| ᠨᠢᠭᠤᠷ ᠴᠢᠷᠠᠢ ᠳᠤ ᠠᠳᠤᠷᠢᠶ᠎ᠠ ᠭᠠᠷᠬᠤ ᠶᠢᠨ ᠡᠷᠳᠡ ᠤᠷᠤᠢ ᠪᠠ ᠬᠦᠨ ᠬᠦᠢᠬᠡᠨ ᠨᠢ ᠤᠯᠠᠨ | ᠠᠷᠪᠢᠨ ᠬᠦᠴᠦᠨ ᠵᠦᠢᠯ ᠳᠤ ᠰᠢᠯᠳᠠᠭᠠᠯᠠᠭᠳᠠᠨ᠎ᠠ᠂ ᠡᠬᠦᠨ ᠳᠤ ᠭᠤᠤᠯᠳᠠᠭᠤ ᠤᠳᠤᠮᠰᠢᠯ ᠤᠨ ᠬᠦᠴᠦᠨ ᠵᠦᠢᠯ᠂ | ᠤᠷᠴᠢᠨ ᠲᠤᠭᠤᠷᠢᠨ ᠤ ᠬᠦᠴᠦᠨ ᠵᠦᠢᠯ ᠠᠴᠠ ᠭᠠᠳᠠᠨ᠎ᠠ ᠠᠮᠢᠳᠤᠷᠠᠯ ᠤᠨ ᠲᠠᠳᠬᠠᠯ ᠤᠨ ᠬᠦᠴᠦᠨ ᠵᠦᠢᠯ ᠵᠡᠷᠭᠡ | ᠪᠠᠶᠢᠳᠠᠭ᠃ | ᠦᠷᠬᠦᠯᠵᠢ ᠤᠰᠤ ᠤᠤᠭᠤᠬᠤ ᠦᠭᠡᠢ ᠪᠠᠶᠢᠬᠤ᠃ ᠠᠷᠠᠰᠤᠨ ᠳᠠᠬᠢ ᠤᠰᠤᠨ ᠤ | ᠠᠭᠤᠯᠤᠭᠳᠠᠴᠠ ᠶᠢ 10 % ~20 % ᠤᠷᠴᠢᠮ ᠪᠠᠶᠢᠯᠭᠠᠪᠠᠯ ᠬᠠᠮᠠᠭ ᠠᠴᠠ ᠲᠤᠬᠢᠷᠠᠮᠵᠢᠳᠠᠢ ᠪᠠᠶᠢᠳᠠᠭ᠂ ᠬᠡᠷᠪᠡ | ᠪᠡᠶ᠎ᠡ ᠲᠤᠳᠤᠷᠠᠬᠢ ᠤᠰᠤᠨ ᠤ ᠨᠦᠬᠦᠪᠦᠷᠢᠯᠡᠯᠳᠡ ᠶᠡᠷᠦᠳᠡᠭᠡᠨ ᠬᠦᠷᠦᠯᠴᠡᠬᠦ ᠦᠭᠡᠢ ᠪᠠᠶᠢᠭᠠᠳ ᠪᠠᠶᠢᠪᠠᠯ ᠠᠷᠠᠰᠤᠨ | ᠳᠠᠬᠢ ᠤᠰᠤᠨ ᠤ ᠠᠭᠤᠯᠤᠭᠳᠠᠴᠠ ᠨᠢ 10 % ᠠᠴᠠ ᠲᠤᠤᠷ᠎ᠠ ᠪᠤᠯᠵᠤ᠂ ᠠᠷᠠᠰᠤ ᠬᠠᠭᠤᠷᠠᠶᠢᠳᠠᠬᠤ᠂ ᠰᠤᠯᠠᠬᠠᠨ | ᠪᠤᠯᠬᠤ᠂ ᠲᠡᠷᠡᠴᠢᠯᠡᠨ ᠠᠳᠤᠷᠢᠶ᠎ᠠ ᠰᠠᠭᠤᠳᠠᠭ᠃ | ᠰᠡᠳᠬᠢᠯ ᠤᠨ ᠲᠠᠷᠤᠭᠠᠰᠤ ᠬᠡᠳᠦ ᠬᠦᠨᠳᠦ ᠪᠠᠶᠢᠬᠤ᠃ ᠦᠷᠬᠦᠯᠵᠢ ᠪᠤᠬᠢᠨᠢᠳᠤᠨ ᠤᠶᠢᠳᠬᠤ᠂ | ᠶᠠᠭᠠᠷᠠᠮᠠᠳᠠᠭᠠᠢ ᠪᠤᠯᠬᠤ᠂ ᠪᠠᠴᠢᠮᠳᠠᠨ ᠰᠠᠨᠳᠤᠷᠬᠤ᠂ ᠤᠷᠮ᠎ᠠ ᠮᠠᠭᠤ ᠲᠠᠢ ᠪᠠᠶᠢᠪᠠᠯ ᠨᠢᠭᠤᠷ ᠲᠤ ᠠᠮᠠᠷᠬᠠᠨ ᠬᠦᠨᠳᠡᠯᠡᠨ | ᠭᠤᠯᠳᠤ ᠴᠢᠭᠯᠡᠯ ᠲᠠᠢ ᠠᠳᠤᠷᠢᠶ᠎ᠠ ᠰᠠᠭᠤᠳᠠᠭ᠃ | ᠤᠨᠳᠠᠯᠭ᠎ᠠ ᠶᠢᠨ ᠴᠠᠭ ᠬᠦᠷᠦᠯᠴᠡᠬᠦ ᠦᠭᠡᠢ᠃ ᠤᠨᠳᠠᠯᠭ᠎ᠠ ᠪᠠᠷ ᠠᠨᠠᠢ ᠪᠤᠯ ᠲᠤᠳᠤᠭᠠᠳᠤ | ᠱᠦᠬᠦᠷᠡᠯ ᠡᠮᠬᠢ ᠵᠠᠮᠪᠠᠷᠠᠭ᠎ᠠ ᠦᠭᠡᠢ ᠪᠤᠯᠵᠤ᠂ ᠠᠷᠠᠰᠤᠨ ᠤ ᠲᠤᠬᠢᠷᠠᠭᠤᠯᠬᠤ ᠴᠢᠳᠠᠮᠵᠢ ᠨᠢ ᠮᠠᠭᠤᠳᠠᠬᠤ᠂ ᠵᠢᠴᠢ ᠵᠢᠰᠦ | ᠴᠢᠷᠠᠢ ᠬᠠᠭᠤᠷᠠᠶᠢᠳᠠᠨ ᠬᠤᠵᠢᠢᠬᠤ ᠪᠠᠶᠢᠳᠠᠯ ᠢᠯᠡᠷᠡᠳᠡᠭ᠃ | ᠨᠠᠷᠠᠨ ᠳᠤ ᠰᠢᠷᠠᠭᠳᠠᠬᠤ᠃ ᠨᠠᠷᠠᠨ ᠳᠤ ᠰᠢᠷᠠᠬᠤ ᠨᠢ ᠠᠷᠠᠰᠤᠨ ᠲᠤᠤᠷᠠᠬᠢ ᠴᠠᠪᠠᠤᠯᠢᠭ | ᠤᠭᠤᠷᠠᠭ ᠤᠨ ᠰᠢᠷᠬᠠᠳᠤᠯ ᠪᠠ ᠬᠠᠭᠠᠷᠠᠯ ᠢ ᠡᠬᠦᠰᠭᠡᠨ᠂ ᠨᠢᠭᠤᠷ᠂ ᠬᠦᠵᠦᠭᠦᠦ᠂ ᠭᠠᠷ ᠤᠨ ᠬᠡᠰᠡᠭ ᠤᠨ ᠠᠷᠠᠰᠤ | ᠬᠠᠭᠤᠷᠠᠶᠢᠳᠠᠬᠤ ᠪᠤᠶᠤ ᠨᠢᠮᠭᠡᠷᠡᠬᠦ ᠪᠠᠶᠢᠳᠠᠯ ᠲᠠᠢ ᠪᠤᠯᠵᠤ᠂ ᠠᠷᠠᠰᠤᠨ ᠤ ᠬᠠᠷᠢᠮᠠᠬᠠᠢ ᠴᠢᠨᠠᠷ ᠢ ᠠᠯᠳᠠᠭᠤᠯᠤᠨ ᠠᠮᠠᠷᠬᠠᠨ | ᠠᠳᠤᠷᠢᠶ᠎ᠠ ᠰᠠᠭᠤᠳᠠᠭ᠃ | ᠰᠢᠮ᠎ᠡ ᠲᠡᠵᠢᠭᠡᠯ ᠬᠦᠷᠦᠯᠴᠡᠬᠦ ᠦᠭᠡᠢ᠃ ᠬᠡᠷᠪᠡ ᠪᠡᠶ᠎ᠡ ᠶᠢᠨ ᠰᠢᠮ᠎ᠡ ᠲᠡᠵᠢᠭᠡᠯ ᠤᠨ | ᠨᠦᠬᠦᠪᠦᠷᠢᠯᠡᠯᠳᠡ ᠨᠢ ᠰᠠᠶᠢᠨ ᠪᠤᠯ ᠠᠷᠠᠰᠤᠨ ᠳᠠᠬᠢ ᠰᠢᠮ᠎ᠡ ᠲᠡᠵᠢᠭᠡᠯ ᠤᠨ ᠬᠠᠩᠭᠠᠯᠭ᠎ᠠ ᠨᠢ ᠬᠦᠢᠴᠡᠳ᠂ ᠠᠷᠠᠰᠤᠨ | ᠲᠤᠤᠷᠠᠬᠢ ᠨᠡᠬᠡᠳᠡᠰᠦ ᠨᠢ ᠡᠯᠪᠡᠭ ᠪᠤᠯᠵᠤ᠂ ᠨᠢᠭᠤᠷ ᠤᠨ ᠠᠳᠤᠷᠢᠶ᠎ᠠ ᠰᠠᠭᠤᠬᠤ ᠶᠢ ᠬᠤᠶᠢᠰᠢᠯᠠᠭᠤᠯᠳᠠᠭ᠃ ᠡᠰᠡᠷᠬᠦ ᠪᠠᠷ | ᠠᠮᠠᠷᠬᠠᠨ ᠠᠳᠤᠷᠢᠶ᠎ᠠ ᠰᠠᠭᠤᠳᠠᠭ᠃ | ᠦᠷᠬᠦᠯᠵᠢ ᠬᠡᠳᠦ ᠬᠠᠯᠠᠭᠤᠨ ᠤᠰᠤ ᠪᠠᠷ ᠨᠢᠭᠤᠷ ᠤᠬᠢᠶᠠᠬᠤ᠃ ᠨᠢᠭᠤᠷ ᠢᠶᠠᠨ ᠭᠡᠳᠦ | ᠬᠠᠯᠠᠭᠤᠨ ᠤᠰᠤ ᠪᠠᠷ ᠦᠷᠬᠦᠯᠵᠢ ᠤᠬᠢᠶᠠᠪᠠᠯ ᠨᠢᠭᠤᠷ ᠤᠨ ᠠᠷᠠᠰᠤ ᠬᠠᠭᠤᠷᠠᠶᠢᠳᠠᠬᠤ᠂ ᠠᠳᠤᠷᠢᠶ᠎ᠠ ᠰᠠᠭᠤᠬᠤ ᠶᠢ | ᠲᠦᠷᠭᠡᠰᠬᠡᠳᠡᠭ ᠶᠤᠮ᠃ | ᠲᠠᠮᠠᠬᠢ ᠲᠠᠳᠠᠬᠤ᠃ ᠲᠠᠮᠠᠬᠢ ᠲᠠᠳᠠᠬᠤ ᠦᠶᠡᠰ ᠤᠨ ᠰᠤᠷᠤᠨ ᠤᠷᠤᠭᠤᠯᠤᠭᠰᠠᠨ | ᠨᠡᠬᠦᠷᠡᠰᠦᠳᠦ᠋ᠷᠦᠭᠴᠢ ᠶᠢᠨ ᠲᠠᠩ ᠢᠰᠦᠯ ᠨᠢ ᠪᠡᠶ᠎ᠡ ᠲᠤᠳᠤᠷᠠᠬᠢ ᠴᠢᠰᠤᠨ ᠤ ᠤᠯᠠᠭᠠᠨ ᠤᠭᠤᠷᠠᠭ ᠲᠠᠢ ᠨᠡᠶᠢᠯᠡᠪᠡᠯ | ᠠᠷᠠᠰᠤᠨ ᠤ ᠨᠡᠬᠡᠳᠡᠰᠦᠨ ᠳᠤ ᠬᠦᠴᠢᠯᠳᠦᠷᠦᠭᠴᠢ ᠲᠤᠳᠠᠭᠳᠠᠭᠤᠯᠵᠤ᠂ ᠠᠷᠠᠰᠤᠨ ᠲᠤᠤᠷᠠᠬᠢ ᠴᠢᠰᠤᠨ ᠤ ᠡᠷᠬᠢᠯᠳᠡ ᠶᠢ | ᠤᠳᠠᠭᠠᠰᠢᠷᠠᠭᠤᠯᠤᠨ᠂ ᠨᠢᠭᠤᠷ ᠴᠢᠷᠠᠢ ᠶᠢᠨ ᠠᠷᠠᠰᠤ ᠬᠦᠷᠦᠰᠤᠨ ᠤ ᠦᠩᠭᠡ ᠬᠢᠯᠪᠠᠭ᠎ᠠ᠂ ᠬᠠᠷᠢᠮᠠᠬᠠᠢ ᠴᠢᠨᠠᠷ ᠢ | ᠠᠯᠳᠠᠭᠳᠠᠭᠤᠯᠵᠤ᠂ ᠠᠳᠤᠷᠢᠶ᠎ᠠ ᠡᠭᠦᠰᠭᠡᠳᠡᠭ᠃ ᠡᠬᠦᠨ ᠠᠴᠠ ᠭᠠᠳᠠᠨ᠎ᠠ᠂ ᠲᠠᠮᠠᠬᠢ ᠲᠠᠳᠠᠬᠤ ᠬᠦᠳᠡᠯᠦᠯ ᠪᠠᠷᠢᠯ ᠨᠢ | ᠠᠮᠠᠨ ᠤ ᠡᠷᠬᠢᠨ ᠲᠤᠭᠤᠷᠢᠨ ᠳᠠᠬᠢ ᠰᠠᠴᠤᠷᠠᠭ ᠬᠡᠯᠪᠡᠷᠢᠳᠦ ᠠᠳᠤᠷᠢᠶ᠎ᠠ ᠶᠢᠨ ᠢᠯᠡᠷᠡᠬᠦ ᠶᠢ ᠲᠦᠷᠬᠡᠰᠭᠡᠳᠡᠭ ᠶᠤᠮ᠃ | ᠡᠶᠢᠮᠦ ᠠᠴᠠ ᠦᠷᠬᠦᠯᠵᠢ ᠢᠯᠡᠬᠦᠦ ᠤᠰᠤ ᠠᠩᠬᠠᠷᠤᠨ᠂ ᠨᠢᠭᠤᠷ ᠤᠨ ᠠᠷᠠᠰᠤ ᠬᠦᠷᠦᠰᠦ ᠶᠢ | ᠴᠢᠬᠢᠭᠯᠢᠭ ᠪᠠᠶᠢᠯᠭᠠᠨ᠎ᠠ᠃ | ᠠᠳᠤᠷᠢᠶ᠎ᠠ ᠰᠠᠭᠤᠬᠤ ᠶᠢ ᠬᠤᠶᠢᠰᠢᠯᠠᠭᠤᠯᠤᠶᠠ ᠬᠡᠪᠡᠯ᠄ | 1. ᠢᠯᠡᠬᠦᠬᠡᠨ ᠤᠰᠤ ᠤᠤᠭᠤᠬᠤ ᠬᠡᠷᠡᠭᠳᠠᠢ᠂ ᠡᠳᠦᠷ ᠪᠦᠷᠢ ᠪᠠᠭ᠎ᠠ ᠬᠡᠮᠵᠢᠶᠡᠨ ᠤ ᠰᠢᠨ᠎ᠡ | ᠰᠤᠷᠭᠤᠭ ᠵᠢᠮᠢᠰᠤᠨ ᠰᠢᠬᠦᠰᠦ ᠤᠤᠭᠤᠵᠤ᠂ ᠺᠤᠹᠧ ᠵᠡᠷᠬᠡ ᠤᠮᠳᠠᠭᠠᠨ ᠲᠤᠳᠠᠭᠤ ᠤᠤᠭᠤᠨ᠎ᠠ᠃ | 2. ᠬᠦᠷᠢᠨ ᠤ ᠭᠠᠳᠠᠨᠠᠬᠢ ᠲᠤᠶᠠᠭ᠎ᠠ ᠨᠢ ᠨᠢᠭᠤᠷ ᠴᠢᠷᠠᠢ ᠶᠢᠨ ᠠᠷᠠᠰᠤᠨ ᠤ ᠦᠩᠭᠡ ᠶᠢᠨ | ᠮᠠᠭᠤᠳᠠᠬᠤ ᠶᠢ ᠲᠦᠷᠭᠡᠳᠬᠡᠬᠦ ᠤᠴᠢᠷ ᠠᠴᠠ ᠭᠠᠳᠠᠭᠰᠢ ᠭᠠᠷᠬᠤ ᠠᠴᠠ ᠡᠮᠦᠨ᠎ᠡ ᠨᠠᠷᠠᠨ ᠤ ᠰᠢᠷᠠᠭᠳᠠᠯ ᠢ ᠰᠡᠷᠭᠡᠶᠢᠯᠡᠬᠦ | ᠲᠤᠰᠤ ᠲᠦᠷᠬᠢᠵᠦ᠂ ᠨᠠᠷᠠ ᠬᠠᠯᠬᠠᠯᠠᠬᠤ ᠮᠠᠯᠠᠭᠠᠢ ᠡᠮᠦᠰᠪᠡᠯ ᠵᠤᠬᠢᠨ᠎ᠠ᠃ | 3. ᠭᠤᠴᠢᠨ ᠲᠠᠪᠤᠨ ᠭᠷᠠᠳᠦ᠋ᠰ ᠤᠷᠴᠢᠮ ᠤᠨ ᠪᠦᠯᠢᠶᠡᠨ ᠤᠰᠤ ᠪᠠᠷ ᠨᠢᠭᠤᠷ ᠤᠬᠢᠶᠠᠵᠤ᠂ | ᠠᠷᠠᠰᠤᠨ ᠤ ᠤᠰᠤᠨ ᠤ ᠨᠦᠬᠦᠪᠦᠷᠢᠯᠡᠯᠳᠡ ᠶᠢ ᠪᠠᠳᠤᠯᠠᠨ᠎ᠠ᠃ | 4. ᠠᠷᠠᠰᠤᠨ ᠤ ᠨᠢᠮᠭᠡᠨ ᠬᠡᠰᠡᠭ ᠪᠤᠶᠤ ᠠᠮᠠᠷᠬᠠᠨ ᠬᠠᠭᠤᠷᠠᠶᠢᠳᠠᠬᠤ ᠨᠢᠳᠦᠨ ᠤ ᠡᠷᠬᠢᠨ | ᠲᠤᠭᠤᠷᠢᠨ ᠳᠤ ᠲᠤᠩ ᠠᠮᠠᠷᠬᠠᠨ ᠠᠳᠤᠷᠢᠶ᠎ᠠ ᠰᠠᠭᠤᠳᠠᠭ ᠠᠴᠠ ᠤᠰᠤᠨ ᠤ ᠨᠦᠬᠦᠪᠦᠷᠢᠯᠡᠯᠳᠡ ᠶᠢᠨ ᠬᠦᠢᠴᠡᠳ | ᠪᠠᠶᠢᠬᠤ ᠶᠢ ᠪᠠᠳᠤᠯᠠᠵᠤ᠂ ᠤᠰᠤᠯᠢᠭ ᠲᠤᠰᠤ ᠶᠢ ᠰᠤᠩᠭᠤᠨ ᠬᠡᠷᠡᠭᠯᠡᠵᠦ᠂ ᠡᠪᠡᠷᠯᠢᠭ ᠲᠠᠪᠬᠤᠷᠭ᠎ᠠ ᠶᠢ | ᠪᠤᠯᠪᠠᠷᠠᠶᠢᠵᠢᠭᠤᠯᠤᠨ᠂ ᠠᠳᠤᠷᠢᠶ᠎ᠠ ᠰᠠᠭᠤᠬᠤ ᠠᠴᠠ ᠰᠡᠷᠬᠡᠶᠢᠯᠡᠨ᠂ ᠠᠷᠠᠰᠤᠨ ᠤ ᠢᠯᠢᠯᠳᠡ ᠶᠢ ᠲᠤᠬᠢᠷᠠᠮᠵᠢᠳᠠᠢ | ᠵᠤᠬᠢᠴᠠᠭᠤᠯᠤᠨ᠂ ᠠᠷᠠᠰᠤ ᠪᠤᠯᠴᠢᠩ ᠤᠨ ᠰᠢᠨ᠎ᠡ ᠬᠠᠭᠤᠴᠢᠨ ᠤ ᠰᠤᠯᠢᠯᠴᠠᠭ᠎ᠠ ᠶᠢ ᠠᠬᠢᠭᠤᠯᠤᠨ᠎ᠠ᠃ ᠲᠤᠰᠬᠠᠢ | ᠮᠡᠷᠭᠡᠵᠢᠯᠳᠡᠨ ᠶᠠᠩ ᠱᠦ ᠰᠢᠶᠠ ᠶᠢᠨ ᠬᠡᠯᠡᠬᠦ ᠪᠠᠷ᠂ ︽ᠬᠡᠳᠦᠶᠢᠪᠡᠷ ᠶᠡᠷᠦᠳᠡᠭᠡᠨ ᠬᠡᠯᠡᠬᠦ ᠨᠢ ᠨᠢᠭᠤᠷ ᠤᠨ ᠠᠷᠠᠰᠤᠨ ᠳᠤ | ᠤᠰᠤ ᠨᠦᠬᠦᠪᠦᠷᠢᠯᠡᠬᠦ ᠬᠡᠳᠡᠭ ᠨᠢ ᠦᠨᠡᠨᠳᠡᠭᠡᠨ ᠤᠰᠤ ᠬᠠᠳᠠᠭᠠᠯᠠᠬᠤ ᠶᠠᠪᠤᠳᠠᠯ ᠪᠤᠯᠤᠨ᠎ᠠ᠃ ᠶᠡᠷᠦ ᠶᠢᠨ ᠴᠠᠭ ᠲᠤ | ᠨᠢᠭᠤᠷ ᠢᠶᠠᠨ ᠤᠬᠢᠶᠠᠭᠰᠠᠨ ᠤ ᠲᠠᠷᠠᠭ᠎ᠠ᠂ ᠨᠢᠭᠤᠷ ᠤᠨ ᠠᠷᠠᠰᠤ ᠬᠠᠳᠠᠬᠤ ᠠᠴᠠ ᠡᠮᠦᠨ᠎ᠡ᠂ ᠨᠢᠭᠤᠷ ᠤᠨ ᠲᠤᠰᠤ | ᠲᠦᠷᠬᠢᠵᠦ᠂ ᠠᠷᠠᠰᠤᠨ ᠳᠠᠬᠢ ᠤᠰᠤᠨ ᠤ ᠨᠦᠬᠦᠪᠦᠷᠢᠯᠡᠯᠳᠡ ᠶᠢ ᠪᠠᠳᠤᠯᠠᠬᠤ ᠬᠡᠷᠡᠭᠳᠠᠢ︾ ᠭᠡᠪᠡ᠃ | 5. ᠬᠦᠮᠦᠰᠭᠡ ᠠᠳᠤᠷᠢᠭᠤᠯᠬᠤ ᠵᠡᠷᠭᠡ ᠨᠢᠭᠤᠷ ᠤᠨ ᠬᠦᠳᠡᠯᠭᠡᠭᠡᠨ ᠢ ᠲᠤᠳᠠᠭᠤ ᠬᠢᠵᠦ᠂ | ᠭᠤᠯᠳᠤ ᠠᠳᠤᠷᠢᠶ᠎ᠠ ᠭᠠᠷᠬᠤ ᠠᠴᠠ ᠰᠡᠷᠭᠡᠶᠢᠯᠡᠨ᠎ᠡ᠃ ᠨᠢᠳᠦ ᠪᠠᠨ ᠰᠡᠶᠢᠮᠡᠶᠢᠵᠦ ᠶᠠᠭᠤᠮ᠎ᠠ ᠦᠵᠡᠬᠦ ᠦᠭᠡᠢ᠂ | ᠢᠷᠠᠭᠠᠯᠵᠢᠨ ᠠᠳᠤᠷᠢᠶ᠎ᠠ ᠨᠡᠮᠡᠭᠳᠡᠬᠦ ᠠᠴᠠ ᠬᠢᠴᠢᠶᠡᠨ᠎ᠡ᠃ ᠶᠠᠭᠤᠮ᠎ᠠ ᠵᠠᠵᠢᠯᠬᠤ ᠦᠶᠡᠰ᠂ ᠲᠦᠭᠦᠰᠢ ᠪᠠᠨ ᠲᠤᠯᠬᠤ | ᠦᠭᠡᠢ ᠪᠠᠶᠢᠬᠤ ᠨᠢ ᠬᠠᠮᠠᠷ ᠤᠨ ᠰᠠᠮᠰᠠ ᠶᠢᠨ ᠠᠳᠤᠷᠢᠶ᠎ᠠ ᠭᠠᠷᠬᠤ ᠶᠢ ᠪᠠᠭᠠᠰᠬᠠᠵᠤ ᠴᠢᠳᠠᠨ᠎ᠠ᠃ | 6. ᠡᠷᠡᠬᠦᠯ ᠪᠤᠰᠤ ᠠᠮᠢᠳᠤᠷᠠᠯ ᠤᠨ ᠲᠠᠳᠬᠠᠯ ᠢᠶᠠᠨ ᠬᠠᠶᠠᠵᠤ᠂ ᠰᠦᠨᠢᠵᠢᠨ ᠰᠠᠭᠤᠬᠤ ᠦᠭᠡᠢ | ᠂ ᠲᠠᠮᠠᠬᠢ ᠲᠠᠳᠠᠵᠤ ᠠᠷᠢᠬᠢᠨ ᠳᠤ ᠰᠢᠨᠤᠬᠤ ᠦᠭᠡᠢ᠃ ᠢᠳᠡᠰᠢᠨ ᠤ ᠰᠢᠮ᠎ᠡ ᠲᠡᠵᠢᠭᠡᠯ ᠤᠨ ᠲᠡᠩᠴᠡᠬᠦᠷᠢ ᠶᠢ | ᠪᠠᠳᠤᠯᠠᠬᠤ ᠶᠢ ᠠᠩᠬᠠᠷᠴᠤ᠂ ᠪᠠᠶᠠᠰᠤᠩᠭᠤᠢ ᠦᠵᠡᠯᠳᠡ ᠲᠠᠢ ᠪᠠᠶᠢᠪᠠᠯ ᠵᠤᠬᠢᠨ᠎ᠠ᠃ ᠬᠡᠷᠪᠡ ᠨᠢᠭᠤᠷ ᠴᠢᠷᠠᠢ ᠶᠢᠨ | ᠠᠷᠠᠰᠤᠨ ᠤ ᠦᠳᠡᠯᠬᠦ ᠬᠤᠷᠳᠤᠴᠠ ᠨᠢ ᠢᠯᠡᠷᠭᠡᠢ ᠲᠦᠷᠭᠡᠰᠪᠡᠯ ᠡᠮᠴᠢ ᠶᠢᠨ ᠵᠢᠯᠤᠭᠤᠳᠤᠯᠭ᠎ᠠ ᠲᠤᠤᠷ᠎ᠠ᠂ ᠹᠤᠲ᠋ᠤᠨ(光 | 子) ᠤ ᠠᠷᠠᠰᠤ ᠶᠢ ᠪᠤᠯᠪᠠᠷᠠᠶᠢᠵᠢᠭᠤᠯᠬᠤ ᠵᠡᠷᠭᠡ ᠠᠷᠭ᠎ᠠ ᠠᠪᠴᠠᠯ ᠢᠶᠠᠷ ᠲᠠᠮᠵᠢᠨ ᠠᠷᠠᠰᠤ ᠪᠤᠯᠴᠢᠩ ᠢ | ᠴᠢᠩᠭᠠᠷᠠᠭᠤᠯᠵᠤ ᠪᠤᠯᠤᠨ᠎ᠠ᠃ | |