᠢ︾ ᠬᠡᠰᠡᠨ ᠳᠤ᠂ ᠶᠢᠰᠦᠬᠡᠢ ᠪᠠᠭᠠᠳᠤᠷ᠄ | ︽ᠬᠦᠦ ᠮᠡᠩᠯᠢᠭ ᠮᠢᠨᠢ ᠰᠤᠨᠤᠰ᠂ ᠲᠡᠮᠦᠵᠢᠨ ᠬᠦᠦ ᠮᠢᠨᠢ ᠪᠠᠯᠴᠢᠷ ᠪᠢᠯᠡ᠂ ᠪᠢ ᠬᠦᠦ ᠳᠡᠭᠡᠨ | ᠪᠡᠷᠢ ᠭᠤᠶᠤᠵᠤ ᠤᠷᠤᠭ ᠲᠤ ᠤᠷᠬᠢᠭᠠᠳ ᠢᠷᠡᠬᠦ ᠵᠠᠮ ᠵᠠᠭᠤᠷ᠎ᠠ ᠰᠡᠷᠡᠮᠵᠢᠯᠡᠯ ᠦᠭᠡᠢ ᠪᠠᠷ ᠲᠠᠲ᠋ᠠᠷ ᠢᠷᠬᠡᠨ ᠳᠤ | ᠬᠤᠤᠷᠯᠠᠭᠳᠠᠪᠠ᠃ ᠲᠤᠳᠤᠷ᠎ᠠ ᠮᠠᠭᠤ ᠪᠠᠶᠢᠨ᠎ᠠ᠂ ᠪᠢ ᠪᠤᠯᠬᠤ ᠪᠠᠨ ᠪᠠᠶᠢᠯ᠎ᠠ᠃ ᠨᠠᠮᠠᠢᠢ ᠦᠬᠡᠢ ᠪᠤᠯᠤᠭᠰᠠᠨ ᠬᠤᠶᠢᠨ᠎ᠠ᠂ | ᠦᠨᠦᠴᠢᠨ ᠬᠤᠴᠤᠷᠤᠭᠰᠠᠨ ᠲᠡᠬᠦᠦ ᠨᠠᠷ ᠢᠶᠠᠨ᠂ ᠪᠡᠯᠪᠠᠰᠦᠨ ᠪᠡᠷᠬᠡᠨ ᠢᠶᠠᠨ ᠠᠰᠠᠷᠠᠬᠤ ᠶᠢ ᠴᠢ ᠮᠡᠳᠡ ᠁ | ᠲᠦᠷᠬᠡᠨ ᠤᠴᠢᠵᠤ ᠲᠡᠮᠦᠵᠢᠨ ᠬᠦᠦ ᠶᠢ ᠮᠢᠨᠢ ᠠᠪᠴᠤ ᠢᠷ᠎ᠡ︕ ᠬᠠᠶᠢᠷᠠᠳᠤ ᠁ ᠮᠡᠩᠯᠢᠭ ᠁ ᠮᠢᠨᠢ︕︾ | ᠬᠡᠳ ᠲᠠᠷᠤᠢ ᠨᠠᠰᠤᠨ ᠠᠴᠠ ᠨᠦᠭᠴᠢᠪᠡ᠃ | ᠶᠢᠰᠦᠬᠡᠢ ᠪᠠᠭᠠᠳᠤᠷ ᠢ ᠤᠷᠤᠰᠢᠭᠤᠯᠤᠭᠰᠠᠨ ᠤ ᠲᠠᠷᠠᠭ᠎ᠠ᠂ ᠴᠢᠷᠬ᠎ᠠ ᠡᠪᠦᠬᠡᠨ ᠤ ᠬᠦᠦ ᠮᠡᠩᠯᠢᠭ | ᠂ ᠲᠠᠢ ᠰᠡᠴᠡᠨ ᠤ ᠳᠤ ᠤᠴᠢᠭᠠᠳ ᠶᠢᠰᠦᠬᠡᠢ ᠪᠠᠭᠠᠳᠤᠷ ᠤᠨ ᠦᠬᠡᠢ ᠪᠤᠯᠤᠭᠰᠠᠨ ᠢ ᠲᠤᠷᠠᠳᠤᠯ ᠦᠭᠡᠢ᠂ ᠰᠢᠭᠤᠳ᠄ | ︽ᠶᠢᠰᠦᠬᠡᠢ ᠠᠬ᠎ᠠ ④ ᠮᠢᠨᠢ ᠬᠦᠦ ᠪᠠᠨ ᠮᠦᠷᠦᠬᠡᠳᠤᠨ ᠰᠠᠨᠠᠬᠤ ᠲᠤᠯᠠ ᠨᠠᠳᠠ ᠶᠢ ︿ᠬᠦᠦ | ᠶᠢ ᠮᠢᠨᠢ ᠨᠢᠬᠡ ᠠᠪᠤᠭᠠᠳ ᠢᠷ᠎ᠡ﹀ ᠬᠡᠵᠤ ᠵᠠᠷᠤᠪᠠ︾ ᠬᠡᠵᠤ ᠬᠡᠯᠡᠭᠰᠡᠨ ᠳᠤ᠂ ᠲᠠᠢ ᠰᠡᠴᠡᠨ᠄ | ︽ᠶᠢᠰᠦᠬᠡᠢ ᠬᠤᠳᠠ ᠬᠦᠦ ᠪᠠᠨ ᠮᠦᠷᠦᠬᠡᠳᠦᠨ ᠰᠠᠨᠠᠵᠤ ᠪᠠᠶᠢᠪᠠᠯ ᠶᠠᠪᠤᠭᠤᠯᠤᠶ᠎ᠠ᠂ ᠬᠡᠪᠡᠴᠤ | ᠤᠳᠠᠯ ᠦᠭᠡᠢ ᠬᠡᠳᠡᠷᠬᠦ ᠢᠷᠡᠬᠦᠯᠬᠦ ᠬᠡᠷᠡᠭᠳᠠᠢ︾ ᠬᠡᠪᠡ᠃ ᠮᠡᠩᠯᠢᠭ᠂ ᠲᠠᠢ ᠰᠡᠴᠡᠨ ᠤ ᠦᠬᠡ ᠶᠢ ︽ᠵᠠ︾ ᠬᠡᠵᠤ | ᠬᠦᠯᠢᠶᠡᠨ ᠠᠪᠴᠤ ᠲᠠᠷᠤᠢ ᠲᠡᠮᠦᠵᠢᠨ ᠢ ᠠᠪᠴᠤ ᠪᠤᠴᠠᠪᠠ᠃ | ᠲᠡᠮᠦᠵᠢᠨ ᠬᠡᠷ ᠲᠡᠭᠡᠨ ᠢᠷᠡᠬᠡᠳ ᠰᠠᠶ᠋ᠢ ᠡᠴᠢᠬᠡ ᠶᠢᠨ ᠢᠶᠠᠨ ᠠᠵᠡ ᠪᠤᠰᠤ ᠪᠠᠷ ᠦᠭᠡᠢ | ᠪᠤᠯᠤᠭᠰᠠᠨ ᠢ ᠮᠡᠳᠡᠵᠤ ᠮᠠᠰᠢ ᠭᠠᠰᠠᠯᠤᠨ ᠤᠬᠢᠯᠠᠪᠠ᠃ ᠡᠬᠦᠨ ᠳᠤ ᠬᠤᠩᠬᠤᠳᠠᠨ ᠤ ᠴᠢᠷᠬ᠎ᠠ ᠡᠪᠦᠬᠡᠨ ᠢᠳᠬᠠᠵᠤ | ᠬᠡᠯᠡᠭᠰᠡᠨ ᠨᠢ᠄ | ︽ᠲᠤᠯᠪᠤ ᠵᠢᠭᠠᠰᠤ ᠮᠡᠳᠤ ᠶᠠᠭᠤᠨ ᠳᠤ | ᠲᠤᠯᠪᠤᠷᠢᠨ ᠭᠠᠰᠠᠯᠤᠨᠡ ᠴᠢ︖ | ᠲᠤᠭᠤᠷᠭ᠎ᠠ ⑤ ᠴᠡᠷᠢᠭ ᠢᠶᠠᠨ ᠪᠠᠶᠢᠭᠤᠯᠬᠤ | ᠲᠤᠶᠢᠯᠳᠠᠢ ᠦᠬᠡ ᠪᠠᠨ ᠬᠡᠯᠡᠯᠴᠡᠪᠡᠯ ᠲᠡᠭᠡᠷ᠎ᠡ ᠪᠢᠰᠢ ᠤᠤ︖ | ᠤᠰᠤᠨ ᠤ ᠵᠢᠭᠠᠰᠤ ᠮᠡᠳᠤ ᠶᠠᠭᠤᠨ ᠳᠤ | ᠤᠶᠠᠷᠠᠨ ᠭᠠᠰᠠᠯᠤᠨᠡ ᠴᠢ︖ | ᠤᠯᠤᠰ ᠲᠦᠷᠦ ᠪᠠᠨ ᠪᠠᠶᠢᠭᠤᠯᠬᠤ | ᠤᠴᠢᠷᠳᠠᠢ ᠦᠬᠡ ᠪᠠᠨ ᠬᠡᠯᠡᠯᠴᠡᠪᠡᠯ ᠲᠡᠭᠡᠷ᠎ᠡ ᠪᠢᠰᠢ ᠤᠤ︖︾ ᠬᠡᠰᠡᠨ ᠳᠤ᠂ ᠲᠡᠮᠦᠵᠢᠨ | ᠰᠠᠶ᠋ᠢ ᠤᠬᠢᠯᠠᠬᠤ ᠪᠠᠨ ᠵᠤᠭᠰᠤᠵᠤ ᠦᠬᠡᠯᠦᠨ ᠡᠬᠡ ᠶᠢᠨ ᠬᠠᠮᠳᠤ ᠬᠤᠵᠢᠮ ᠤᠨ ᠶᠠᠪᠤᠳᠠᠯ ᠢᠶᠠᠨ ᠵᠦᠪᠳᠡᠯᠴᠡᠵᠡᠢ᠃ | | | | ᠲᠠᠶᠢᠯᠪᠤᠷᠢ | ① ᠰᠦᠢ ᠲᠤᠭᠳᠠᠬᠤ — ᠤᠷᠤᠭ ᠲᠤᠭᠳᠠᠬᠤ᠂ ᠪᠠᠰᠠ ᠰᠦᠢᠯᠡᠬᠦ ᠬᠡᠨ᠎ᠡ᠃ | ② ᠲᠡᠭᠡᠵᠢᠯᠡᠭᠳᠡᠬᠦ — ᠡᠷᠬᠢᠮᠯᠡᠭᠳᠡᠬᠦ᠃ | ③ ᠬᠦᠷᠬᠡᠨ ᠪᠤᠯᠭᠠᠵᠤ — ᠤᠷᠤᠭ ᠬᠡᠯᠡᠯᠴᠡᠵᠤ ᠲᠤᠭᠳᠠᠭᠰᠠᠨ ᠤ ᠲᠠᠷᠠᠭ᠎ᠠ ᠦᠬᠢᠨ ᠤ | ᠬᠡᠷ ᠲᠤ ᠦᠯᠡᠳᠡᠵᠤ ᠰᠠᠭᠤᠬᠤ᠃ | ④ ᠠᠬ᠎ᠠ — ᠶᠢᠰᠦᠬᠡᠢ ᠪᠠᠭᠠᠳᠤᠷ ᠮᠡᠩᠯᠢᠭ ᠢ ︽ᠬᠦᠦ ᠮᠡᠩᠯᠢᠭ ᠮᠢᠨᠢ︾ ᠬᠡᠵᠤ | ᠪᠠᠶᠢᠳᠠᠯ᠎ᠠ᠂ ᠮᠡᠩᠯᠢᠭ ᠶᠠᠭᠤᠨ ᠳᠤ ︽ᠶᠢᠰᠦᠬᠡᠢ ᠠᠬ᠎ᠠ︾ ᠬᠡᠵᠤ ᠲᠠᠭᠤᠳᠠᠭᠰᠠᠨ ᠪᠤᠢ︖ ᠬᠡᠪᠡᠯ᠃ ᠤᠷᠢᠳᠤ ᠦᠪᠡᠷ | ᠤᠨ ᠪᠡᠶ᠎ᠡ ᠠᠴᠠ ᠨᠠᠰᠤ ᠠᠬ᠎ᠠ ᠬᠦᠮᠦᠨ ᠢ ᠴᠦᠮ ︽ᠠᠬ᠎ᠠ︾ ᠬᠡᠵᠤ ᠲᠠᠭᠤᠳᠠᠵᠤ ᠪᠤᠯᠳᠠᠭ ᠪᠠᠶᠢᠵᠠᠢ᠃ ᠤᠳᠤ ᠴᠦ | ᠵᠠᠷᠢᠮ ᠨᠤᠳᠤᠭ ᠲᠤ ᠡᠨᠡ ᠮᠡᠳᠤ ᠪᠠᠷ ᠦᠪᠡᠷ ᠤᠨ ᠪᠡᠶ᠎ᠡ ᠠᠴᠠ ᠨᠠᠰᠤ ᠠᠬ᠎ᠠ ᠬᠦᠮᠦᠨ ᠢ ᠴᠦᠮ ︽ᠠᠬ᠎ᠠ︾ ᠬᠡᠵᠤ | ᠲᠠᠭᠤᠳᠠᠵᠤ ᠪᠠᠶᠢᠳᠠᠭ᠃ | ⑤ ᠲᠤᠭᠤᠷᠭ᠎ᠠ ᠴᠡᠷᠢᠭ — ᠲᠤᠷᠭᠠᠨ ᠴᠡᠷᠢᠭ᠂ ᠬᠤᠷᠴᠠ ᠴᠡᠷᠢᠭ | | | ᠡᠮᠤᠨᠡᠬᠢ ᠦᠯᠢᠬᠡᠷ᠄ ᠶᠢᠰᠦᠬᠡᠢ ᠪᠠᠭᠠᠳᠤᠷ ᠦᠬᠡᠯᠦᠨ ᠦᠵᠢᠨ ᠢ ᠤᠯᠤᠭᠰᠠᠨ | ᠬᠤᠶᠢᠨᠡᠬᠢ ᠦᠯᠢᠬᠡᠷ᠄ ᠦᠬᠡᠯᠦᠨ ᠦᠵᠢᠨ ᠤ ᠬᠠᠳᠠᠭᠤᠵᠢᠨ ᠲᠡᠮᠡᠴᠡᠭᠰᠡᠨ | |