| | 1. ᠭᠡᠦᠭᠡᠳ ᠢᠶᠠᠨ ᠠᠭᠤᠴᠢᠯᠠᠨ ᠡᠯᠢᠭᠡᠰᠡᠭᠯᠡᠵᠤ ᠪᠠᠭᠳᠠᠭᠠᠨ᠎ᠠ᠃ | ᠭᠡᠦᠭᠡᠳ ᠴᠢᠨᠢ ᠪᠤᠷᠤᠭᠤᠳᠠᠭᠰᠠᠨ ᠪᠠᠶᠢᠪᠠᠴᠤ ᠠᠭᠤᠳᠠᠮᠴᠢ ᠰᠡᠳᠬᠢᠯ ᠡᠯᠢᠭᠡᠰᠡᠭ ᠳᠤᠳᠤᠨᠤ | ᠦᠭᠡ ᠶᠠᠷᠢᠶ᠎ᠠ ᠪᠠᠷ ᠭᠡᠦᠭᠡᠳ ᠢᠶᠠᠨ ᠠᠭᠤᠴᠢᠯᠠᠵᠤ᠂ ᠭᠡᠦᠭᠡᠳ ᠤᠨ ᠢᠶᠠᠨ ᠪᠤᠷᠤᠭᠤᠳᠠᠭᠰᠠᠨ ᠢ ᠡᠪᠴᠢᠬᠦᠦ | ᠴᠡᠭᠡᠵᠢᠨ ᠳᠡᠭᠡᠨ ᠪᠠᠭᠳᠠᠭᠠᠵᠤ ᠠᠪᠤᠨ᠎ᠠ᠃ ᠡᠴᠢᠭᠡ ᠡᠭᠡ ᠶᠢᠨ ᠢᠶᠠᠨ ᠳᠡᠪᠴᠢᠯ ᠦᠭᠡᠢ ᠬᠠᠶᠢᠷᠠᠯᠠᠨ ᠬᠠᠯᠠᠮᠵᠢᠯᠠᠵᠤ | ᠪᠠᠶᠢᠬᠤ ᠶᠢ ᠨᠤᠳᠠᠳᠠᠢ ᠤᠢᠢᠯᠠᠭᠠᠪᠠᠯ᠂ ᠭᠡᠦᠭᠡᠳ ᠴᠢᠨᠢ ᠳᠠᠷᠤᠢ ᠪᠡᠶ᠎ᠡ ᠳᠡᠭᠡᠨ ᠢᠳᠡᠭᠡᠯ ᠲᠠᠢ ᠪᠤᠯᠤᠭᠠᠳ᠂ ᠬᠡᠶᠢᠮᠦᠷᠢ | ᠨᠢ ᠭᠡᠶᠢᠰᠴᠤ ᠮᠠᠨᠳᠤᠬᠤ ᠶᠤᠮ᠃ | 2. ᠢᠳᠡᠭᠡᠯ ᠵᠤᠷᠢᠭ ᠤᠨ ᠰᠤᠷᠭᠠᠨ ᠬᠦᠮᠦᠵᠢᠯ ᠤᠨ ᠬᠦᠨ ᠤᠬᠠᠭᠠᠨ ᠢ ᠡᠵᠡᠮᠰᠢᠨ᠎ᠠ᠃ | ᠪᠤᠰᠤᠳ ᠢ ᠬᠦᠢᠴᠡᠬᠦ ᠦᠭᠡᠢ ᠪᠤᠯᠴᠢᠬᠠᠬᠤ ᠪᠤᠯᠪᠠᠤ ᠭᠡᠵᠦ ᠰᠠᠨᠠᠭᠠᠰᠢᠷᠠᠬᠤ ᠳᠠᠭᠠᠨ ᠡᠴᠢᠭᠡ | ᠡᠭᠡ ᠪᠤᠯᠤᠭᠰᠠᠳ ᠤᠨ ᠵᠠᠷᠢᠮ ᠨᠢ ᠭᠡᠦᠭᠡᠳ ᠤᠨ ᠢᠶᠠᠨ ᠰᠤᠷᠬᠤ ᠳᠤᠷ᠎ᠠ ᠦᠭᠡᠢ ᠮᠡᠳᠡᠯᠭᠡ ᠶᠢ ᠵᠠᠪᠠᠯ ᠰᠤᠷᠭᠠᠬᠤ ᠭᠡᠳ | ᠤᠷᠤᠯᠳᠤᠭᠠᠳ ᠪᠠᠶᠢᠳᠠᠭ᠃ ᠢᠩᠬᠢᠬᠦ ᠨᠢ ᠦᠨᠡᠨ ᠳᠡᠭᠡᠨ ᠭᠡᠦᠭᠡᠳ ᠤᠨ ᠢᠳᠡᠭᠡᠯ ᠵᠤᠷᠢᠭ ᠢ ᠮᠢᠳᠠᠷᠠᠭᠤᠯᠬᠤ ᠨᠠᠵᠠᠭᠠᠢ | ᠦᠢᠯᠡᠳᠦᠯ ᠲᠠᠢ ᠪᠠᠶᠢᠳᠠᠭ ᠪᠢᠯᠡ᠃ ᠭᠡᠦᠭᠡᠳ ᠢᠶᠠᠨ ᠬᠦᠮᠦᠵᠢᠬᠦᠯᠬᠦ ᠳᠤ ᠭᠡᠦᠭᠡᠳ ᠲᠤ ᠳᠤᠬᠢᠷᠠᠭᠰᠠᠨ ᠰᠤᠷᠭᠠᠨ | ᠬᠦᠮᠦᠵᠢᠯ ᠤᠨ ᠠᠷᠭ᠎ᠠ ᠮᠠᠶ᠋ᠢᠭ ᠢ ᠤᠯᠵᠤ ᠠᠪᠬᠤ ᠨᠢ ᠳᠤᠩ ᠴᠢᠬᠤᠯᠠ ᠶᠤᠮ᠃ ᠡᠶᠢᠮᠦ ᠠᠷᠭ᠎ᠠ ᠮᠠᠶ᠋ᠢᠭ ᠢ ᠤᠯᠵᠤ | ᠠᠪᠤᠭᠰᠠᠨ ᠪᠠᠶᠢᠪᠠᠯ᠂ ᠡᠨᠡᠬᠦ ᠠᠷᠭ᠎ᠠ ᠮᠠᠶ᠋ᠢᠭ ᠢᠶᠠᠷ ᠢᠶᠠᠨ ᠭᠡᠦᠭᠡᠳ ᠢᠶᠠᠨ ᠠᠯᠭᠠᠰᠠᠭ ᠦᠭᠡᠢ ᠪᠠᠷ ᠬᠦᠮᠦᠵᠢᠬᠦᠯᠦᠨ᠎ᠡ᠃ | 3. ᠭᠡᠦᠭᠡᠳ ᠤᠨ ᠢᠶᠠᠨ ᠤᠶᠤᠨ ᠰᠠᠨᠠᠭᠠᠨ ᠳᠤ ᠬᠦᠰᠡᠯ ᠮᠦᠷᠦᠭᠡᠳᠦᠯ ᠤᠨ ᠵᠢᠬᠦᠷ | ᠤᠷᠭᠤᠭᠤᠯᠤᠨ᠎ᠠ᠃ | ᠡᠴᠢᠭᠡ ᠡᠭᠡ ᠪᠤᠯᠤᠭᠰᠠᠳ ᠨᠢ ᠭᠡᠦᠭᠡᠳ ᠤᠨ ᠢᠶᠠᠨ ᠢᠷᠡᠭᠡᠳᠦᠢ ᠶᠢᠨ ᠳᠤᠬᠠᠢ ᠪᠤᠳᠠᠳᠠᠢ ᠬᠦᠰᠡᠯ | ᠮᠦᠷᠦᠭᠡᠳᠦᠯ ᠲᠠᠢ ᠪᠤᠯᠬᠤ ᠳᠤᠨᠢ ᠬᠠᠪᠰᠤᠷᠤᠯᠭ᠎ᠠ ᠦᠵᠡᠬᠦᠯᠵᠤ᠂ ᠭᠡᠦᠭᠡᠳ ᠨᠢ ᠶᠠᠮᠠᠷ ᠨᠢᠭᠡᠨ ᠬᠦᠰᠡᠯ ᠮᠦᠷᠦᠭᠡᠳᠦᠯ | ᠲᠠᠢ ᠪᠤᠯᠤᠭᠰᠠᠨ ᠪᠠᠶᠢᠪᠠᠯ᠂ ᠡᠨᠡᠬᠦ ᠬᠦᠰᠡᠯ ᠮᠦᠷᠦᠭᠡᠳᠦᠯ ᠴᠢᠨᠢ ᠯᠠᠪᠳᠠᠢ ᠪᠡᠶᠡᠯᠡᠭᠳᠡᠵᠦ ᠴᠢᠳᠠᠨ᠎ᠠ ᠭᠡᠮᠡᠨ ᠭᠡᠦᠭᠡᠳ ᠢᠶᠠᠨ | ᠢᠳᠡᠭᠡᠯ ᠲᠠᠢ ᠪᠤᠯᠬᠤ ᠳᠡᠰᠢ ᠨᠢ ᠬᠦᠳᠦᠯᠦᠨ ᠵᠢᠯᠤᠭᠤᠳᠤᠨ᠎ᠠ᠃ ᠡᠴᠢᠭᠡ ᠡᠭᠡ ᠶᠢᠨ ᠬᠢᠨᠢ ᠡᠶᠢᠮᠦᠷᠬᠦ ᠬᠢᠳᠡᠯ ᠨᠢ | ᠭᠡᠦᠭᠡᠳ ᠲᠤ ᠦᠪᠡᠷ ᠤᠨ ᠳᠠᠯᠳᠠ ᠪᠤᠯᠤᠯᠴᠠᠭ᠎ᠠ ᠪᠠᠨ ᠪᠠᠳᠠᠷᠠᠭᠤᠯᠬᠤ ᠢᠳᠡᠪᠬᠢᠳᠡᠢ ︽ᠰᠠᠨᠠᠭ᠎ᠠ ᠬᠦᠰᠡᠯ︾ ᠢ ᠪᠤᠢ | ᠪᠤᠯᠭᠠᠵᠤ ᠦᠭᠳᠡᠭ ᠶᠤᠮ᠃ | 4. ᠭᠡᠦᠭᠡᠳ ᠢᠶᠠᠨ ᠢᠳᠡᠭᠡᠨ᠎ᠡ᠃ | ᠭᠡᠦᠭᠡᠳ ᠨᠢ ᠶᠠᠮᠠᠷ ᠶᠠᠩᠵᠤ ᠶᠢᠨ ᠬᠦᠰᠡᠯ ᠮᠦᠷᠦᠭᠡᠳᠦᠯ ᠲᠠᠢ ᠪᠠᠶᠢᠭᠰᠠᠨ ᠴᠤ ᠡᠴᠢᠭᠡ ᠡᠭᠡ | ᠪᠤᠯᠤᠭᠰᠠᠳ ᠨᠢ ᠡᠨᠡᠬᠦ ᠬᠦᠰᠡᠯ ᠮᠦᠷᠦᠭᠡᠳᠦᠯ ᠢᠶᠠᠨ ᠯᠠᠪᠳᠠᠢ ᠪᠡᠶᠡᠯᠡᠬᠦᠯᠵᠦ ᠴᠢᠳᠠᠨ᠎ᠠ ᠭᠡᠳᠡᠭ ᠢ ᠨᠢ ᠳᠦᠷ ᠴᠠᠭ | ᠢᠳᠡᠭᠡᠬᠦ ᠭᠡᠷᠡᠭᠳᠡᠢ᠃ ᠡᠴᠢᠭᠡ ᠡᠭᠡ ᠶᠢᠨ ᠦᠭᠳᠡᠭ ᠪᠠᠶᠢᠩᠭᠤ ᠶᠢᠨ ᠵᠤᠷᠢᠬᠵᠢᠭᠤᠯᠤᠯ ᠨᠢ ᠭᠡᠦᠭᠡᠳ ᠤᠨ ᠭᠡᠶᠢᠮᠦᠷᠢ ᠲᠠᠢ | ᠰᠠᠶᠢᠬᠠᠨ ᠦᠰᠦᠨ ᠪᠤᠶᠢᠵᠢᠬᠤ ᠤᠷᠴᠢᠨ ᠨᠦᠬᠦᠴᠡᠯ ᠢ ᠪᠤᠢ ᠪᠤᠯᠭᠠᠳᠠᠭ ᠶᠤᠮ᠃ | 5. ᠬᠡᠦᠭᠡᠳ ᠢᠶᠠᠨ ᠪᠤᠳᠠᠳᠠᠢ ᠬᠦᠰᠡᠯ ᠮᠦᠷᠦᠭᠡᠳᠦᠯ ᠲᠠᠢ ᠪᠤᠯᠬᠤ ᠳᠡᠰᠢ ᠨᠢ ᠬᠦᠳᠦᠯᠦᠨ | ᠵᠢᠯᠤᠭᠤᠳᠤᠨ᠎ᠠ᠃ | ᠭᠡᠦᠭᠡᠳ ᠨᠢ ᠶᠠᠮᠠᠷ ᠨᠢᠭᠡᠨ ᠬᠦᠰᠡᠯ ᠮᠦᠷᠦᠭᠡᠳᠦᠯ ᠲᠠᠢ ᠪᠤᠯᠤᠭᠰᠠᠨ ᠪᠠᠶᠢᠪᠠᠯ᠂ ᠡᠴᠢᠭᠡ ᠡᠭᠡ | ᠪᠤᠯᠤᠭᠰᠠᠳ ᠨᠢ ᠭᠡᠦᠭᠡᠳ ᠲᠡᠭᠡᠨ ᠬᠠᠪᠰᠤᠷᠴᠤ ᠪᠠᠶᠢᠭᠠᠳ ᠡᠨᠡᠬᠦ ᠭᠦᠰᠡᠯ ᠮᠦᠷᠦᠭᠡᠳᠦᠯ ᠢ ᠨᠢ ᠨᠡᠯᠢᠶᠡᠳ | ᠪᠤᠳᠠᠳᠠᠶᠢᠵᠢᠭᠰᠠᠨ ᠳᠦᠯᠦᠪᠵᠢᠬᠦᠯᠭᠡ ᠪᠤᠯᠭᠠᠨ ᠵᠢᠷᠤᠬᠯᠠᠭᠤᠯᠤᠭᠠᠳ᠂ ᠡᠨᠡᠬᠦ ᠬᠦᠰᠡᠯ ᠮᠦᠷᠦᠭᠡᠳᠦᠯ ᠤᠨ ᠬᠢᠨᠢ | ᠳᠤᠭᠤᠷᠢᠨ ᠳᠤ ᠠᠯᠪᠠᠳᠠᠯᠭ᠎ᠠ ᠶᠢᠨ ᠪᠤᠰᠤ ᠪᠤᠳᠠᠳᠠᠢ ᠠᠵᠢᠯ ᠢ ᠬᠢᠬᠦ ᠪᠤᠯᠭᠠᠨ ᠭᠡᠦᠭᠡᠳ ᠢᠶᠠᠨ ᠰᠡᠩᠭᠡᠷᠡᠬᠦᠯᠦᠨ | ᠵᠢᠯᠤᠭᠤᠳᠤᠨ᠎ᠠ᠃ | 6. ᠡᠭᠡ ᠪᠤᠯᠤᠭᠰᠠᠳ ᠪᠤᠯ ᠰᠤᠷᠤᠯᠴᠠᠯᠭ᠎ᠠ ᠶᠢᠨ ᠬᠠᠪᠰᠤᠷᠤᠭᠴᠢ ᠨᠢ ᠪᠠᠶᠢᠳᠠᠭ ᠶᠤᠮ᠃ | ᠬᠡᠦᠭᠡᠳ ᠢᠶᠠᠨ ᠬᠡᠶᠢᠮᠦᠷᠢ ᠲᠠᠢ ᠬᠦᠮᠦᠨ ᠪᠤᠯᠭᠠᠨ ᠬᠦᠮᠦᠵᠢᠬᠦᠯᠦᠶᠠ ᠭᠡᠪᠡᠯ᠂ ᠡᠭᠡ ᠪᠤᠯᠤᠭᠰᠠᠳ | ᠨᠢ ᠡᠷᠭᠡᠪᠰᠢ ᠤᠷᠢᠳᠠᠪᠠᠷ ᠦᠯᠢᠭᠡᠷ ᠳᠠᠭᠤᠷᠢᠶᠠᠯ ᠪᠤᠯᠵᠤ ᠦᠭᠭᠦᠨ᠂ ᠭᠡᠦᠭᠡᠳ ᠲᠠᠢ ᠪᠠᠨ ᠬᠠᠮᠳᠤ ᠪᠠᠷ ᠨᠤᠮ ᠤᠩᠰᠢᠨ | ᠰᠤᠷᠤᠯᠴᠠᠵᠤ᠂ ᠭᠡᠦᠭᠡᠳ ᠲᠠᠢ ᠪᠠᠨ ᠬᠠᠮᠳᠤ ᠪᠠᠷ ᠠᠰᠢᠭᠯᠠᠨ ᠭᠡᠷᠡᠭᠯᠡᠵᠤ ᠴᠢᠳᠠᠬᠤ ᠳᠤᠷᠰᠢᠯᠭ᠎ᠠ ᠲᠠᠢ ᠪᠤᠯᠬᠤ ᠭᠡᠷᠡᠭᠳᠡᠢ | ᠃ | 7. ᠨᠠᠭᠠᠳᠤ ᠵᠠᠬ᠎ᠠ ᠳᠠᠭᠠᠨ ᠬᠦᠯᠢᠴᠡᠩᠬᠦᠢ ᠪᠠᠶᠢᠵᠤ ᠴᠢᠳᠠᠨ᠎ᠠ᠃ | ᠭᠡᠦᠭᠡᠳ ᠢᠶᠠᠨ ᠡᠬᠦᠨ ᠢ ᠬᠢ᠂ ᠳᠡᠬᠦᠨ ᠢ ᠤᠷᠤᠯᠳᠤ ᠭᠡᠮᠡᠨ ᠵᠢᠭᠠᠵᠤ ᠵᠠᠬᠢᠨ ᠶᠠᠩᠰᠢᠭᠠᠳ | ᠪᠠᠶᠢᠵᠤ ᠪᠤᠯᠬᠤ ᠦᠭᠡᠢ᠃ ᠭᠡᠦᠭᠡᠳ ᠲᠡᠭᠡᠨ ᠤᠬᠠᠮᠰᠠᠷ ᠠᠴᠠ ᠪᠠᠨ ᠬᠦᠮᠦᠵᠢᠨ ᠬᠤᠪᠢᠷᠠᠬᠤ ᠤᠷᠴᠢᠨ ᠨᠦᠬᠦᠴᠡᠯ ᠢ | ᠪᠤᠢ ᠪᠤᠯᠭᠠᠨ ᠦᠭᠴᠤ᠂ ᠭᠡᠦᠭᠡᠳ ᠤᠨ ᠢᠶᠠᠨ ᠬᠦᠮᠦᠵᠢᠨ ᠬᠤᠪᠢᠷᠠᠬᠤ ᠶᠢ ᠪᠠᠶᠠᠷᠳᠠᠢ ᠪᠠᠷ ᠬᠠᠷᠠᠵᠤ ᠬᠦᠯᠢᠶᠡᠨ᠎ᠡ᠃ | ᠭᠡᠦᠭᠡᠳ ᠴᠢᠨᠢ ᠤᠨᠴᠠ ᠵᠠᠷᠢᠮ ᠦᠶ᠎ᠡ ᠳᠤ ᠰᠠᠨᠠᠭᠠᠨ ᠳᠤ ᠴᠢᠨᠢ ᠦᠯᠦ ᠳᠠᠭᠠᠯᠠᠭᠳᠠᠭᠰᠠᠨ ᠭᠡᠷᠡᠭ ᠢ ᠭᠢᠭᠰᠡᠨ ᠴᠤ | ᠳᠡᠬᠦᠨ ᠢ ᠨᠢ ᠬᠠᠶᠢᠬᠤᠷᠬᠤ ᠦᠭᠡᠢ ᠪᠠᠷ ᠨᠢᠭᠡ ᠤᠳᠠᠭ᠎ᠠ ᠦᠩᠭᠡᠷᠡᠭᠡᠵᠦ ᠪᠤᠯᠤᠨ᠎ᠠ᠃ | 8. ᠢᠷᠦᠭᠡᠯ ᠵᠦᠩᠨᠡᠯ ᠤᠨ ᠤᠯᠠᠮᠵᠢᠯᠠᠨ ᠳᠠᠮᠵᠢᠭᠤᠯᠤᠭᠴᠢ ᠨᠢ ᠪᠤᠯᠵᠤ ᠦᠭᠭᠦᠨ᠎ᠡ᠃ | ᠡᠭᠡ ᠪᠤᠯᠤᠭᠰᠠᠳ ᠨᠢ ᠭᠡᠦᠭᠡᠳ ᠲᠡᠭᠡᠨ ᠢᠷᠦᠭᠡᠯ ᠵᠦᠩᠨᠠᠯ ᠤᠨ ᠤᠯᠠᠮᠵᠢᠯᠠᠨ ᠳᠠᠮᠵᠢᠭᠤᠯᠤᠭᠴᠢ | ᠨᠢ ᠪᠤᠯᠵᠤ ᠦᠭᠭᠦᠨ᠎ᠡ᠃ ︽ᠢᠷᠦᠭᠡᠯ ᠵᠦᠩᠨᠡᠯ︾ ᠢ ᠰᠤᠨᠤᠰᠴᠤ ᠦᠰᠦᠭᠰᠡᠨ ᠭᠡᠦᠭᠡᠳ ᠤᠨ ᠠᠵᠠ ᠵᠠᠪᠰᠢᠶᠠᠨ ᠨᠢ | ᠪᠤᠰᠤᠳ ᠬᠦᠮᠦᠰ ᠤᠨ ᠬᠢ ᠠᠴᠠ ᠪᠦᠷ ᠢᠯᠡᠬᠦᠦ ᠪᠠᠶᠢᠳᠠᠭ᠃ ᠠᠵᠠ ᠵᠠᠪᠰᠢᠶᠠᠨ ᠪᠤᠯᠤᠨ ᠭᠡᠶᠢᠮᠤᠷᠢ ᠬᠤᠶᠠᠷ ᠨᠢ | ᠢᠵᠢᠯᠢ ᠬᠤᠤᠰ ᠪᠠᠶᠢᠳᠠᠭ ᠰᠠᠨ᠃ | 9. ᠭᠡᠦᠭᠡᠳ ᠢᠶᠠᠨ ᠬᠠᠷᠠᠯᠳᠠ ᠲᠠᠢ ᠪᠠᠷ ᠵᠤᠭᠠᠴᠠᠭᠤᠯᠵᠤ ᠳᠤᠭᠤᠷᠢᠭᠤᠯᠤᠨᠠ᠃ | ᠵᠤᠭᠠᠴᠠᠨ ᠳᠤᠭᠤᠷᠢᠬᠤ ᠪᠤᠯ ᠰᠤᠷᠭᠠᠨ ᠬᠦᠮᠦᠵᠢᠯ ᠭᠷᠳᠡᠬᠦ ᠶᠢᠨ ᠨᠢᠭᠡ ᠰᠠᠶᠢᠨ ᠠᠷᠭ᠎ᠠ | ᠪᠤᠯᠤᠨ᠎ᠠ᠃ ᠵᠤᠭᠠᠴᠠᠨ ᠳᠤᠭᠤᠷᠢᠪᠠᠯ᠂ ᠭᠡᠦᠭᠡᠳ ᠪᠡᠶ᠎ᠡ ᠪᠠᠨ ᠳᠠᠭᠠᠭᠠᠬᠤ ᠴᠢᠳᠠᠪᠤᠷᠢ ᠲᠠᠢ᠂ ᠳᠠᠰᠪᠤᠷᠢᠯᠡᠨ ᠳᠠᠭᠠᠭᠠᠬᠤ | ᠴᠢᠳᠠᠪᠤᠷᠢ ᠲᠠᠢ᠂ ᠦᠷᠢᠰᠦᠯᠳᠦᠨ ᠳᠡᠮᠡᠴᠡᠬᠦ ᠵᠤᠷᠢᠭ ᠰᠠᠨᠠᠭ᠎ᠠ ᠲᠠᠢ ᠪᠤᠯᠵᠤ ᠳᠠᠪᠳᠠᠭᠳᠠᠬᠤ ᠶᠤᠮ᠃ | 10. ᠭᠡᠦᠭᠡᠳ ᠢᠶᠠᠷ ᠮᠠᠭᠠᠳᠯᠠᠭᠤᠯᠬᠤ ᠪᠤᠯᠪᠠᠰᠤᠷᠠᠯ ᠬᠢᠯᠭᠡᠨ᠎ᠡ᠃ | ᠶᠠᠭ ᠳᠤᠯᠭᠠᠷᠠᠭᠰᠠᠨ ᠠᠰᠠᠭᠤᠳᠠᠯ ᠤᠨ ᠳᠤᠬᠠᠢ ᠦᠪᠡᠷ ᠤᠨ ᠪᠡᠶ᠎ᠡ ᠪᠠᠷ ᠨᠢ ᠮᠠᠭᠠᠳᠯᠠᠯᠳᠠ | ᠬᠢᠯᠭᠡᠬᠦ ᠪᠤᠯ ᠭᠡᠦᠭᠡᠳ ᠢ ᠳᠠᠪᠳᠠᠨ ᠪᠤᠯᠪᠠᠰᠤᠷᠠᠭᠤᠯᠬᠤ ᠨᠢᠭᠡ ᠰᠠᠶᠢᠨ ᠠᠷᠭ᠎ᠠ ᠪᠤᠯᠤᠨ᠎ᠠ᠃ ᠬᠢᠭᠰᠡᠨ ᠮᠠᠭᠠᠳᠯᠠᠯᠳᠠ ᠨᠢ | ᠢᠳᠡᠭᠡᠮᠡᠷ ᠶᠠᠭᠤᠮ᠎ᠠ ᠪᠢᠰᠢ ᠪᠠᠶᠢᠭᠰᠠᠨ ᠴᠤ ᠭᠡᠦᠭᠡᠳ ᠤᠨ ᠢᠶᠠᠨ ᠭᠠᠷᠭᠠᠭᠰᠠᠨ ᠰᠢᠢᠳᠪᠤᠷᠢ ᠶᠢ ᠵᠦᠪᠰᠢᠶᠡᠨ | ᠵᠤᠷᠢᠬᠵᠢᠭᠤᠯᠵᠤ ᠪᠠᠶᠢᠪᠠᠯ ᠰᠠᠶᠢᠨ ᠶᠤᠮ᠃ | 11. ᠭᠡᠦᠭᠡᠳ ᠲᠡᠭᠡᠨ ᠵᠤᠬᠢᠬᠤ ᠵᠤᠪᠠᠭᠤᠷᠢ ᠵᠦᠳᠡᠬᠦᠷᠢ ᠶᠢ ᠠᠮᠰᠠᠭᠤᠯᠤᠨ᠎ᠠ᠃ | ᠭᠡᠦᠭᠡᠳ ᠨᠢ ᠵᠤᠪᠠᠨᠢᠨ ᠵᠦᠳᠡᠷᠡᠪᠡᠯ ᠡᠴᠢᠭᠡ ᠡᠭᠡ ᠪᠤᠯᠤᠭᠰᠠᠳ ᠨᠢ ᠬᠦᠭᠡᠷᠦᠭᠦᠢ ᠭᠡᠵᠦ ᠡᠷᠭᠡ | ᠦᠭᠡᠢ ᠬᠦᠭᠡᠷᠦᠬᠦ᠋ᠢᠯᠡᠵᠦ ᠭᠠᠷᠳᠠᠭ᠃ ᠦᠨᠡᠨ ᠳᠡᠭᠡᠨ ᠡᠨᠡ ᠦᠶ᠎ᠡ ᠳᠤ ᠡᠴᠢᠭᠡ ᠡᠭᠡ ᠪᠤᠯᠤᠭᠰᠠᠳ ᠨᠢ ᠬᠠᠶᠢᠬᠤᠷᠬᠤ | ᠦᠭᠡᠢ ᠪᠠᠶᠢᠵᠤ ᠪᠤᠯᠤᠨ᠎ᠠ᠃ ᠡᠴᠢᠭᠡ ᠡᠭᠡ ᠪᠤᠯᠤᠭᠰᠠᠳ ᠨᠢ ᠭᠡᠦᠭᠡᠳ ᠤᠨ ᠢᠶᠠᠨ ᠤᠷᠤᠨ ᠳᠤ ᠠᠮᠢᠳᠤᠷᠠᠵᠤ ᠦᠯᠦ | ᠴᠢᠳᠠᠳᠠᠭ ᠳᠤᠯᠠ ᠡᠨᠡ ᠦᠶ᠎ᠡ ᠳᠤ ᠭᠡᠦᠭᠡᠳ ᠲᠡᠭᠡᠨ ᠬᠠᠷᠢᠨ ᠦᠪᠡᠷ ᠤᠨ ᠠᠮᠢᠳᠤᠷᠠᠯ ᠳᠠᠭᠠᠨ ᠦᠪᠡᠷ ᠢᠶᠠᠨ ᠯᠡ ᠡᠵᠡᠨ | ᠪᠤᠯᠤᠨ᠎ᠡ ᠰᠢᠤ ᠭᠡᠳᠡᠭ ᠢ ᠭᠡᠯᠡᠵᠦ ᠮᠡᠳᠡᠬᠦᠯᠬᠦ ᠭᠡᠷᠡᠭᠳᠡᠢ ᠪᠢᠯᠡ᠃ | 12. ᠶᠡᠭᠡ ᠶᠠᠭᠤᠮ᠎ᠠ ᠶᠢ ᠬᠠᠷᠠᠵᠤ ᠪᠤᠳᠤᠬᠤ ᠪᠤᠯᠭᠠᠨ᠎ᠠ᠃ | ᠭᠡᠦᠭᠡᠳ ᠢᠶᠠᠨ ᠮᠠᠰᠢ ᠶᠡᠭᠡ ᠬᠦᠰᠡᠯ ᠮᠦᠷᠦᠭᠡᠳᠦᠯ ᠢ ᠡᠪᠤᠷᠯᠡᠭᠰᠡᠨ ᠬᠦᠮᠦᠨ ᠪᠤᠯᠭᠠᠨ | ᠬᠦᠮᠦᠵᠢᠬᠦᠯᠵᠤ᠂ ᠡᠪᠦᠷᠯᠡᠭᠰᠡᠨ ᠬᠦᠰᠡᠯ ᠮᠦᠷᠦᠭᠡᠳᠦᠯ ᠤᠨ ᠢᠶᠠᠨ ᠳᠤᠮᠳᠠ ᠦᠰᠦᠨ ᠪᠤᠶᠢᠵᠢᠬᠤ ᠪᠤᠯᠭᠠᠨ᠎ᠠ᠃ | ᠢᠩᠬᠢᠪᠡᠯ ᠠᠭᠤᠳᠠᠮ ᠰᠠᠷᠠᠭᠤᠯ ᠶᠢᠷᠳᠢᠨᠴᠤ ᠳᠡᠯᠡᠭᠡᠢ ᠳᠤ ᠦᠰᠦᠨ ᠪᠤᠶᠢᠵᠢᠭ᠎ᠠ ᠶᠠᠪᠤᠴᠠ ᠳᠠᠭᠠᠨ ᠭᠡᠦᠭᠡᠳ ᠴᠢᠨᠢ ᠮᠠᠰᠢ | ᠰᠠᠶᠢᠨ ᠠᠵᠠ ᠵᠠᠪᠰᠢᠶᠠᠨ ᠢ ᠪᠦᠷ ᠠᠮᠠᠷᠬᠠᠨ ᠢᠶᠠᠷ ᠤᠯᠵᠤ ᠡᠵᠡᠮᠳᠡᠬᠦ ᠪᠤᠯᠤᠨ᠎ᠠ᠃ | 13. ᠡᠴᠢᠭᠡ ᠡᠭᠡ ᠪᠤᠯᠤᠭᠰᠠᠳ ᠨᠢ ᠦᠪᠡᠷ ᠤᠨ ᠬᠦᠰᠡᠯ ᠮᠦᠷᠦᠭᠡᠳᠦᠯ ᠢᠶᠠᠨ ᠬᠡᠦᠭᠡᠳ | ᠲᠡᠭᠡᠨ ᠠᠯᠪᠠ ᠪᠠᠷ ᠳᠤᠬᠤᠨ ᠦᠭᠴᠤ ᠦᠯᠦ ᠪᠤᠯᠤᠨ᠎ᠠ᠃ | ᠡᠴᠢᠭᠡ ᠡᠭᠡ ᠪᠤᠯᠤᠭᠰᠠᠳ ᠨᠢ ᠰᠢᠨᠦᠬᠠᠢ ᠰᠠᠨᠠᠭ᠎ᠠ ᠪᠤᠯᠤᠨ ᠬᠦᠰᠡᠯ ᠮᠦᠷᠦᠭᠡᠳᠦᠯ ᠬᠤᠶᠠᠷ ᠢ | ᠡᠷᠭᠡᠪᠰᠢ ᠳᠤᠳᠤᠷᠬᠠᠢ ᠪᠠᠷ ᠢᠯᠭᠠᠨ ᠳᠠᠨᠢᠵᠤ ᠴᠢᠳᠠᠬᠤ ᠭᠡᠷᠡᠭᠳᠡᠢ᠃ ᠡᠴᠢᠭᠡ ᠡᠭᠡ ᠪᠤᠯᠤᠭᠰᠠᠳ ᠨᠢ | ᠭᠡᠦᠭᠡᠳ ᠤᠨ ᠢᠶᠠᠨ ᠬᠦᠰᠡᠯ ᠮᠦᠷᠦᠭᠡᠳᠦᠯ ᠢᠶᠠᠨ ᠪᠡᠶᠡᠯᠡᠬᠦᠯᠬᠦ ᠶᠢᠨ ᠬᠠᠪᠰᠤᠷᠤᠭᠴᠢ ᠨᠢ ᠯᠡ ᠪᠠᠶᠢᠳᠠᠭ ᠶᠤᠮ ᠭᠡᠰᠡᠨ ᠢ | ᠭᠡᠷᠭᠢᠭᠰᠡᠨ ᠴᠤ ᠤᠮᠠᠷᠳᠠᠵᠤ ᠦᠯᠦ ᠪᠤᠯᠤᠨ᠎ᠠ᠃ | 14. ᠭᠡᠦᠭᠡᠳ ᠢᠶᠠᠨ ᠨᠡᠶᠢᠭᠡᠮᠴᠢ ᠴᠢᠨᠠᠷᠳᠠᠢ ᠬᠦᠮᠦᠨ ᠪᠤᠯᠭᠠᠨ ᠬᠦᠮᠦᠵᠢᠬᠦᠯᠦᠨ᠎ᠡ᠃ | ᠨᠢᠭᠡ ᠬᠦᠮᠦᠨ ᠪᠤᠯᠤᠨ ᠨᠢᠭᠡ ᠬᠦᠮᠦᠨ ᠤ ᠬᠦᠴᠦ ᠪᠠᠷ ᠵᠤᠯ ᠵᠢᠷᠭᠠᠯ ᠪᠤᠯᠤᠨ ᠠᠮᠵᠢᠯᠳᠠ | ᠪᠦᠳᠦᠮᠵᠢ ᠶᠢ ᠶᠠᠭᠠᠬᠢᠭᠰᠠᠨ ᠴᠤ ᠤᠯᠵᠤ ᠴᠢᠳᠠᠬᠤ ᠦᠭᠡᠢ ᠶᠤᠮ᠃ ᠨᠡᠶᠢᠭᠡᠮᠴᠢ ᠴᠢᠨᠠᠷ ᠢᠶᠠᠷ ᠳᠤᠳᠠᠮᠠᠭ ᠭᠡᠦᠭᠡᠳ | ᠠᠮᠵᠢᠯᠳᠠ ᠪᠦᠳᠦᠮᠵᠢ ᠤᠯᠵᠤ ᠴᠢᠳᠠᠬᠤ ᠦᠭᠡᠢ ᠮᠦᠷᠳᠡᠭᠡᠨ ᠠᠵᠠ ᠵᠢᠷᠭᠠᠯ ᠢ ᠴᠤ ᠤᠯᠵᠤ ᠴᠢᠳᠠᠬᠤ ᠦᠭᠡᠢ ᠪᠠᠶᠢᠳᠠᠭ | ᠪᠢᠯᠡ᠃ | 15. ᠵᠠᠷᠢᠮ ᠦᠶ᠎ᠡ ᠳᠤ ᠭᠡᠦᠭᠡᠳ ᠢᠶᠠᠨ ᠢᠯᠠᠭᠳᠠᠯ ᠢᠶᠠᠷ ᠬᠠᠷᠠᠯᠳᠠ ᠪᠤᠯᠭᠠᠭᠰᠠᠨ | ᠦᠷᠢᠰᠦᠯᠳᠦᠭᠡᠨ ᠳᠤ ᠤᠷᠤᠯᠴᠠᠭᠤᠯᠵᠤ ᠪᠤᠯᠤᠨ᠎ᠠ᠃ | ᠭᠡᠦᠭᠡᠳ ᠴᠢᠨᠢ ᠢᠯᠠᠭᠳᠠᠯ ᠳᠤ ᠤᠴᠠᠷᠠᠭᠰᠠᠨ ᠴᠤ᠂ ᠡᠨᠡ ᠪᠤᠯ ᠢᠯᠠᠭᠳᠠᠯ ᠪᠢᠰᠢ ᠬᠠᠷᠢᠨ | ᠠᠯᠳᠠᠰᠢ ᠪᠠᠶᠢᠭ᠎ᠠ ᠭᠡᠵᠦ ᠭᠡᠦᠭᠡᠳ ᠲᠡᠭᠡᠨ ᠭᠡᠯᠡᠵᠦ ᠦᠭᠭᠦᠨ᠎ᠠ᠃ ᠢᠯᠠᠭᠳᠠᠯ ᠢᠶᠠᠷ ᠳᠠᠮᠵᠢᠭᠠᠳ ᠭᠡᠦᠭᠡᠳ ᠴᠢᠨᠢ | ᠦᠪᠡᠷ ᠤᠨ ᠬᠠᠷᠠᠴᠠ ᠪᠠᠨ ᠤᠯᠠᠮ ᠰᠠᠷᠠᠭᠤᠯ ᠳᠡᠨᠢᠬᠦᠨ ᠪᠤᠯᠭᠠᠵᠤ ᠴᠢᠳᠠᠬᠤ ᠶᠤᠮ᠃ | 16. ᠵᠢᠷᠭᠠᠵᠤ ᠴᠢᠳᠠᠳᠠᠭ ᠬᠦᠮᠦᠨ ᠰᠠᠶᠢ ᠠᠮᠵᠢᠯᠳᠠ ᠤᠯᠵᠤ ᠴᠢᠳᠠᠳᠠᠭ᠃ | ᠵᠤᠪᠠᠵᠤ ᠰᠢᠨᠠᠯᠤᠭᠰᠠᠨ ᠴᠤ ᠵᠤᠪᠠᠯᠠᠩ ᠤᠨ ᠳᠤᠮᠳᠠ ᠠᠴᠠ ᠪᠠᠶᠠᠷ ᠪᠠᠶᠠᠰᠤᠯ ᠢ ᠤᠯᠵᠤ | ᠡᠳ᠋ᠯᠡᠳᠡᠭ ᠴᠢᠳᠠᠪᠤᠷᠢ ᠲᠠᠢ ᠬᠦᠮᠦᠨ ᠪᠤᠯ ᠰᠠᠶᠢ ᠬᠦᠰᠡᠯ ᠮᠦᠷᠦᠭᠡᠳᠦᠯ ᠢᠶᠠᠨ ᠪᠡᠶᠡᠯᠡᠬᠦᠯᠵᠦ ᠴᠢᠳᠠᠳᠠᠭ ᠨᠢᠭᠡ ᠨᠢ | ᠪᠠᠶᠢᠭ᠎ᠠ ᠶᠤᠮ᠃ ᠠᠮᠵᠢᠯᠳᠠ ᠤᠯᠬᠤ ᠶᠢᠨ ᠵᠠᠩᠬᠢᠯᠠᠭ᠎ᠠ ᠨᠢ ᠶᠠᠭ ᠵᠤᠪᠠᠯ ᠵᠦᠳᠡᠬᠦᠷᠢ ᠶᠢ ᠳᠠᠭᠠᠭᠠᠵᠤ ᠳᠡᠬᠦᠨ ᠢ | ᠵᠢᠷᠭᠠᠯ ᠢᠶᠠᠨ ᠪᠤᠯᠭᠠᠨ ᠡᠳ᠋ᠯᠡᠵᠦ ᠪᠠᠶᠢᠳᠠᠭ ᠶᠠᠪᠤᠴᠠ ᠪᠠᠶᠢᠭ᠎ᠠ ᠪᠢᠯᠡ᠃ | 17. ᠬᠦᠢᠴᠡᠳᠭᠡᠬᠦ ᠠᠵᠢᠯ ᠤᠨ ᠳᠤᠬᠠᠢ ᠤᠷᠢᠳᠠᠪᠡᠷ ᠰᠡᠬᠦᠯᠡᠷᠬᠢ ᠶᠢᠨ ᠳᠡᠰ ᠳᠠᠷᠠᠭᠠᠯᠠᠯ ᠢ | ᠢᠯᠭᠠᠭᠤᠷᠢ ᠲᠠᠢ ᠳᠤᠭᠳᠠᠭᠠᠬᠤ ᠠᠷᠭ᠎ᠠ ᠶᠢ ᠭᠡᠦᠭᠡᠳ ᠲᠡᠭᠡᠨ ᠵᠢᠭᠠᠵᠤ ᠡᠵᠡᠮᠰᠢᠬᠦᠯᠦᠨ᠎ᠡ᠃ | ᠠᠵᠢᠯ ᠤᠨ ᠳᠡᠰ ᠳᠠᠷᠠᠭᠠᠯᠠᠯ ᠢ ᠳᠤᠭᠳᠠᠭᠠᠬᠤ ᠪᠤᠯ ᠮᠠᠭᠠᠳᠯᠠᠯᠳᠠ ᠬᠢᠬᠦ ᠴᠢᠳᠠᠪᠤᠷᠢ ᠶᠢ | ᠪᠤᠯᠪᠠᠰᠤᠷᠠᠭᠤᠯᠬᠤ ᠠᠷᠭ᠎ᠠ ᠪᠤᠯᠤᠨ᠎ᠠ᠃ ᠭᠡᠦᠭᠡᠳ ᠢᠶᠠᠨ ᠬᠠᠷᠠᠬᠠᠨ ᠪᠠᠭ᠎ᠠ ᠠᠴᠠ ᠨᠢ ᠨᠠᠭᠠᠳᠤᠨ ᠳᠤᠭᠯᠠᠬᠤ ᠪᠤᠶᠤ | ᠰᠤᠷᠤᠯᠴᠠᠬᠤ ᠭᠡᠳᠡᠭ ᠤᠨ ᠳᠤᠬᠠᠢ ᠰᠤᠩᠭᠤᠯᠳᠠ ᠬᠢᠯᠭᠡᠵᠦ ᠪᠤᠯᠪᠠᠰᠤᠷᠠᠭᠤᠯᠬᠤ ᠭᠡᠷᠡᠭᠳᠡᠢ᠃ | 18. ᠵᠤᠷᠢᠬᠵᠢᠭᠤᠯᠤᠯ ᠨᠢ ᠮᠠᠭᠳᠠᠭᠠᠯ ᠰᠠᠶᠢᠰᠢᠶᠠᠯ ᠠᠴᠠ ᠨᠡᠩ ᠴᠢᠬᠤᠯᠠ ᠪᠠᠶᠢᠳᠠᠭ᠃ | ᠮᠠᠭᠳᠠᠭᠠᠯ ᠰᠠᠶᠢᠰᠢᠶᠠᠯ ᠨᠢ ᠭᠡᠦᠭᠡᠳ ᠤᠨ ᠬᠢᠭᠰᠡᠨ ᠭᠡᠷᠡᠭ ᠶᠠᠪᠤᠳᠠᠯ ᠤᠨ ᠦᠷ᠎ᠡ ᠳ᠋ᠦᠩ ᠳᠤ | ᠤᠯᠭᠤᠭᠰᠠᠨ ᠦᠨᠡᠯᠡᠯᠳᠡ ᠳᠡᠳᠦᠢ ᠪᠠᠶᠢᠳᠠᠭ᠃ ᠭᠡᠦᠭᠡᠳ ᠢ ᠵᠤᠷᠢᠬᠵᠢᠭᠤᠯᠵᠤ ᠪᠠᠶᠢᠪᠠᠯ᠂ ᠳᠡᠷᠡ ᠨᠢ ᠬᠠᠷᠢᠨ | ᠭᠡᠦᠭᠡᠳ ᠤᠨ ᠭᠡᠷᠡᠭ ᠶᠠᠪᠤᠳᠠᠯ ᠢ ᠤᠯᠠᠮ ᠰᠠᠶᠢᠬᠠᠨ ᠬᠢᠵᠤ ᠪᠦᠳᠦᠭᠡᠬᠦ ᠰᠦᠰᠦ ᠵᠤᠷᠢᠭ ᠢ ᠬᠦᠪᠴᠢᠯᠡᠵᠤ ᠪᠠᠶᠢᠳᠠᠭ | ᠶᠤᠮ᠃ | 19. ᠭᠡᠦᠭᠡᠳ ᠢ ᠢᠯᠠᠭᠳᠠᠯ ᠢᠶᠠᠨ ᠠᠮᠠᠷᠬᠠᠨ ᠢᠶᠠᠷ ᠬᠦᠯᠢᠶᠡᠨ ᠠᠪᠴᠤ ᠴᠢᠳᠠᠬᠤ ᠪᠤᠯᠭᠠᠨ᠎ᠠ᠃ | | ᠬᠠᠮᠤᠭ ᠤᠨ ᠶᠡᠭᠡ ᠴᠢᠷᠮᠠᠶᠢᠯᠭ᠎ᠠ ᠭᠠᠷᠭᠠᠭᠰᠠᠨ ᠪᠤᠯᠬᠤᠷ ᠢᠯᠠᠭᠳᠠᠯ ᠳᠤ ᠤᠴᠠᠷᠠᠭᠰᠠᠨ ᠴᠤ | ᠬᠠᠮᠢᠶ᠎ᠠ ᠦᠭᠡᠢ᠂ ᠭᠡᠦᠭᠡᠳ ᠢᠶᠠᠨ ᠮᠦᠨ ᠰᠡᠳᠬᠢᠯ ᠬᠠᠨᠤᠮᠵᠢᠳᠠᠢ ᠪᠠᠶᠢᠵᠤ ᠴᠢᠳᠠᠬᠤ ᠪᠤᠯᠭᠠᠨ᠎ᠠ᠃ | 20. ᠵᠤᠷᠢᠬᠳᠠᠢ ᠪᠠᠷ ᠵᠠᠬᠢᠳᠠᠯ ᠪᠢᠴᠢᠨ᠎ᠠ᠃ | ᠴᠠᠭᠠᠰᠤᠨ ᠳᠤ ᠪᠢᠴᠢᠭᠰᠡᠨ ᠵᠠᠬᠢᠳᠠᠯ ᠪᠤᠯᠤᠭᠰᠠᠨ ᠴᠤ ᠳᠡᠷᠡ ᠰᠦᠯᠵᠢᠶ᠎ᠡ ᠪᠠᠷ ᠶᠠᠪᠤᠭᠤᠯᠬᠤ | ᠵᠠᠬᠢᠳᠠᠯ ᠪᠤᠯᠤᠭᠰᠠᠨ ᠴᠤ ᠳᠡᠷᠡ ᠪᠦᠷ ᠬᠠᠮᠢᠶ᠎ᠡ ᠦᠭᠡᠢ᠂ ᠵᠦᠪᠭᠡᠨ ᠵᠠᠬᠢᠳᠠᠯ ᠪᠢᠴᠢᠬᠦ ᠭᠡᠯᠪᠡᠷᠢ ᠪᠠᠷ ᠭᠡᠦᠭᠡᠳ ᠲᠡᠭᠡᠨ | ᠭᠡᠯᠡᠶ᠎ᠡ ᠭᠡᠰᠡᠨ ᠦᠭᠡ ᠪᠠᠨ ᠪᠦᠷᠢᠮᠦᠰᠦᠨ ᠪᠢᠴᠢᠭᠡᠳ ᠭᠡᠯᠡᠪᠡᠯ ᠪᠤᠯᠴᠢᠬᠠᠨ᠎ᠠ᠃ | |