| | ᠲᠡᠮᠤᠵᠢᠨ ᠤ ᠡᠴᠢᠬᠡ ᠶᠢᠰᠦᠬᠡᠢ ᠪᠠᠭᠠᠳᠤᠷ ᠪᠤᠯ ᠬᠤᠳᠠᠯᠠ ᠬᠠᠭᠠᠨ ᠤ ᠠᠬ᠎ᠠ ᠪᠠᠷᠳᠠᠨ | ᠪᠠᠭᠠᠳᠤᠷ ᠤᠨ ᠭᠤᠷᠪᠠᠳᠤᠭᠠᠷ ᠬᠦᠦ ᠶᠤᠮ᠃ ᠲᠡᠬᠦᠨ ᠤ ᠶᠡᠭᠡ ᠠᠬ᠎ᠠ ᠨᠢ ᠮᠠᠩᠬᠢᠳᠤ ᠬᠢᠶᠡᠨ᠂ ᠬᠤᠶᠠᠳᠤᠭᠠᠷ ᠠᠬ᠎ᠠ ᠤ | ᠨᠡᠬᠦᠨ ᠲᠠᠶᠢᠵᠢ ᠬᠡᠳᠡᠭ ᠪᠦᠬᠡᠳ ᠲᠡᠬᠦᠦ ᠨᠢ ᠲᠠᠷᠢᠳᠠᠢ ᠤᠳᠴᠢᠬᠢᠨ ᠬᠡᠳᠡᠭ᠃ | ᠶᠢᠰᠦᠬᠡᠢ ᠪᠠᠭᠠᠳᠤᠷ ᠪᠤᠯ ᠮᠤᠩᠭᠤᠯ ᠦᠨᠳᠤᠰᠤᠳᠠᠨ ᠤ ᠲᠡᠤᠬᠡᠨ ᠲᠡᠭᠡᠷ᠎ᠡ ᠶᠡᠭᠡ ᠠᠯᠳᠠᠷ ᠴᠤᠤ | ᠲᠠᠢ ᠬᠦᠮᠦᠨ ᠤ ᠨᠢᠬᠡ ᠪᠠᠶᠢᠵᠠᠢ᠃ ᠲᠡᠷᠡ ᠪᠠᠭ᠎ᠠ ᠠᠴᠠ ᠪᠠᠨ ᠬᠠᠷᠴᠠᠭᠠᠢ ᠲᠠᠯᠪᠢᠨ ᠰᠢᠪᠠᠭᠤ ᠠᠩᠨᠠᠬᠤ ᠲᠤᠷᠠᠳᠠᠢ᠃ | ᠲᠡᠷᠡ ᠦᠷᠬᠦᠯᠵᠢ ᠬᠦᠴᠦᠳᠤ ᠨᠤᠮᠤ ᠪᠠᠨ ᠬᠠᠪᠢᠷᠭ᠎ᠠ ᠶᠢᠨ ᠲᠤᠰᠢᠶ᠎ᠠ ᠠᠭᠰᠠᠨ᠂ ᠡᠷ᠎ᠡ ᠬᠠᠷᠴᠠᠭᠠᠢ ᠪᠠᠨ ᠮᠦᠷᠤᠨ | ᠲᠡᠭᠡᠷ᠎ᠡ ᠪᠠᠨ ᠰᠠᠭᠤᠯᠭᠠᠵᠤ ᠤᠢ ᠰᠦᠯᠵᠢᠨ ᠬᠠᠳᠠ ᠬᠠᠷᠠᠶᠢᠵᠤ ᠬᠡᠰᠦᠬᠦᠴᠢᠯᠡᠨ ᠶᠠᠪᠤᠳᠠᠭ ᠲᠤᠯᠠ ᠬᠦᠮᠦᠰ ᠲᠡᠬᠦᠨ ᠢ | ︽ᠡᠷᠡᠯᠬᠡᠭ ᠵᠤᠷᠢᠭᠳᠠᠢ ᠶᠢᠰᠦᠬᠡᠢ᠂ ᠪᠠᠷᠰ ᠤᠨ ᠬᠦᠴᠦᠳᠠᠢ ᠶᠢᠰᠦᠬᠡᠢ︾ ᠬᠡᠳᠡᠭ᠃ | ᠨᠢᠬᠡᠨ ᠡᠳᠤᠷ᠂ ᠶᠢᠰᠦᠬᠡᠢ ᠪᠠᠭᠠᠳᠤᠷ ᠢᠰᠠᠯᠠ ᠰᠠᠭᠤᠬᠤ ᠪᠠᠷ ᠰᠢᠪᠠᠭᠤ ᠠᠩᠨᠠᠶ᠎ᠠ ᠬᠡᠵᠤ | ᠭᠠᠭᠴᠠᠭᠠᠷ ᠠᠭᠤᠯᠠᠨ ᠳᠤ ᠭᠠᠷᠪᠠ᠃ ᠡᠨᠡ ᠡᠳᠤᠷ ᠠᠮᠠᠨ ᠬᠦᠨᠡᠰᠤ ① ᠲᠠᠭᠠᠷᠠᠯᠳᠤᠵᠤ᠂ ᠶᠢᠰᠦᠬᠡᠢ ᠪᠠᠭᠠᠳᠤᠷ | ᠭᠠᠷᠤᠮᠠᠭᠴᠠ ᠨᠢᠬᠡ ᠪᠤᠭᠤ ᠠᠯᠠᠭᠠᠳ ᠭᠠᠨᠵᠤᠭᠠᠯᠠᠵᠤ ᠶᠠᠪᠤᠯ᠎ᠠ᠂ ᠡᠰᠡᠷᠬᠦ ᠠᠴᠠ ᠨᠢ ᠨᠢᠬᠡᠨ ᠬᠤᠸᠠ ᠮᠤᠷᠢ ᠤᠨᠤᠭᠰᠠᠨ | ᠬᠦᠮᠦᠨ ᠬᠠᠷᠭᠤᠳᠠᠢ ᠲᠡᠷᠬᠡ ᠬᠡᠯᠢᠵᠤ ᠢᠷᠡᠪᠡ᠃ ᠶᠢᠰᠦᠬᠡᠢ ᠪᠠᠭᠠᠳᠤᠷ ᠡᠨᠡ ᠬᠦᠮᠦᠨ ᠤ ᠪᠠᠶᠢᠳᠠᠯ ᠰᠢᠨᠵᠢ ᠶᠢ ᠯᠠᠪᠯᠠᠵᠤ | ᠦᠵᠡᠪᠡᠯ ᠰᠠᠶ᠋ᠢ ᠬᠡᠷᠬᠡᠢ ᠠᠪᠤᠭᠠᠳ ᠪᠤᠴᠠᠵᠤ ᠪᠠᠶᠢᠭ᠎ᠠ ᠬᠦᠮᠦᠨ ᠤ ᠮᠠᠶ᠋ᠢᠭ ᠲᠠᠢ ᠲᠤᠯᠠ᠂ ︽ᠡᠨᠡ ᠭᠠᠶᠢᠬᠠᠯ ᠶᠠᠮᠠᠷ | ᠦᠬᠢᠨ ᠤᠯᠪᠠ︖︾ ᠬᠡᠵᠤ ᠲᠡᠷᠬᠡᠨ ᠤ ᠲᠡᠷᠬᠡᠳᠠ ᠬᠦᠷᠴᠤ᠂ ᠬᠠᠷᠭᠤᠳᠠᠢ ᠲᠡᠷᠬᠡᠨ ᠤ ᠬᠠᠭᠠᠯᠭᠠᠨ ᠤ ᠵᠠᠪᠰᠠᠷ ᠢᠶᠠᠷ | ᠦᠩᠬᠡᠶᠢᠵᠤ ᠦᠵᠡᠪᠡᠯ᠂ ᠲᠡᠷᠬᠡᠨ ᠤ ᠲᠤᠳᠤᠷ᠎ᠠ ᠨᠢᠬᠡᠨ ᠲᠤᠩ ᠭᠤᠸ᠎ᠠ ᠦᠵᠡᠰᠬᠦᠯᠡᠩ ᠬᠡᠤᠬᠡᠨ ᠰᠠᠭᠤᠵᠤ ᠪᠠᠶᠢᠪᠠ᠃ | ᠲᠡᠷᠡ ᠦᠬᠢᠨ ᠡᠨᠡᠬᠦ ᠦᠯᠤ ᠲᠠᠨᠢᠬᠤ ᠬᠦᠮᠦᠨ ᠢ ᠬᠢᠯᠡᠮᠬᠢᠵᠤ ᠬᠠᠷᠠᠭᠰᠠᠨ ᠢᠶᠠᠨ ᠲᠠᠷᠤᠢ ᠨᠢᠭᠤᠷ ᠢᠶᠠᠨ ᠪᠢᠳᠡᠬᠦᠯᠪᠡ᠃ | ᠶᠢᠰᠦᠬᠡᠢ ᠪᠠᠭᠠᠳᠤᠷ ᠲᠤᠳᠤᠷ᠎ᠠ ᠪᠠᠨ᠄ ︽ᠡᠨᠡ ᠦᠬᠢᠨ ᠬᠠᠳᠤᠨ ᠬᠦᠮᠦᠨ ᠤ ᠰᠢᠨᠵᠢᠳᠠᠢ ᠪᠠᠶᠢᠨ᠎ᠡ᠂ ᠬᠠᠭᠠᠳ | ᠢᠵᠠᠭᠤᠷᠳᠤ ᠨᠠᠳᠠ ᠯᠡ ᠲᠠᠩᠴᠡᠬᠦ ᠶᠤᠮ ᠪᠠᠶᠢᠨ᠎ᠠ︕︾ ᠬᠡᠵᠤ ᠲᠡᠷᠬᠡ ᠬᠡᠯᠢᠵᠤ ᠪᠠᠶᠢᠭ᠎ᠠ ᠬᠤᠸᠠ ᠮᠤᠷᠢᠳᠠᠢ ᠬᠦᠮᠦᠨ | ᠢ ᠰᠢᠷᠪᠢᠵᠤ ᠠᠪᠤᠭᠠᠳ ᠭᠠᠨᠵᠤᠭᠠᠯᠠᠭᠰᠠᠨ ᠪᠤᠭᠤ ᠪᠠᠨ ᠭᠠᠵᠠᠷ ᠲᠤ ᠤᠷᠬᠢᠨ᠂ ᠠᠬ᠎ᠠ ᠨᠡᠬᠦᠨ ᠲᠠᠶᠢᠵᠢ᠂ ᠲᠡᠬᠦᠦ | ᠲᠠᠷᠢᠳᠠᠢ ᠤᠳᠴᠢᠬᠢᠨ ᠢ ᠲᠠᠭᠤᠳᠠᠬᠤ ᠪᠠᠷ ᠬᠡᠷ ᠵᠦᠭ ᠢᠶᠠᠨ ᠲᠠᠪᠬᠢᠪᠠ᠃ | ᠲᠡᠷᠡ ᠬᠦᠮᠦᠨ ᠡᠨᠡ ᠪᠠᠶᠢᠳᠠᠯ ᠢ ᠦᠵᠡᠬᠡᠳ ᠰᠡᠵᠢᠭ ᠲᠦᠷᠦᠨ ᠲᠡᠷᠬᠡ ᠪᠠᠨ ᠬᠡᠯᠢᠵᠤ | ᠴᠢᠨᠠᠭᠰᠢ ᠶᠠᠭᠠᠷᠠᠨ ᠶᠠᠪᠤᠳᠠᠯ᠎ᠠ ᠲᠡᠮᠡᠢ ᠤᠳᠠᠯ ᠦᠭᠡᠢ ᠲᠡᠬᠦᠨ ᠤ ᠬᠤᠶᠢᠨ᠎ᠡ ᠠᠴᠠ ᠬᠡᠳᠤᠨ ᠮᠤᠷᠢᠳᠠᠢ ᠬᠦᠮᠦᠨ | ᠲᠠᠪᠬᠢᠯᠳᠤᠨ ᠢᠷᠡᠪᠡ᠃ ᠲᠡᠷᠡ ᠬᠦᠮᠦᠨ ᠰᠠᠨᠳᠤᠷᠬᠤ ᠳᠠᠭᠠᠨ ᠬᠤᠸᠠ ᠮᠤᠷᠢᠨ ᠤ ᠭᠤᠶ᠎ᠡ ᠶᠢ ᠲᠠᠰᠢᠭᠤᠷᠳᠠᠨ᠂ ᠲᠡᠷᠬᠡ | ᠪᠠᠨ ᠤᠷᠬᠢᠵᠤ ᠠᠭᠤᠯᠠᠨ ᠤ ᠪᠠᠯ ᠢᠶᠠᠷ ᠲᠤᠳᠠᠭᠠᠪᠠ᠃ ᠡᠨᠡ ᠲᠠᠪᠬᠢᠯᠳᠤᠵᠤ ᠢᠷᠡᠭᠰᠡᠨ ᠬᠦᠮᠦᠨ ᠪᠤᠯ ᠶᠢᠰᠦᠬᠡᠢ | ᠪᠠᠭᠠᠳᠤᠷ᠂ ᠨᠡᠬᠦᠨ ᠲᠠᠶᠢᠵᠢ᠂ ᠲᠠᠷᠢᠳᠠᠢ ᠤᠳᠴᠢᠬᠢᠨ ᠠᠬ᠎ᠠ ᠲᠡᠬᠦᠦ ᠭᠤᠷᠪᠠ ᠪᠠᠶᠢᠵᠠᠢ᠃ ᠲᠡᠷᠡ ᠶᠢᠰᠦᠬᠡᠢ ᠪᠠᠭᠠᠳᠤᠷ | ᠲᠤ ᠡᠬᠡᠨᠡᠷ ᠪᠡᠯᠡᠨ ᠤᠯᠪᠠ ᠬᠡᠵᠤ ᠲᠤᠰᠤᠷᠠ ᠢᠷᠡᠪᠡ᠃ ᠬᠤᠸᠠ ᠮᠤᠷᠢᠳᠠᠢ ᠬᠦᠮᠦᠨ ᠤ ᠲᠡᠷᠬᠡ ᠪᠠᠨ ᠬᠠᠶᠠᠭᠠᠳ | ᠲᠤᠳᠠᠭᠠᠭᠰᠠᠨ ᠢ ᠦᠵᠡᠬᠡᠳ᠂ ︽ᠲᠡᠷᠬᠡᠳᠤ ᠡᠬᠡᠨᠡᠷ ᠬᠠᠮᠢᠭ᠎ᠠ ᠲᠤᠳᠠᠭᠠᠬᠤ ᠪᠤᠢ︖ ᠤᠷᠢᠳᠠᠪᠡᠷ ᠡᠷ᠎ᠡ ᠶᠢ ᠨᠢ | ᠨᠡᠬᠡᠮᠵᠢᠯᠡᠶᠡ︕︾ ᠬᠡᠵᠤ ᠬᠤᠸᠠ ᠮᠤᠷᠢᠳᠠᠢ ᠬᠦᠮᠦᠨ ᠤ ᠬᠤᠶᠢᠨ᠎ᠡ ᠠᠴᠠ ᠬᠦᠬᠡᠬᠡᠪᠡ᠃ ᠲᠠᠷᠡ ᠬᠦᠮᠦᠨ ᠤ | ᠤᠨᠤᠭᠰᠠᠨ ᠮᠤᠷᠢ ᠨᠢᠰᠬᠦ ᠮᠡᠳᠤ ᠬᠤᠷᠳᠤᠨ ᠲᠤᠯᠠ ᠤᠳᠠᠭᠰᠠᠨ ᠦᠭᠡᠢ ᠲᠡᠳᠡᠨ ᠢ ᠬᠤᠯᠠ ᠬᠠᠶᠠᠵᠤ᠂ ᠨᠢᠬᠡᠨ | ᠬᠤᠰᠢᠭᠤ ᠶᠢ ᠲᠤᠭᠤᠷᠢᠨ ᠢᠷᠡᠵᠤ ᠡᠬᠡᠨᠡᠷ ᠤᠨ ᠢᠶᠠᠨ ᠲᠡᠷᠬᠡ ᠶᠢ ᠬᠡᠯᠢᠵᠤ ᠴᠢᠨᠠᠭᠰᠢ ᠶᠠᠪᠤᠬᠤ ᠬᠡᠰᠡᠨ ᠳᠤ᠂ ᠲᠡᠬᠦᠨ ᠤ | ᠬᠡᠷᠬᠡᠢ ᠲᠤᠯᠤᠭᠠᠢ ᠪᠠᠨ ᠭᠠᠳᠠᠭᠰᠢ ᠭᠠᠷᠭᠠᠨ᠄ | ︽ᠴᠢ ᠰᠠᠶ᠋ᠢ ᠶᠢᠨ ᠲᠡᠷᠡ ᠭᠤᠷᠪᠠᠨ ᠬᠦᠮᠦᠨ ᠤ ᠢᠷᠡᠭᠰᠡᠨ ᠰᠠᠨᠠᠭ᠎ᠠ ᠶᠢ ᠮᠡᠳᠡᠪᠡ ᠤᠤ︖ | ᠲᠡᠳᠡᠨ ᠤ ᠴᠢᠷᠠᠢ ᠰᠡᠵᠢᠭᠯᠡᠮᠡᠷ ᠪᠠᠶᠢᠨ᠎ᠠ᠂ ᠠᠮᠢᠨ ᠳᠤ ᠴᠢᠨᠢ ᠬᠤᠤᠷ ᠬᠦᠷᠬᠡᠵᠤ ᠮᠠᠭᠠᠳ︾ ᠬᠡᠳ ᠬᠤᠭᠤᠯᠠᠢ ᠨᠢ | ᠵᠠᠩᠬᠢᠷᠴᠤ ᠴᠢᠨᠠᠭᠰᠢ ᠬᠡᠯᠡᠵᠤ ᠭᠠᠷᠬᠤ ᠦᠭᠡᠢ ᠪᠤᠯᠪᠠ᠃ ᠡᠨᠡ ᠦᠶ᠎ᠡ ᠳᠤ᠂ ᠦᠨᠦᠬᠢ ᠭᠤᠷᠪᠠᠭᠤᠯᠠ ᠠᠭᠤᠯᠠᠨ ᠤ | ᠴᠢᠨᠠᠳᠤ ᠠᠴᠠ ᠨᠡᠬᠡᠮᠵᠢᠯᠡᠨ ᠭᠠᠷᠴᠤ ᠢᠷᠡᠪᠡ᠃ ᠬᠤᠸᠠ ᠮᠤᠷᠢᠳᠠᠢ ᠬᠦᠮᠦᠨ ᠶᠠᠭᠠᠬᠢᠬᠤ ᠪᠠᠨ ᠤᠯᠬᠤ ᠦᠭᠡᠢ | ᠪᠤᠯᠤᠭᠰᠠᠨ ᠳᠤ ᠲᠡᠬᠦᠨ ᠤ ᠬᠡᠷᠬᠡᠢ ᠨᠢᠳᠤᠨ ᠤ ᠨᠢᠯᠪᠤᠰᠤ ᠪᠠᠨ ᠠᠷᠴᠢᠨ᠂ ᠰᠢᠢᠳᠮᠡᠬᠡᠢ ᠪᠠᠷ᠄ | ︽ᠠᠮᠢ ᠮᠡᠨᠳᠤ ᠦᠯᠡᠳᠡᠪᠡᠯ ᠡᠬᠡᠨᠡᠷ ᠢ ᠤᠯᠬᠤ ᠳᠤ ᠪᠡᠷᠬᠡ ᠦᠭᠡᠢ᠃ ᠮᠡᠷᠬᠢᠳ ᠤᠨ ᠴᠢᠨᠢ | ᠮᠡᠷᠬᠡᠨ ᠦᠬᠡᠨ ᠳᠤ ︿ᠦᠯᠵᠢᠬᠡ ② ᠲᠤᠳᠤᠮ ᠦᠬᠢᠳ᠂ ᠬᠠᠷᠭᠤ ᠲᠤᠳᠤᠮ ᠬᠠᠳᠤᠳ﹀ ᠭᠡᠳᠡᠭ ᠪᠢᠰᠢᠤ︖ | ᠦᠬᠡᠷ᠎ᠡ ᠡᠬᠡᠨᠡᠷ ᠢ ᠤᠯᠵᠤ ᠪᠤᠯᠤᠨ᠎ᠠ᠃ ᠬᠡᠷᠪᠡ ᠨᠠᠮᠠᠢᠢ ᠰᠠᠨᠠᠬᠤ ᠪᠤᠯ ᠲᠡᠬᠢᠨ ᠠᠪᠤᠭᠰᠠᠨ ᠡᠬᠡᠨᠡᠷ ᠤᠨ ᠨᠡᠷ᠎ᠡ ᠶᠢ ᠮᠢᠨᠤ | ᠨᠡᠷ᠎ᠡ ᠪᠠᠷ ︿ᠦᠬᠡᠯᠤᠨ﹀ ᠬᠡᠵᠤ ᠨᠡᠷᠡᠯᠡᠭᠳᠤᠨ︕︾ ᠬᠡᠳ ᠡᠮᠤᠰᠴᠤ ᠪᠠᠶᠢᠭᠰᠡᠨ ᠴᠠᠮᠴᠠ ᠪᠠᠨ ᠲᠠᠶᠢᠯᠤᠨ ᠦᠭᠴᠤ᠄ | ︽ᠶᠡᠭᠡ ᠴᠢᠯᠠᠳᠤ ᠴᠢᠮ᠎ᠡ ᠳᠤ | ᠢᠷᠡᠬᠦ ᠳᠡᠭᠡᠨ ᠡᠮᠤᠰᠦᠭᠰᠡᠨ | ᠦᠬᠡᠯᠤᠨ ᠮᠢᠨᠤ | ᠦᠨᠤᠷ ᠢ ᠰᠢᠩᠬᠡᠭᠡᠭᠰᠡᠨ | ᠡᠨᠡ ᠴᠠᠮᠴᠠ ᠶᠢ | ᠡᠬᠦᠷᠢᠳᠠ ᠬᠠᠳᠠᠭᠠᠯᠠ | ᠠᠮᠠᠷᠠᠭ ᠰᠡᠳᠬᠢᠯ ᠢ | ᠠᠰᠢᠳᠠ ᠴᠡᠬᠡᠵᠢᠯᠡ︕︾ ᠬᠡᠪᠡ᠃ ᠲᠡᠷᠡ ᠬᠦᠮᠦᠨ ᠡᠬᠡᠨᠡᠷ ᠤᠨ ᠢᠶᠠᠨ ᠦᠨᠡᠨ ᠭᠤᠤᠯ | ᠠᠴᠠ ᠬᠡᠯᠡᠭᠰᠡᠨ ᠦᠭᠡ ᠶᠢ ᠰᠤᠨᠤᠰᠤᠭᠠᠳ ᠡᠬᠦᠨ ᠠᠴᠠ ᠦᠬᠡᠷ᠎ᠡ ᠠᠷᠭ᠎ᠠ ᠦᠭᠡᠢ ᠲᠤᠯᠠ ᠮᠤᠷᠢᠨ ᠲᠡᠭᠡᠷ᠎ᠡ ᠠᠴᠠ | ᠴᠠᠮᠴᠠ ᠶᠢ ᠰᠢᠬᠦᠷᠦᠨ ᠠᠪᠤᠮᠠᠭᠴᠠ ᠬᠤᠸᠠ ᠮᠤᠷᠢᠨ ᠤ ᠭᠤᠶ᠎ᠠ ᠶᠢ ᠲᠠᠰᠢᠭᠤᠷᠳᠠᠵᠤ ᠤᠨᠤᠨ ᠮᠦᠷᠡᠨ ᠤ ᠦᠬᠡᠳᠡ | ᠲᠤᠳᠠᠭᠠᠪᠠ᠃ | ᠶᠢᠰᠦᠬᠡᠢ ᠪᠠᠭᠠᠳᠤᠷ ᠠᠬ᠎ᠠ ᠲᠡᠬᠦᠦ ᠭᠤᠷᠪᠠᠭᠤᠯᠠ ᠲᠡᠷᠡ ᠬᠦᠮᠦᠨ ᠤ ᠬᠤᠶᠢᠨ᠎ᠡ ᠠᠴᠠ | ᠨᠡᠬᠡᠮᠵᠢᠯᠡᠵᠤ ᠲᠤᠯᠤᠭᠠᠨ ᠲᠠᠪᠠᠭ᠎ᠠ ᠶᠢ ᠲᠠᠪᠠᠳᠠᠯ᠎ᠠ ᠬᠦᠬᠡᠬᠡᠳ ᠬᠦᠢᠴᠡᠭᠰᠡᠨ ᠦᠭᠡᠢ ᠲᠤᠯᠡ ︽ᠵᠠ ᠪᠤᠯᠢᠶᠡ᠂ ᠲᠡᠷᠡ | ᠬᠡᠷᠬᠡᠢ ᠪᠠᠨ ᠤᠷᠬᠢᠵᠤ ᠦᠭᠬᠦ ᠪᠠᠨ ᠰᠢᠢᠳᠦᠭᠰᠡᠨ ᠪᠠᠶᠢᠨ᠎ᠠ︾ ᠬᠡᠵᠤ ᠪᠤᠴᠠᠵᠤ ᠢᠷᠡᠭᠡᠳ ᠲᠡᠷᠬᠡᠨ ᠤ ᠲᠡᠷᠬᠡᠳᠡ | ᠤᠴᠢᠵᠤ᠄ | ︽ᠴᠢᠨᠤ ᠨᠡᠷ᠎ᠡ ᠬᠡᠨ ᠬᠡᠳᠡᠭ ᠪᠤᠢ︖ ᠲᠡᠷᠡ ᠬᠤᠸᠠ ᠮᠤᠷᠢᠳᠠᠢ ᠬᠦᠮᠦᠨ ᠴᠢᠨᠤ ᠡᠷ᠎ᠡ ᠤᠤ︖ | ︾ ᠬᠡᠵᠤ ᠲᠡᠷᠡ ᠦᠬᠢᠨ ᠠᠴᠠ ᠠᠰᠠᠭᠤᠪᠠ᠃ ᠲᠡᠷᠡ ᠦᠬᠢᠨ ᠪᠤᠷᠤᠭᠤ ᠬᠠᠨᠳᠤᠨ᠄ | ︽ᠮᠢᠨᠤ ᠨᠡᠷ᠎ᠡ ᠦᠬᠡᠯᠦᠨ᠂ ᠤᠯᠬᠤᠨᠤᠳ ᠠᠶᠢᠮᠠᠭ ᠤᠨ ᠬᠦᠮᠦᠨ ᠪᠢᠯᠡ᠃ ᠲᠡᠷᠡ ᠬᠤᠸᠠ | ᠮᠤᠷᠢᠳᠠᠢ ᠬᠦᠮᠦᠨ ᠪᠤᠯ ᠮᠢᠨᠤ ᠡᠷ᠎ᠡ᠂ ᠶᠡᠭᠡ ᠴᠢᠯᠡᠳᠤ ᠬᠡᠳᠡᠭ᠂ ᠮᠡᠷᠬᠢᠳ ᠠᠶᠢᠮᠠᠭ ᠤᠨ ᠬᠦᠮᠦᠨ︾ ᠬᠡᠪᠡ᠃ ᠲᠠᠷᠢᠳᠠᠢ | ᠤᠳᠴᠢᠬᠢᠨ᠄ | ︽ᠤᠳᠤ ᠴᠢᠨᠤ ᠡᠷ᠎ᠡ ᠶᠡᠭᠡ ᠴᠢᠯᠠᠳᠤ ᠪᠢᠰᠢ᠂ ᠬᠠᠷᠢᠨ ᠮᠢᠨᠤ ᠠᠬ᠎ᠠ ᠶᠢᠰᠦᠬᠡᠢ ᠪᠠᠭᠠᠳᠤᠷ᠂ | ᠮᠡᠳᠡᠪᠡ ᠤᠤ︖ ᠪᠢᠳᠠ ᠤᠳᠤ ᠴᠢᠮᠠᠢᠢ ᠬᠡᠷ ᠲᠡᠭᠡᠨ ᠠᠪᠠᠴᠢᠨ᠎ᠠ︾ ᠬᠡᠵᠤ ᠲᠡᠷᠬᠡᠨ ᠤ ᠲᠡᠮᠡᠭᠡ ᠶᠢ ᠬᠡᠷ ᠵᠦᠭ | ᠬᠡᠯᠢᠪᠡ᠃ ᠶᠢᠰᠦᠬᠡᠢ ᠪᠠᠭᠠᠳᠤᠷ ᠦᠬᠡᠯᠦᠨ ᠦᠵᠢᠨ ③ ᠤ ᠲᠡᠷᠬᠡ ᠶᠢ ᠲᠦᠰᠢᠵᠤ ᠵᠡᠷᠬᠡᠴᠡᠨ ᠠᠯᠬᠤᠵᠤ᠂ ᠨᠡᠬᠦᠨ | ᠲᠠᠶᠢᠵᠢ ᠶᠢᠨ ᠵᠢᠯᠤᠭᠤᠳᠤᠯᠭ᠎ᠠ ᠪᠠᠷ ᠤᠷᠤᠭᠰᠢ ᠶᠡᠪᠤᠪᠠ᠃ | ᠦᠬᠡᠯᠦᠨ ᠦᠵᠢᠨ ᠵᠮ ᠲᠤᠮᠳᠠ ᠠᠴᠠ ᠡᠷ᠎ᠡ ᠨᠦᠬᠦᠷ ᠢᠶᠠᠨ ᠠᠯᠳᠠᠵᠤ ᠦᠬᠡᠷ᠎ᠡ ᠬᠦᠮᠦᠨ ᠳᠤ | ᠤᠴᠢᠬᠤ ᠪᠤᠯᠤᠭᠰᠠᠨ ᠳᠤ ᠲᠡᠰᠬᠡᠯ ᠦᠭᠡᠢ ᠤᠶᠠᠷᠠᠵᠤ᠄ | ︽ᠡᠷ᠎ᠡ ᠮᠢᠨᠢ ᠴᠢᠯᠠᠳᠤ | ᠡᠬᠡᠨᠡᠷ ᠨᠠᠮᠠᠢᠢ ᠤᠷᠬᠢᠵᠤ | ᠰᠡᠷᠢᠬᠦᠨ ᠰᠠᠯᠬᠢᠨ ᠳᠤ | ᠰᠡᠪᠡᠯᠬᠡ ᠦᠰᠤ ᠪᠠᠨ ᠬᠡᠶᠢᠰᠬᠡᠨ | ᠬᠡᠬᠡᠷ᠎ᠡ ᠬᠦᠳᠡᠭᠡ | ᠬᠡᠳᠡᠰᠤ ᠪᠠᠨ ᠦᠯᠦᠰᠬᠡᠵᠤ ᠶᠠᠪᠤᠨ᠎ᠠ᠃ | ᠬᠤᠴᠤᠷᠴᠤ ᠪᠠᠷᠢᠭᠳᠠᠭᠰᠠᠨ ᠪᠢ | ᠬᠤᠶᠡᠷ ᠰᠡᠪᠡᠯᠬᠡ ᠦᠰᠤ ᠪᠠᠨ | ᠬᠤᠶᠢᠰᠢ ᠤᠷᠤᠭᠰᠢ ᠤᠨᠵᠢᠭᠤᠯᠤᠨ | ᠬᠤᠩᠬᠢᠳᠠᠯᠠ ᠤᠬᠢᠯᠡᠵᠤ ᠶᠠᠪᠤᠨ᠎ᠡ︕︾ ᠬᠡᠵᠤ ᠤᠨᠤᠨ ᠮᠦᠷᠡᠨ ᠢ ᠲᠤᠯᠬᠢᠯᠡᠳᠠᠯᠡ᠂ ᠤᠢ | ᠰᠢᠭᠤᠢ ᠶᠢ ᠭᠠᠩᠬᠤᠳᠠᠯᠠ ᠶᠡᠭᠡ ᠲᠠᠭᠤ ᠪᠠᠷ ᠤᠬᠢᠯᠡᠪᠡ᠃ ᠲᠡᠷᠢᠳᠠᠢ ᠤᠳᠴᠢᠬᠢᠨ ᠬᠠᠵᠠᠭᠤᠨ ᠠᠴᠠ ᠨᠢ᠄ | ︽ᠬᠠᠶᠢᠷᠠᠳᠠᠢ ᠪᠡᠷᠬᠡᠨ ᠮᠢᠨᠢ ᠰᠤᠨᠤᠰ᠄ | ᠲᠡᠷᠡ ᠶᠡᠭᠡ ᠴᠢᠯᠠᠳᠤ ᠴᠢᠨᠢ | ᠲᠡᠷᠳᠡᠭᠡ ᠲᠠᠪᠠᠭ᠎ᠠ ᠶᠢ ᠲᠠᠪᠠᠪᠠ | ᠤᠴᠠᠷᠠᠵᠤ ᠰᠠᠨᠠᠭᠰᠠᠨ ᠴᠢᠯᠠᠳᠤ ᠴᠢᠨᠢ | ᠤᠰᠤ ᠤᠯᠠᠨ ᠢ ᠬᠡᠳᠦᠯᠪᠡ᠃ | ᠬᠠᠶᠢᠯᠠᠵᠤ ᠤᠬᠢᠯᠠᠪᠠᠴᠤ | ᠬᠠᠷᠠᠵᠤ ᠴᠢᠮᠠᠢᠢ ᠦᠵᠡᠬᠦ ᠦᠭᠡᠢ | ᠬᠠᠶᠢᠵᠤ ᠡᠷᠢᠪᠡᠴᠤ | ᠬᠠᠭᠤᠯᠭ᠎ᠠ ④ ᠵᠠᠮ ᠨᠢ ᠤᠯᠳᠠᠬᠤ ᠦᠭᠡᠢ᠃ ᠬᠠᠷᠢᠨ ᠰᠡᠳᠬᠢᠯ ᠢᠶᠠᠨ ᠠᠮᠤᠷ ᠪᠠᠶᠢᠵᠤ ᠠᠬ᠎ᠠ | ᠶᠢᠨ ᠮᠢᠨᠢ ᠬᠡᠷᠬᠡᠢ ᠪᠤᠯᠳᠤᠭᠠᠢ᠃ | ︿ᠡᠷᠡᠯᠬᠡᠭ ᠵᠤᠷᠢᠭᠳᠠᠢ ᠶᠢᠰᠦᠬᠡᠢ | ᠪᠠᠷᠰ ᠤᠨ ᠬᠦᠴᠦᠳᠠᠢ ᠪᠠᠭᠠᠳᠤᠷ﹀ ᠬᠡᠳᠡᠭ ᠢ ᠰᠤᠨᠤᠰᠤᠭᠰᠠᠨ ᠦᠭᠡᠢ ᠤᠤ︖ ᠲᠡᠷᠡ ᠪᠤᠯ | ᠮᠢᠨᠤ ᠭᠤᠷᠪᠠᠳᠤᠭᠠᠷ ᠠᠬ᠎ᠠ ᠶᠢᠰᠦᠬᠡᠢ ᠪᠠᠭᠠᠳᠤᠷ ᠰᠢᠤ ᠳ᠋ᠠ︾ ᠬᠡᠵᠤ ᠢᠳᠬᠡᠨ ᠬᠡᠯᠡᠭᠰᠡᠨ ᠳᠤ ᠦᠬᠡᠯᠤᠨ ᠦᠵᠢᠨ | ᠰᠠᠶ᠋ᠢ ᠲᠤᠭᠤᠢ ᠪᠤᠯᠪᠠ᠃ | ᠵᠠᠮ ᠲᠤᠮᠳᠠ ᠠᠴᠠ ᠶᠢᠰᠦᠬᠡᠢ ᠪᠠᠭᠠᠳᠤᠷ ᠤᠷᠢᠳ ᠤᠷᠬᠢᠭᠰᠡᠨ ᠪᠤᠭᠤ ᠶᠢᠨ ᠮᠢᠬ᠎ᠠ ᠪᠠᠨ | ᠠᠪᠴᠤ ᠮᠤᠷᠢᠨ ᠳᠠᠭᠠᠨ ᠠᠴᠢᠳᠠᠯᠠ᠂ ᠲᠠᠷᠢᠳᠠᠢ ᠤᠳᠴᠢᠬᠢᠨ ᠪᠠᠰᠠ ᠵᠠᠪᠳᠤᠵᠤ᠄ | ︽ᠤᠳᠤ ᠬᠤᠷᠢᠮ ᠬᠢᠬᠦ ᠮᠢᠬ᠎ᠠ ᠴᠦ ᠪᠡᠯᠡᠨ ᠪᠤᠯᠤᠯ᠎ᠡ ᠬᠡᠵᠤ ᠱᠤᠤᠯᠡᠨ ᠬᠡᠯᠡᠬᠡᠳ᠂ ᠲᠡᠷᠬᠡ | ᠪᠠᠨ ᠲᠦᠷᠬᠡᠨ ᠲᠦᠷᠬᠡᠨ ᠬᠡᠯᠢᠵᠤ ᠬᠡᠷ ᠲᠡᠭᠡᠨ ᠬᠦᠷᠴᠤ᠄ | ︽ᠮᠢᠨᠤ ᠠᠬ᠎ᠠ ᠶᠢᠨ ᠦᠵᠡᠰᠬᠦᠯᠡᠩᠳᠤ ᠦᠵᠢᠨ᠂ ᠦᠬᠡᠯᠤᠨ ᠬᠠᠳᠤᠨ ᠢ ᠦᠵᠡ︕︾ | ᠬᠡᠵᠤ ᠬᠠᠰᠬᠢᠷᠤᠭᠰᠠᠨ ᠳᠤ᠂ ᠡᠴᠢᠬᠡ ᠡᠬᠡ᠂ ᠠᠬ᠎ᠠ ᠲᠠᠬᠦᠦ ᠰᠠᠳᠤᠨ ᠪᠦᠬᠦᠳᠡᠬᠡᠷ ᠭᠠᠷᠴᠤ ᠢᠷᠡᠨ᠂ ᠦᠬᠡᠯᠤᠨ | ᠦᠵᠢᠨ ᠤ ᠦᠩᠬᠡ ᠵᠢᠰᠤ ᠶᠢ ᠱᠠᠭᠰᠢᠨ᠂ ᠲᠡᠷᠡ ᠲᠠᠷᠤᠢ ᠳᠤ ᠶᠢᠰᠦᠬᠡᠢ ᠪᠠᠭᠠᠳᠤᠷ ᠲᠤ ᠬᠡᠷᠬᠡᠢ ᠪᠤᠯᠭᠠᠨ ᠬᠤᠯᠪᠤᠪᠠ᠃ | | | | | ᠲᠠᠶᠢᠯᠪᠤᠷᠢ | | ① ᠠᠮᠠᠨ ᠬᠦᠨᠡᠰᠤ — ᠢᠳᠡᠬᠦ ᠬᠤᠪᠢ ᠲᠠᠢ ᠪᠤᠶᠤ ᠢᠳᠡᠬᠦ ᠪᠤᠶᠡᠨ ᠲᠠᠢ ᠬᠡᠰᠡᠨ ᠦᠬᠡ᠃ | | ② ᠦᠯᠵᠢᠬᠡ — ᠪᠦᠷᠬᠦᠬᠦᠯᠳᠤ ᠲᠡᠷᠬᠡᠨ ᠤ ᠤᠷᠬᠢᠭᠤᠯ ᠤᠨ ᠡᠮᠤᠨᠡᠳᠤ ᠲᠠᠯ᠎ᠠ ᠶᠢ ᠬᠡᠯᠡᠵᠤ | ᠪᠠᠶᠢᠨ᠎ᠠ᠃ | ③ ᠦᠵᠢᠨ — ᠬᠠᠳᠤᠨ ᠬᠡᠰᠡᠨ ᠤᠳᠬ᠎ᠠ ᠲᠠᠢ᠃ | ④ ᠬᠠᠭᠤᠯᠭ᠎ᠠ — ᠵᠠᠮ ᠮᠦᠷ᠃ | | | ᠡᠮᠤᠨᠡᠬᠢ ᠦᠯᠢᠬᠡᠷ᠄ ᠬᠤᠳᠠᠯᠠ ᠬᠠᠭᠠᠨ ᠤ ᠲᠠᠮᠡᠴᠡᠯ | ᠬᠤᠶᠢᠨᠠᠬᠢ ᠦᠯᠢᠬᠡᠷ᠄ ᠶᠢᠰᠦᠬᠡᠢ ᠪᠠᠭᠠᠳᠤᠷ ᠲᠠᠲ᠋ᠠᠷ ᠲᠤ ᠬᠤᠤᠷᠯᠠᠭᠳᠠᠭᠰᠠᠨ | |