ᠪᠠ ᠢᠦᠢ ᠽᠤᠤ
ᠨᠡᠶᠢᠲᠡᠯᠡᠭᠰᠡᠨ ᠴᠠᠭ᠄
2014/5/19
       ᠬᠦᠮᠤᠰ ᠶᠡᠷᠦᠳᠡᠬᠡᠨ ᠮᠤᠩᠭᠤᠯᠴᠤᠳ ᠢ ︽ᠬᠦᠪᠦᠩ ᠡᠬᠦᠯᠡ ᠴᠠᠶᠢᠷᠠᠭᠰᠠᠨ ᠬᠦᠬᠡ ᠤᠭᠳᠠᠷᠭᠤᠢ ᠶᠢᠨ ᠲᠤᠤᠭᠤᠷ︾ ︽ᠬᠦᠳᠡᠭᠡ ᠲᠠᠯ᠎ᠠ ᠪᠠᠷ ᠬᠦᠯᠦᠭ ᠮᠤᠷᠢ ᠤᠨᠤᠨ ᠲᠤᠪᠳᠤᠯᠳᠠᠭ︾ ᠯᠡ ᠦᠨᠳᠤᠰᠤᠳᠠᠨ ᠬᠡᠵᠤ ᠰᠠᠨᠠᠳᠠᠭ᠃ ᠬᠡᠳᠡᠯ᠎ᠡ ᠲᠤᠮᠳᠠᠳᠤ ᠤᠯᠤᠰ ᠤᠨ ᠬᠦᠬᠡ ᠤᠭᠳᠠᠷᠭᠤᠢ ᠳᠤ ᠬᠦᠪᠦᠩ ᠡᠬᠦᠯᠡ ᠶᠢ ᠠᠩᠬ᠎ᠠ ᠴᠤᠭᠤᠯᠤᠨ ᠨᠢᠰᠬᠡᠯ ᠦᠢᠯᠡᠳᠦᠭᠰᠡᠨ ᠬᠦᠮᠦᠨ ᠪᠤᠯ ᠪᠠᠰᠠ ᠴᠦ ᠮᠤᠩᠭᠤᠯ ᠬᠦᠮᠦᠨ ᠶᠤᠮᠰᠠᠨᠵᠠᠢ᠃ ᠡᠨᠡᠬᠦ ᠬᠡᠰᠢᠭᠳᠡᠨ ᠤᠳᠤᠮᠳᠤ ᠠᠯᠳᠠᠷᠳᠤ ᠡᠷᠳᠡᠮᠳᠡᠨ ᠤ ᠨᠡᠷ᠎ᠡ ᠨᠢ ᠪᠠ ᠢᠦᠢ ᠽᠤᠤ ᠬᠡᠳᠡᠭ᠃ ᠪᠠ ᠢᠦᠢ ᠽᠤᠤ ᠶᠢᠨ ᠡᠪᠦᠭᠡ ᠡᠴᠢᠬᠡ ᠶᠢ ᠨᠢ ᠴᠢᠩ ᠤᠯᠤᠰ ᠤᠨ ᠵᠠᠰᠠᠭ ᠤᠨ ᠭᠠᠵᠠᠷ ᠠᠴᠠ ᠡᠮᠤᠨᠡᠳᠤ ᠤᠷᠤᠨ ᠳᠤ ᠲᠦᠰᠢᠮᠡᠯ ᠢᠶᠠᠷ ᠲᠤᠮᠢᠯᠠᠭᠰᠠᠨ ᠪᠠᠶᠢᠵᠠᠢ᠃       ᠴᠢᠩ ᠤᠯᠤᠰ ᠤᠨ ᠪᠠᠳᠠᠷᠠᠭᠤᠯᠳᠤ ᠲᠦᠷᠦ ᠶᠢᠨ 18 ᠳ᠋ᠤᠭᠠᠷ ᠤᠨ ᠤ 6 ᠳ᠋ᠤᠭᠠᠷ ᠰᠠᠷ᠎ᠠ ᠶᠢᠨ 24᠎ ᠤ ᠡᠳᠤᠷ ︵1892 ᠤᠨ ᠳᠤ 7 ᠳ᠋ᠤᠭᠠᠷ ᠰᠠᠷ᠎ᠠ ᠶᠢᠨ 17᠎ ᠤ ᠡᠳᠤᠷ︶ ᠪᠠ ᠢᠤᠢ ᠽᠤᠤ ᠤᠳᠤ ᠶᠢᠨ ᠵᠢᠶᠠᠩᠰᠤ ᠮᠤᠵᠢ ᠶᠢᠨ ᠵᠧᠨ ᠵᠢᠶᠠᠩ ᠬᠡᠳᠡᠭ ᠭᠠᠵᠠᠷ ᠲᠤ ᠮᠡᠨᠳᠤᠯᠡᠵᠡᠢ᠃ ᠪᠠ ᠢᠦᠢ ᠽᠤᠤ ᠶᠢᠨ ᠡᠷᠬᠦᠭᠰᠡᠨ ᠨᠡᠷ᠎ᠡ ᠨᠢ ᠶᠦᠨ ᠬᠤᠸᠠ ᠬᠡᠳᠡᠭ ᠪᠦᠬᠡᠳ ᠦᠬᠡᠷ᠎ᠡ ᠨᠡᠷ᠎ᠡ ᠨᠢ ᠸᠧᠨ ᠭᠤᠸᠠᠨ ᠬᠡᠳᠡᠭ᠃ ᠪᠠ ᠢᠤᠢ ᠽᠤᠤ ᠬᠠᠷᠠᠬᠠᠨ ᠪᠠᠭ᠎ᠠ ᠎ ᠠᠴᠠ ᠪᠠᠨ ᠮᠤᠩᠭᠤᠯ ᠢᠵᠠᠭᠤᠷᠳᠠᠨ ᠤ ᠬᠡᠷ ᠲᠤ ᠬᠠᠳᠠᠭᠤ ᠴᠢᠩᠭ᠎ᠠ ᠮᠤᠩᠭᠤᠯ ︽ᠬᠡᠷ ᠤᠨ ᠰᠤᠷᠭᠠᠯ︾᠎ ᠢ ᠬᠦᠷᠳᠡᠨ ᠦᠰᠴᠠᠢ᠃ ᠪᠠ ᠢᠤᠢ ᠽᠤᠤ ᠶᠢᠨ ᠦᠷᠬᠦᠯᠵᠢ ᠶᠠᠪᠤᠯᠴᠠᠳᠠᠭ ᠤᠶᠢᠷ᠎ᠠ ᠰᠠᠳᠤᠨ᠂ ᠤᠷᠤᠭ ᠲᠦᠷᠦᠯ᠂ ᠦᠶ᠎ᠡ ᠶᠢᠨ ᠨᠡᠶᠢᠵᠡ ᠨᠦᠬᠦᠳ ᠤᠨ ᠬᠢᠨᠢ ᠤᠯᠠᠩᠬᠢ ᠨᠢ ᠮᠤᠩᠭᠤᠯᠴᠤᠳ ᠪᠠᠶᠢᠭᠰᠠᠨ ᠪᠤᠯᠬᠤᠷ ᠮᠤᠩᠭᠤᠯ ᠰᠤᠶᠤᠯ ᠵᠠᠩᠰᠢᠯ ᠤᠨ ᠨᠦᠯᠦᠬᠡ ᠤᠶᠤᠨ ᠲᠠᠷᠢᠬᠢᠨ ᠳᠤᠨᠢ ᠬᠦᠨ ᠰᠠᠭᠤᠭᠳᠠᠵᠠᠢ᠃ ᠦᠪᠡᠷ ᠤᠨ ᠤᠯᠤᠰ ᠦᠨᠳᠤᠰᠤᠳᠠᠨ᠂ ᠨᠤᠳᠤᠭ ᠤᠷᠤᠨ ᠎ ᠢᠶᠠᠨ ᠬᠡᠵᠢᠶᠡᠳᠠ ᠨᠢᠳᠤᠨ ᠴᠡᠴᠡᠬᠡᠢ ᠰᠢᠭ ᠬᠠᠶᠢᠷᠠᠯᠠᠨ ᠪᠤᠳᠤᠵᠤ ᠶᠠᠪᠤᠬᠤ᠂ ᠵᠤᠷᠢᠯᠳᠠ ᠦᠢᠯᠡᠰ ᠤᠨ ᠢᠶᠠᠨ ᠲᠦᠯᠦᠬᠡ ᠴᠤᠴᠠᠯᠳᠠ ᠦᠭᠡᠢ ᠨᠢᠬᠡ ᠰᠡᠳᠬᠢᠯ ᠢᠶᠠᠷ ᠵᠢᠳᠬᠦᠬᠦ ᠵᠡᠷᠬᠡ ᠵᠠᠩ ᠴᠢᠨᠠᠷ ᠢ ᠪᠦᠷ ᠨᠢᠯᠬ᠎ᠠ ᠪᠠᠭ᠎ᠠ ᠦᠶ᠎ᠡ ᠠᠴᠠ ᠪᠠᠨ ᠨᠠᠬᠢᠶ᠎ᠠ ᠰᠤᠶᠤᠭ᠎ᠠ ᠶᠢ ᠨᠢ ᠪᠦᠷᠢᠯᠳᠦᠬᠦᠯᠦᠭᠰᠡᠨ ᠪᠠᠶᠢᠵᠠᠢ᠃ ᠡᠶᠢᠮᠤ ᠠᠴᠠ ᠬᠡᠴᠢᠨᠡᠨ ᠤᠯᠠᠨ ᠡᠷᠳᠡᠮᠳᠠᠨ ᠰᠠᠬᠡᠬᠡᠳᠡᠨ ᠠᠮᠧᠷᠢᠺᠠ ᠠᠩᠭ᠍ᠯᠢ ᠶᠢ ᠵᠤᠷᠢᠨ ᠬᠦᠶᠦᠯᠴᠡᠵᠤ ᠪᠠᠶᠢᠭᠰᠠᠨ ᠲᠤᠰ ᠵᠠᠭᠤᠨ ᠤ ᠬᠤᠷᠢᠭᠠᠳ ᠤᠨ ᠤ ᠦᠶᠡᠰ ᠲᠤ ᠠᠮᠧᠷᠢᠺᠠ ᠳᠤ ᠡᠷᠳᠡᠮᠳᠡᠨ ᠴᠤᠯᠠ ᠬᠠᠮᠠᠭᠠᠯᠠᠭᠰᠠᠨ ᠪᠠ ᠢᠤᠢ ᠽᠤᠤ ᠠᠮᠧᠷᠢᠺᠡ ᠠᠩᠭ᠍ᠯᠢ ᠶᠢᠨ ᠠᠯᠢ ᠨᠢᠬᠡᠨ ᠤᠷᠢᠯᠭ᠎ᠠ ᠵᠠᠯᠠᠯᠭ᠎ᠠ ᠶᠢ ᠡᠷᠡᠰ ᠲᠡᠪᠴᠢᠨ ᠤᠯᠤᠰ ᠲᠠᠭᠠᠨ ᠪᠤᠴᠠᠵᠤ ᠢᠷᠡᠭᠰᠡᠨ ᠶᠤᠮ᠃ ᠡᠬᠦᠨ ᠠᠴᠠ ᠴᠦ ᠪᠠ ᠢᠤᠢ ᠽᠤᠤ ᠶᠢᠨ ᠤᠶᠤᠨ ᠲᠠᠷᠢᠬᠢᠨ ᠳᠤ ᠮᠤᠩᠭᠤᠯ ᠰᠤᠶᠤᠯ ᠵᠠᠩᠰᠢᠯ ᠬᠦᠨ ᠦᠨᠳᠤᠰᠤ ᠲᠠᠢ ᠪᠠᠶᠢᠵᠠᠢ ᠬᠡᠰᠡᠨ ᠢ ᠮᠡᠳᠡᠵᠤ ᠪᠤᠯᠤᠨ᠎ᠡ᠃ ᠤᠴᠢᠷ ᠮᠤᠩᠭᠤᠯ ᠬᠦᠮᠦᠨ ᠬᠡᠭᠴᠢ ᠨᠤᠳᠤᠭ ᠤᠷᠤᠨ ᠲᠠᠭᠠᠨ ᠲᠦᠷᠦᠯᠬᠢ ᠬᠠᠶᠢᠷᠠᠳᠠᠢ ᠯᠡ ᠪᠠᠶᠢᠳᠠᠭ ᠠᠵᠢ᠃ 1923 ᠤᠨ ᠳᠤ ᠲᠤᠮᠳᠠᠳᠤ ᠢᠷᠬᠡᠨ ᠤᠯᠤᠰ ᠤᠨ ᠲᠦᠷ ᠴᠠᠭ ᠤᠨ ᠶᠡᠷᠦᠩᠬᠡᠶᠢᠯᠡᠭᠴᠢ ᠰᠦᠨ ᠵᠦᠩ ᠱᠠᠨ ᠠᠪᠤᠭᠠᠢ ᠪᠠ ᠢᠤᠢ ᠽᠤᠤ ᠶᠢ ᠬᠦᠯᠢᠶᠡᠨ ᠠᠪᠴᠤ ᠠᠭᠤᠯᠵᠠᠬᠤ ᠳᠤ᠂ ᠪᠠ ᠢᠤᠢ ᠽᠤᠤ ᠤᠮᠤᠭ ᠲᠡᠬᠦᠯᠳᠡᠷ ᠢᠶᠠᠷ᠄ ︽ᠪᠢ ᠪᠤᠯ ᠮᠤᠩᠭᠤᠯ ᠬᠦᠮᠦᠨ᠂ ᠦᠪᠦᠷ ᠮᠤᠩᠭᠤᠯ ᠤᠨ ᠬᠡᠰᠢᠭᠳᠡᠨ ᠬᠤᠰᠢᠭᠤᠨ ᠤ ᠪᠤᠷᠵᠢᠬᠢᠨ ᠶᠠᠰᠤᠳᠠᠨ︕︾ ᠬᠡᠵᠤ ᠶᠠᠭᠤᠨ ᠎ ᠤ ᠤᠷᠢᠳ ᠪᠡᠶ᠎ᠡ ᠪᠠᠨ ᠲᠠᠨᠢᠯᠴᠠᠭᠤᠯᠵᠠᠢ᠃ ᠰᠦᠨ ᠵᠦᠩ ᠱᠠᠨ ᠠᠪᠤᠭᠠᠢ ᠳᠤ ᠪᠠ ᠢᠤᠢ ᠽᠤᠤ ᠲᠤᠮᠳᠠᠳᠤ ᠤᠯᠤᠰ ᠎ ᠲᠤ ᠨᠢᠰᠬᠡᠯ ᠤᠨ ᠦᠢᠯᠡᠳᠪᠤᠷᠢ ᠡᠬᠦᠰᠬᠡᠨ ᠪᠠᠶᠢᠭᠤᠯᠬᠤ ᠲᠤᠬᠠᠢ ᠰᠠᠨᠠᠯ ᠲᠤᠷᠠᠳᠤᠯᠭ᠎ᠠ ᠪᠠᠨ ᠭᠠᠷᠭᠠᠭᠰᠠᠨ ᠤ ᠬᠠᠮᠳᠤ᠂ ᠵᠧᠨ ᠵᠢᠶᠠᠩ ᠤᠷᠤᠨ ᠳᠤ ᠰᠠᠭᠤᠭ᠎ᠠ ᠮᠤᠩᠭᠤᠯᠴᠤᠳ ᠤᠨ ᠭᠤᠨᠢᠭᠳᠤ ᠤᠴᠠᠷᠠᠯ ᠤᠨ ᠲᠤᠬᠠᠢ ᠴᠦ ᠡᠷᠡᠬᠡᠯᠡᠯ ᠦᠭᠡᠢ ᠶᠠᠷᠢᠭᠰᠠᠨ ᠪᠠᠶᠢᠪᠠ᠃ ᠰᠦᠨ ᠵᠦᠩ ᠱᠠᠨ ᠠᠪᠤᠭᠠᠢ ᠪᠠ ᠢᠤᠢ ᠽᠤᠤ ᠶᠢᠨ ᠮᠤᠩᠭᠤᠯ ᠬᠦᠮᠦᠨ ᠬᠡᠳᠡᠭ ᠢ ᠰᠤᠨᠤᠰᠤᠭᠠᠳ ᠪᠠ ᠢᠤᠢ ᠽᠤᠤ ᠶᠢᠨ ᠬᠡᠷ ᠪᠦᠯᠢ ᠶᠢᠨ ᠬᠢᠨ ᠢ ᠲᠤᠬᠤᠨᠢᠭᠤᠯᠵᠤ ᠪᠠᠶᠢᠬᠤ ᠪᠠᠨ ᠢᠯᠡᠳᠬᠡᠬᠦ ᠶᠢᠨ ᠬᠠᠮᠳᠤ ᠵᠧᠨ ᠵᠢᠶᠠᠩ ᠤᠷᠤᠨ ᠳᠤ ᠰᠠᠭᠤᠭ᠎ᠠ ᠮᠤᠩᠭᠤᠯᠴᠤᠳ ᠤᠨ ᠭᠤᠨᠢᠭᠳᠤ ᠤᠴᠠᠷᠠᠯ ᠳᠤ ᠬᠠᠷᠠᠮᠰᠠᠵᠤ ᠪᠠᠶᠢᠬᠤ ᠎ ᠪᠠᠨ ᠢᠯᠡᠳᠬᠡᠭᠰᠡᠨ ᠪᠠᠶᠢᠨ᠎ᠠ᠃ ᠡᠬᠦᠨ ᠤ ᠬᠠᠮᠳᠤ ᠰᠦᠨ ᠵᠦᠩ ᠱᠠᠨ ᠠᠪᠤᠭᠠᠢ ᠪᠠᠰᠠ ᠪᠠ ᠢᠤᠢ ᠽᠤᠤ ᠶᠢᠨ ᠤᠯᠤᠰ ᠦᠨᠳᠤᠰᠤᠳᠠᠨ᠂ ᠨᠤᠳᠤᠭ ᠤᠷᠤᠨ ᠳᠠᠭᠠᠨ ᠬᠡᠵᠢᠶ᠎ᠡ ᠡᠬᠦᠷᠢᠳᠠ ᠬᠠᠯᠠᠭᠤᠨ ᠬᠠᠶᠢᠷᠠᠳᠠᠢ ᠪᠠᠶᠢᠳᠠᠭ ᠡᠷᠬᠢᠮ ᠲᠡᠭᠡᠳᠤ ᠵᠠᠩ ᠰᠤᠷᠳᠠᠯ ᠢ ᠨᠢ ᠴᠦ ᠦᠨᠳᠤᠷ ᠦᠨᠡᠯᠡᠨ ᠰᠠᠶᠢᠰᠢᠶᠠᠭᠰᠠᠨ ᠪᠠᠶᠢᠨ᠎ᠠ᠃       ᠪᠠ ᠢᠤᠢ ᠽᠤᠤ 1905 ᠤᠨ ᠳᠤ ᠠᠷᠪᠠᠨ ᠲᠦᠷᠪᠡᠳᠠᠢ ᠵᠢᠯ ᠳᠡᠭᠡᠨ ᠵᠧᠨ ᠵᠢᠶᠠᠩ ᠤᠨ ᠵᠢᠩ ᠺᠸᠤ ᠳᠠᠬᠢ ︽ᠨᠠᠢᠮᠠᠨ ᠬᠤᠰᠢᠭᠤᠨ ᠤ ᠲᠤᠮᠳᠠᠳᠤ ᠰᠤᠷᠭᠠᠭᠤᠯᠢ︾᠎ ᠪᠠᠨ ᠲᠡᠭᠦᠰᠬᠡᠵᠤ᠂ ᠵᠢᠶᠠᠩ ᠨᠢᠩ ︵ᠤᠳᠤ ᠶᠢᠨ ᠨᠡᠨᠵᠢᠩ︶᠎ ᠳᠠᠬᠢ ︽ᠵᠢᠶᠠᠩ ᠨᠠᠨ ᠤ ᠲᠠᠯᠠᠢ ᠶᠢᠨ ᠴᠡᠷᠢᠭ ᠤᠨ ᠰᠤᠷᠭᠠᠭᠤᠯᠢ︾᠎ ᠳᠤ ᠰᠢᠯᠭᠠᠨ ᠤᠷᠤᠵᠤ ᠰᠤᠷᠤᠯᠴᠠᠵᠠᠢ᠃       1909 ᠤᠨ ᠳᠤ ᠪᠠ ᠢᠤᠢ ᠽᠤᠤ ᠠᠷᠪᠠᠨ ᠨᠠᠢᠮᠠᠳᠠᠢ ᠵᠢᠯ ᠰᠤᠷᠭᠠᠭᠤᠯᠢ ᠠᠴᠠ ᠪᠠᠨ ᠰᠢᠯᠭᠠᠭᠳᠠᠨ ᠰᠤᠩᠭᠤᠭᠳᠠᠵᠤ᠂ ᠠᠩᠭ᠍ᠯᠢ ᠶᠢᠨ ᠫᠤᠷᠼᠮᠧᠽ ᠬᠤᠳᠠᠨ ᠳᠠᠬᠢ ᠠᠩᠭ᠍ᠯᠢ ᠶᠢᠨ ᠲᠠᠯᠠᠢ ᠶᠢᠨ ᠴᠡᠷᠢᠭ ᠤᠨ ᠰᠤᠷᠭᠠᠭᠤᠯᠢ ᠳᠤ ᠤᠷᠤᠵᠠᠢ᠃ ᠪᠠ ᠢᠤᠢ ᠽᠤᠤ ᠨᠢᠬᠡᠨ ᠠᠩᠭ᠍ᠯᠢ ᠶᠢᠨ ᠲᠠᠯᠠᠢ ᠶᠢᠨ ᠴᠡᠷᠢᠭ ᠤᠨ ᠤᠹᠢᠼᠧᠷ ᠤᠨ ᠬᠡᠷ ᠎ ᠲᠤ ᠰᠠᠭᠤᠵᠤ᠂ ᠠᠩᠭ᠍ᠯᠢ ᠬᠡᠯᠡ ᠰᠢᠮᠳᠡᠨ ᠰᠤᠷᠤᠯᠴᠠᠯ᠎ᠠ᠃ ᠪᠠ ᠢᠤᠢ ᠽᠤᠤ ᠶᠢᠨ ᠦᠨᠡᠨᠴᠢ ᠴᠠᠭᠠᠪᠤᠷ᠂ ᠬᠠᠯᠠᠭᠤᠮᠰᠤᠭ ᠲᠤᠳᠤᠨᠤᠰᠤᠭ᠂ ᠲᠡᠰᠪᠤᠷᠢ ᠬᠠᠳᠠᠭᠤᠵᠢᠯᠳᠠᠢ ᠮᠤᠩᠭᠤᠯ ᠰᠤᠶᠤᠯ ᠵᠠᠩᠰᠢᠯ᠂ ᠵᠠᠩ ᠰᠤᠷᠳᠠᠯ ᠨᠢ ᠠᠩᠭ᠍ᠯᠢ ᠤᠹᠢᠼᠧᠷ ᠎ ᠤᠨ ᠪᠦᠬᠦ ᠬᠡᠷ ᠤᠨ ᠬᠢᠨ ᠤ ᠬᠦᠷᠢᠶᠡᠯᠡᠯ ᠢ ᠤᠯᠤᠭᠰᠠᠨ ᠪᠤᠯᠬᠤᠷ ᠲᠡᠳᠡᠨ ᠲᠠᠢ ᠮᠠᠰᠢ ᠲᠦᠷᠬᠡᠨ ᠡᠬᠡᠨᠡᠭᠰᠢᠨ ᠲᠠᠰᠤᠯᠴᠠᠵᠤ᠂ ᠵᠢᠯ ᠠᠷᠠᠢ ᠪᠤᠯᠤᠭ᠎ᠠ ᠦᠭᠡᠢ ᠪᠠᠷ ᠠᠩᠭ᠍ᠯᠢ ᠬᠡᠯᠡ ᠶᠢ ᠤᠰᠤ ᠴᠠᠰᠤ ᠰᠢᠭ᠋ ᠶᠠᠷᠢᠳᠠᠭ ᠪᠤᠯᠵᠠᠢ᠃       1910 ᠤᠨ ᠳᠤ ᠸᠠᠩ ᠰᠢᠶᠤᠤ ᠹᠧᠩ ᠵᠡᠷᠬᠡ ᠵᠢᠷᠭᠤᠭᠠᠨ ᠨᠦᠬᠦᠳ ᠤᠨ ᠢᠶᠠᠨ ᠬᠠᠮᠳᠤ ᠪᠠ ᠢᠤᠢ ᠽᠤᠤ ᠪᠠᠷᠦᠰᠢᠨᠪᠧᠨᠢᠰᠢ ᠳᠠᠬᠢ ᠬᠦᠯᠬᠡ ᠤᠩᠭᠤᠴᠠᠨ ᠤ ᠦᠢᠯᠡᠳᠪᠤᠷᠢ ᠳᠤ ᠤᠴᠢᠵᠤ ᠰᠤᠷᠤᠯᠴᠠᠭᠰᠠᠨ ᠪᠦᠬᠡᠳ ᠠᠩᠭ᠍ᠯᠢ ᠶᠢᠨ ᠶᠡᠭᠡ ᠰᠤᠷᠭᠠᠭᠤᠯᠢ ᠳᠤ ᠰᠢᠯᠭᠠᠨ ᠤᠷᠤᠵᠤ ᠰᠤᠷᠤᠯᠴᠠᠬᠤ ᠪᠠᠷ ᠬᠠᠳᠠᠭᠤᠵᠢᠯᠳᠠᠢ ᠲᠠᠪᠳᠠᠯᠭ᠎ᠠ ᠪᠤᠯᠪᠠᠰᠤᠷᠠᠯ ᠳᠤ ᠤᠷᠤᠯᠴᠠᠪᠠ᠃       1911 ᠤᠨ ᠳᠤ ᠪᠠ ᠢᠤᠢ ᠽᠤᠤ ᠠᠩᠭ᠍ᠯᠢ ᠶᠢᠨ ᠨᠢᠦᠺᠠᠰᠧᠯ ᠳᠤ ᠠᠮᠰᠲᠷᠦᠭ ︵ᠤᠳᠤ ᠶᠢᠨ ᠨᠢᠤᠺᠠᠰᠧᠯ ᠶᠡᠭᠡ ᠰᠤᠷᠭᠠᠭᠤᠯᠢ︶ ᠶᠡᠭᠡ ᠰᠤᠷᠭᠠᠭᠤᠯᠢ ᠶᠢᠨ ᠲᠧᠭᠨᠢᠭ ᠮᠧᠬᠠᠨᠢᠭ ᠤᠨ ᠰᠠᠯᠪᠤᠷᠢ ᠳᠤ ᠰᠢᠯᠭᠠᠭᠳᠠᠨ ᠤᠷᠤᠵᠠᠢ᠃ 1914 ᠤᠨ ᠳᠤ ᠪᠠ ᠢᠤᠢ ᠽᠤᠤ ᠤᠶᠤᠳᠠᠨ ᠡᠷᠳᠡᠮᠳᠡᠨ ᠤ ᠴᠤᠯᠠ ᠬᠠᠮᠠᠭᠠᠯᠠᠨ᠂ ᠰᠤᠷᠭᠠᠭᠤᠯᠢ ᠪᠠᠨ ᠲᠡᠭᠦᠰᠬᠡᠪᠡ᠃ ᠮᠦᠨ ᠵᠢᠯ ᠳᠡᠭᠡᠨ ᠲᠡᠷᠡ ᠪᠠᠰᠠ ᠸᠠᠩ ᠰᠢᠶᠤᠤ ᠹᠧᠩ᠂ ᠽᠧᠩ ᠢ ᠵᠢᠩ ᠵᠡᠷᠬᠡ ᠨᠦᠬᠦᠳ ᠲᠠᠢ ᠭᠧᠷᠮᠠᠨ ᠳᠤ ᠤᠴᠢᠵᠤ ᠠᠵᠤ ᠦᠢᠯᠡᠳᠪᠤᠷᠢ ᠰᠤᠷᠬᠤ ᠪᠠᠷ ᠵᠤᠷᠢᠵᠠᠢ᠂ ᠬᠡᠪᠡᠴᠤ ᠪᠠ ᠢᠤᠢ ᠽᠤᠤ ᠨᠡᠷ ᠢ ᠭᠧᠷᠮᠡᠨ ᠳᠤ ᠬᠦᠷᠦᠭᠰᠡᠨ ᠤ ᠲᠠᠷᠠᠭ᠎ᠠ ᠠᠷᠠᠢ ᠬᠤᠶᠠᠷ ᠰᠠᠷ᠎ᠠ ᠪᠤᠯᠤᠭᠠᠳᠠᠢ ᠪᠠᠷ ᠡᠸᠦ᠋ᠷᠤᠫᠠ ᠶᠢᠨ ᠶᠡᠭᠡ ᠲᠠᠶᠢᠨ ᠭᠠᠷᠤᠭᠰᠠᠨ ᠲᠤᠯᠠ ᠲᠡᠳᠡ ᠠᠯᠢ ᠤᠯᠠᠨ ᠠᠶᠤᠯ ᠪᠡᠷᠬᠡ ᠶᠢ ᠲᠤᠭᠤᠯᠤᠨ ᠪᠠᠶᠢᠵᠤ ᠮᠦᠨ ᠠᠩᠭ᠍ᠯᠢ ᠳᠤ ᠪᠤᠴᠠᠨ᠂ ᠸᠧᠢᠢᠺᠰ ᠨᠡᠷᠡᠮᠵᠢᠳᠤ ᠬᠦᠯᠬᠡ ᠤᠩᠭᠤᠴᠠᠨ ᠤ ᠦᠢᠯᠡᠳᠪᠤᠷᠢ ᠳᠤ ᠵᠢᠷᠤᠭ ᠲᠦᠯᠦᠪᠯᠡᠭᠴᠢ ᠪᠤᠯᠤᠨ ᠠᠵᠢᠯᠯᠠᠪᠠ᠃       1915 ᠤᠨ ᠳᠤ ᠪᠠ ᠢᠤᠢ ᠽᠤᠤ ᠨᠠᠷ ᠲᠤᠮᠳᠠᠳᠤ ᠤᠯᠤᠰ ᠤᠨ ᠵᠠᠰᠠᠭ ᠤᠨ ᠭᠠᠵᠠᠷ ᠤᠨ ᠤᠷᠢᠶᠠᠯᠠᠭ᠎ᠠ ᠪᠠᠷ ᠠᠮᠧᠷᠢᠺᠡ ᠳᠤ ᠤᠴᠢᠵᠤ ᠨᠢᠰᠬᠡᠯ ᠵᠢᠯᠤᠭᠤᠳᠬᠤ ᠮᠡᠷᠬᠡᠵᠢᠯ ᠰᠤᠷᠤᠯᠴᠠᠵᠠᠢ᠃ ᠪᠠ ᠢᠤᠢ ᠽᠤᠤ ᠪᠤᠰᠤᠳ ᠬᠤᠶᠠᠷ ᠨᠦᠬᠦᠳ ᠤᠨ ᠢᠶᠠᠨ ᠬᠠᠮᠳᠤ ᠠᠮᠧᠷᠢᠺᠠ ᠶᠢᠨ ᠺᠦᠲ᠋ᠢᠰ ᠨᠢᠰᠦᠭᠴᠢ ᠶᠢᠨ ᠰᠤᠷᠭᠠᠭᠤᠯᠢ ᠳᠤ ᠰᠢᠯᠭᠠᠨ ᠤᠷᠤᠪᠠ᠃ ᠪᠠ ᠢᠤᠢ ᠽᠤᠤ ᠶᠢ ᠠᠩᠭ᠍ᠯᠢ ᠳᠤ ᠰᠤᠷᠤᠯᠴᠠᠬᠤ ᠪᠠᠷ ᠤᠴᠢᠭᠰᠠᠨ ᠲᠡᠷᠡ ᠵᠢᠯ ︵1909 ᠤᠨ︶ ᠠᠩᠭ᠍ᠯᠢᠴᠤᠳ ᠶᠠᠭ ᠹᠷᠠᠨᠼᠢ ᠶᠢᠨ ᠨᠢᠰᠦᠭᠴᠢ ᠯ᠊᠂ ᠪᠯᠧᠷᠢᠸᠤ᠋ ᠶᠢᠨ ᠲᠠᠩ ᠲᠠᠯᠠᠪᠴᠢᠳᠤ ᠨᠢᠰᠬᠡᠯ ᠵᠢᠯᠤᠭᠤᠳᠤᠨ ᠠᠩᠭ᠍ᠯᠢ ᠎ ᠶᠢᠨ ᠬᠤᠭᠤᠯᠠᠢ ᠶᠢ ᠬᠡᠳᠦᠯᠦᠭᠰᠡᠨ ᠨᠢᠬᠡ ᠵᠢᠯ ᠤᠨ ᠤᠢ ᠶᠢ ᠲᠤᠷᠠᠰᠬᠠᠵᠤ ᠪᠠᠶᠢᠵᠠᠢ᠃ ᠪᠯᠧᠷᠢᠸᠤ᠋ ᠶᠢᠨ ᠨᠢᠰᠬᠡᠯ ᠠᠭᠠᠷ ᠎ ᠲᠤ ᠬᠠᠯᠢᠨ ᠨᠢᠰᠦᠭᠰᠡᠨ ᠶᠠᠪᠤᠳᠠᠯ ᠨᠢ ᠲᠤᠬᠠᠢ ᠶᠢᠨ ᠦᠶ᠎ᠡ ᠳᠤ ᠪᠦᠬᠦ ᠡᠸᠦ᠋ᠷᠤᠫᠠ ᠳ᠋ᠠᠬᠢᠨ ᠢ ᠲᠤᠩᠰᠤᠯᠭᠠᠵᠠᠢ᠃ ᠨᠡᠩ ᠴᠦ ᠠᠩᠭ᠍ᠯᠢ ᠶᠢᠨ ᠵᠠᠯᠠᠭᠤᠴᠤᠳ ᠴᠦᠮ ᠠᠭᠠᠷ ᠲᠤ ᠬᠠᠯᠢᠨ ᠨᠢᠰᠬᠦ ᠶᠢ ᠡᠳᠤᠷ ᠰᠦᠨᠢ ᠦᠭᠡᠢ ᠬᠦᠰᠡᠨ ᠮᠦᠷᠦᠬᠡᠳᠴᠤ ᠪᠠᠶᠢᠵᠠᠢ᠃ ᠪᠠ ᠢᠤᠢ ᠽᠤᠤ ᠴᠦ ᠬᠦᠬᠡ ᠠᠭᠠᠷ ᠲᠤ ᠨᠢᠰᠬᠦ ᠬᠦᠰᠡᠯᠡᠩ ᠢ ᠡᠪᠤᠷᠯᠡᠨ᠂ ᠢᠳᠡᠵᠤ ᠡᠮᠤᠰᠬᠦ ᠪᠠᠨ ᠭᠠᠮᠨᠠᠨ ᠨᠢᠰᠬᠡᠯ ᠤᠨ ᠲᠤᠬᠠᠢ ᠨᠤᠮ ᠮᠠᠲ᠋ᠧᠷᠢᠶᠡᠯ ᠴᠤᠭᠯᠠᠭᠤᠯᠤᠨ ᠰᠤᠳᠤᠯᠵᠤ ᠭᠠᠷᠴᠠᠢ᠃ 1912 ᠤᠨ ᠤ ᠵᠤᠨ ᠤ ᠠᠮᠠᠷᠠᠯᠳᠠ ᠳᠠᠭᠠᠨ ᠪᠠ ᠢᠤᠢ ᠽᠤᠤ ᠠᠷᠭ᠎ᠠ ᠪᠦᠬᠦᠨ ᠢ ᠰᠦᠪᠡᠭᠴᠢᠯᠡᠨ ᠠᠩᠭ᠍ᠯᠢ ᠶᠢᠨ ᠠᠯᠢᠪᠠ ᠭᠠᠵᠠᠷ ᠠᠴᠠ ᠨᠢᠰᠬᠡᠯ ᠎ ᠤᠨ ᠲᠤᠬᠠᠢ ᠴᠢᠮᠡᠭᠡ ᠰᠤᠷᠠᠭ ᠡᠷᠢᠪᠡ᠃ ᠡᠴᠤᠰ ᠲᠡᠭᠡᠨ ᠫᠤᠷᠲ᠋ᠧᠷ ᠬᠡᠭᠴᠢ ᠨᠢᠬᠡᠨ ᠨᠢᠰᠦᠭᠴᠢ ᠶᠢ ᠡᠷᠢᠨ ᠤᠯᠵᠤ ᠭᠤᠶᠤᠴᠢᠯᠠᠭᠰᠠᠭᠠᠷ ᠪᠠᠶᠢᠵᠤ ᠲᠡᠬᠦᠨ ᠤ ᠨᠢᠰᠬᠡᠯ ᠳᠤᠨᠢ ᠰᠠᠭᠤᠵᠤ ᠸᠢᠨᠳ᠋ᠮᠧᠷ ᠤᠨ ᠠᠭᠠᠷ ᠲᠡᠭᠡᠬᠦᠷ ᠨᠢᠬᠡᠨ ᠤᠳᠠᠭ᠎ᠠ ᠨᠢᠰᠦᠨ ᠡᠷᠬᠢᠵᠠᠢ᠃ ᠡᠬᠦᠨ ᠠᠴᠠ ᠡᠬᠢᠯᠡᠨ ᠪᠠ ᠢᠤᠢ ᠽᠤᠤ ᠨᠢᠬᠡᠮᠤᠰᠤᠨ ᠨᠢᠰᠬᠡᠯ ᠤᠨ ᠰᠤᠳᠤᠯᠤᠯ ᠳᠤ ᠰᠤᠭᠳᠤᠭᠤᠷᠠᠭᠰᠠᠨ ᠮᠡᠳᠤ ᠪᠤᠯᠵᠠᠢ᠃ ᠲᠡᠭᠡᠭᠡᠳ ᠲᠤᠮᠳᠠᠳᠤ ᠤᠯᠤᠰ ᠢᠶᠠᠨ ᠪᠡᠰᠡ ᠡᠷᠳᠡᠬᠡᠨ ᠨᠢᠰᠬᠡᠯ ᠲᠠᠢ ᠪᠤᠯᠭᠠᠶ᠎ᠠ᠂ ᠡᠸᠦ᠋ᠷᠦᠫᠠ ᠳ᠋ᠠᠬᠢᠨ ᠠᠴᠠ ᠪᠤᠤ ᠯᠡ ᠬᠤᠴᠤᠷᠤᠶ᠎ᠠ ᠬᠡᠰᠡᠨ ᠤᠷᠬᠢᠯᠤᠮ᠎ᠡ ᠬᠦᠰᠡᠯ ᠢ ᠡᠪᠤᠷᠯᠡᠯ᠎ᠡ᠃ ᠪᠠ ᠢᠤᠢ ᠽᠤᠤ ᠬᠡᠳᠤᠨ ᠬᠠᠮᠳᠤ ᠰᠤᠷᠤᠭᠴᠢ ᠲᠠᠢ ᠪᠠᠨ ᠨᠡᠷ᠎ᠡ ᠬᠤᠯᠪᠤᠨ ᠲᠤᠮᠳᠠᠳᠤ ᠤᠯᠤᠰ ᠤᠨ ᠵᠠᠰᠠᠭ ᠤᠨ ᠭᠠᠵᠠᠷ ᠲᠤ ᠵᠠᠬᠢᠳᠠᠯ ᠪᠢᠴᠢᠨ ᠬᠦᠰᠡᠯ ᠱᠠᠭᠠᠷᠳᠠᠯᠭ᠎ᠠ ᠪᠠᠨ ᠲᠤᠷᠠᠳᠴᠠᠢ᠃ 1914 ᠤᠨ ᠪᠤᠯᠬᠤ ᠳᠤ ᠡᠸᠦ᠋ᠷᠦᠫᠠ ᠳ᠋ᠠᠬᠢᠨ ᠤ ᠨᠢᠰᠬᠡᠯ ᠤᠨ ᠦᠢᠯᠡᠰ ᠠᠰᠤᠷᠤ ᠲᠦᠷᠬᠡᠨ ᠬᠦᠭᠵᠢᠵᠤ᠂ ᠪᠠ ᠢᠤᠢ ᠽᠤᠤ ᠶᠢᠨ ︽ᠲᠤᠮᠳᠠᠳᠤ ᠤᠯᠤᠰ ᠢᠶᠠᠨ ᠨᠢᠰᠬᠡᠯ ᠲᠠᠢ ᠪᠤᠯᠭᠠᠬᠤ ︾ ᠬᠦᠰᠡᠯ ᠨᠢ ᠴᠤ ᠤᠯᠠᠮ ᠡᠷᠴᠢᠯᠡᠪᠡ᠃ ᠬᠦᠰᠡᠯ ᠬᠦᠮᠦᠨ ᠢ ᠭᠤᠮᠤᠳᠠᠭᠠᠳᠠᠭ ᠦᠭᠡᠢ ᠪᠠᠶᠢᠵᠠᠢ᠃       1915 ᠤᠨ ᠤ ᠬᠠᠪᠤᠷ ᠪᠠ ᠢᠤᠢ ᠽᠤᠤ ᠠᠮᠧᠷᠢᠺᠡ ᠶᠢᠨ ᠮᠠᠰᠠᠴᠦ᠋ᠰᠧᠼ ᠵᠸᠤ ᠶᠢᠨ ᠠᠵᠤ ᠦᠢᠯᠡᠳᠪᠤᠷᠢ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠡᠭᠡᠳᠤ ᠰᠤᠷᠭᠠᠭᠤᠯᠢ ᠶᠢᠨ ᠨᠢᠰᠬᠡᠯ ᠰᠤᠳᠤᠯᠤᠨ ᠦᠢᠯᠡᠳᠬᠦ ᠬᠦᠷᠢᠶᠡᠯᠡᠩ ᠳᠤ ᠢᠷᠠᠭᠤ ᠠᠯᠳᠠᠷᠳᠠᠢ ᠪᠠᠷ ᠰᠤᠳᠤᠯᠬᠤ ᠰᠤᠷᠤᠭᠴᠢ ᠰᠢᠯᠭᠠᠨ ᠤᠷᠤᠪᠠ᠃ ᠡᠨᠡ ᠨᠢ ᠲᠤᠰ ᠬᠦᠷᠢᠶᠡᠯᠡᠩ ᠤᠨ ᠬᠤᠶᠠᠳᠤᠭᠠᠷ ᠬᠤᠭᠤᠴᠠᠭᠠᠨ ᠤ ᠰᠤᠳᠤᠯᠬᠤ ᠰᠤᠷᠤᠭᠴᠢᠳ ᠪᠤᠯᠤᠨ᠎ᠡ᠃ ᠲᠤᠰ ᠬᠤᠭᠤᠴᠠᠭᠠᠨ ᠳᠤ ᠪᠦᠬᠦ ᠠᠮᠧᠷᠢᠺᠠ ᠠᠴᠠ ᠰᠠᠶ᠋ᠢ ᠵᠢᠷᠭᠤᠭᠠᠨ ᠰᠤᠷᠤᠭᠴᠢ ᠡᠯᠰᠡᠭᠰᠡᠨ ᠪᠠᠶᠢᠪᠠ᠃ ᠪᠠ ᠢᠤᠢ ᠽᠤᠤ ᠬᠢᠴᠢᠶᠡᠯ ᠰᠤᠷᠤᠯᠭ᠎ᠠ᠂ ᠡᠷᠳᠡᠮ ᠰᠢᠨᠵᠢᠯᠡᠬᠡᠨ ᠤ ᠲᠠᠯ᠎ᠠ ᠪᠠᠷ ᠢᠶᠠᠨ ᠡᠨᠡ ᠵᠢᠷᠭᠤᠭᠠᠨ ᠰᠤᠳᠤᠯᠬᠤ ᠰᠤᠷᠤᠭᠴᠢ ᠲᠤᠳᠤᠷ᠎ᠠ ᠦᠵᠦᠬᠦᠷᠯᠡᠵᠤ ᠪᠠᠶᠢᠯ᠎ᠠ᠃ 1916 ᠤᠨ ᠳᠤ ᠪᠠ ᠢᠤᠢ ᠽᠤᠤ ᠰᠤᠳᠤᠯᠬᠤ ᠰᠤᠷᠤᠭᠴᠢ ᠶᠢᠨ ᠪᠦᠬᠦ ᠬᠢᠴᠢᠶᠡᠯ ᠢᠶᠠᠨ ᠴᠦᠮ ᠢ ᠤᠷᠢᠳᠴᠢᠯᠡᠨ ᠰᠤᠷᠴᠤ ᠰᠢᠯᠢᠳᠡᠭ ᠳ᠋ᠦᠩ ᠢᠶᠠᠨ ᠠᠭᠠᠷ ᠤᠨ ᠠᠶᠠᠯᠠᠯ ᠤᠨ ᠲᠠᠳ᠋ ᠡᠷᠳᠡᠮᠳᠡᠨ ᠤ ᠴᠤᠯᠠ ᠬᠠᠮᠠᠭᠠᠯᠠᠪᠠ᠃ ᠮᠦᠨ ᠵᠢᠯ ᠳᠡᠭᠡᠨ ᠠᠮᠧᠷᠢᠺᠡ ᠤᠯᠤᠰ ᠤᠨ ᠠᠦ᠋ᠲ᠋ᠤ᠋ ᠮᠠᠰᠢᠨ ᠤ ᠢᠨᠵᠧᠨᠧᠷ ᠤᠨ ᠬᠡᠰᠢᠬᠦᠨ ᠢᠶᠠᠷ ᠡᠯᠰᠡᠭᠳᠡᠪᠡ᠃ ᠲᠤᠬᠠᠢ ᠶᠢᠨ ᠦᠶ᠎ᠡ ᠳᠤ ᠠᠮᠧᠷᠢᠺᠠᠴᠤᠳ ᠲᠤᠷᠤᠨᠠᠳᠠᠬᠢᠨ ᠤ ᠰᠡᠬᠡᠬᠡᠳᠡᠨ ᠢ ᠲᠤᠩ ᠬᠦᠩᠬᠡᠪᠴᠢᠯᠡᠨ ᠦᠵᠡᠳᠡᠭ ᠪᠠᠶᠢᠭᠰᠠᠨ ᠴᠦ ᠬᠡᠰᠢᠭᠳᠡᠨ ᠤᠳᠤᠮᠳᠤ ᠪᠤᠷᠵᠢᠬᠢᠨ ᠶᠠᠰᠤᠳᠠᠨ ᠪᠠ ᠢᠤᠢ ᠽᠤᠤ ᠶᠢ ᠬᠠᠷᠢᠨ ᠠᠯᠢ ᠨᠢ ᠴᠤ ᠬᠡᠰᠡᠨ ᠲᠤᠩ ᠦᠨᠳᠤᠷ ᠦᠨᠡᠯᠡᠨ ᠰᠠᠶᠢᠰᠢᠶᠠᠵᠤ ᠪᠠᠶᠢᠵᠠᠢ᠃ ᠲᠠᠷᠡ ᠦᠶ᠎ᠡ ᠳᠤ ᠠᠮᠧᠷᠢᠺᠡ ᠳ᠋ᠠᠬᠢᠨ ᠳᠤ ᠴᠦ ᠨᠢᠰᠬᠡᠯ ᠤᠨ ᠮᠡᠷᠬᠡᠵᠢᠯᠳᠠᠨ ᠲᠤᠩ ᠬᠤᠪᠤᠷ ᠪᠠᠶᠢᠭᠰᠠᠨ ᠪᠤᠯᠬᠤᠷ ᠪᠠ ᠢᠤᠢ ᠽᠤᠤ ᠶᠢ ᠠᠮᠧᠷᠢᠺᠡ ᠶᠢᠨ ᠨᠢᠰᠬᠡᠯ ᠤᠨ ᠺᠤᠮᠫᠠᠨᠢ ᠎ ᠨᠤᠭᠤᠳ ᠪᠤᠯᠢᠶᠠᠯᠳᠤᠨ ᠤᠷᠢᠵᠤ ᠪᠠᠶᠢᠪᠠ᠃ ᠪᠠ ᠢᠤᠢ ᠽᠤᠤ ᠠᠮᠧᠷᠢᠺᠡ ᠶᠢᠨ ᠵᠠᠨᠦ᠋ᠸ᠋ᠷᠤ᠋ ᠨᠡᠷᠡᠮᠵᠢᠳᠤ ᠨᠢᠰᠬᠡᠯ ᠤᠨ ᠦᠢᠯᠡᠳᠪᠤᠷᠢ ᠳᠤ ᠶᠡᠷᠦᠩᠬᠡᠢ ᠢᠨᠵᠧᠨᠧᠷ ᠢᠶᠠᠷ ᠤᠷᠢᠭᠳᠠᠨ ᠠᠵᠢᠯᠯᠠᠪᠠ᠃ ᠪᠠ ᠢᠤᠢ ᠽᠤᠤ ᠶᠢᠨ ᠵᠢᠷᠤᠵᠤ ᠲᠦᠯᠦᠪᠯᠡᠨ ᠪᠦᠳᠦᠬᠡᠭᠰᠡᠨ ᠨᠢᠰᠬᠡᠯ ᠨᠢ ᠲᠤᠬᠠᠢ ᠶᠢᠨ ᠦᠶ᠎ᠡ ᠳᠤ ᠠᠮᠧᠷᠢᠺᠠ ᠪᠠᠷ ᠦᠯᠦ ᠪᠠᠷᠠᠮ ᠡᠸᠦ᠋ᠷᠦᠫᠠ ᠳ᠋ᠠᠬᠢᠨ ᠤ ᠠᠩᠬᠠᠷᠤᠯ ᠢ ᠬᠦᠴᠦᠳᠠᠢ ᠲᠠᠳᠠᠪᠠ᠃ ᠲᠡᠳᠡ ᠴᠦᠮ ᠪᠠ ᠢᠤᠢ ᠽᠤᠤ ᠶᠢ ᠦᠨᠳᠤᠷ ᠴᠠᠯᠢᠩ ᠦᠯᠡᠮᠵᠢ ᠹᠦᠩᠯᠤ ᠪᠠᠷ ᠤᠯᠤᠰ ᠲᠠᠭᠠᠨ ᠤᠷᠢᠵᠤ ᠪᠠᠶᠢᠪᠠ᠃ ᠬᠡᠪᠡᠴᠤ ᠤᠯᠤᠰ ᠦᠨᠳᠤᠰᠤᠳᠠᠨ ᠳᠡᠭᠡᠨ ᠬᠦᠴᠦ ᠡᠷᠬᠦᠬᠦ᠂ ᠨᠤᠳᠤᠭ ᠤᠰᠤ ᠡᠴᠢᠬᠡ ᠡᠬᠡ ᠠᠬ᠎ᠠ ᠲᠠᠬᠦᠦ ᠰᠠᠳᠤᠨ ᠤ ᠪᠠᠨ ᠠᠴᠢ ᠶᠢ ᠬᠠᠷᠢᠭᠤᠯᠬᠤ ᠶᠢ ᠪᠤᠳᠤᠬᠤ ᠨᠢ ᠪᠠ ᠢᠤᠢ ᠽᠤᠤ ᠳᠤ ᠶᠠᠭᠤᠨ ᠎ ᠠᠴᠠ ᠴᠦ ᠡᠷᠬᠢᠮ᠂ ᠶᠠᠭᠤᠨ ᠠᠴᠠ ᠴᠦ ᠦᠨᠡᠳᠠᠢ ᠰᠠᠨᠠᠭᠳᠠᠵᠤ ᠪᠠᠶᠢᠯ᠎ᠡ᠃ ︽ᠮᠠᠭᠤ ᠪᠤᠯᠪᠠᠴᠤ ᠡᠵᠢ ᠮᠢᠨᠢ᠂ ᠮᠠᠶᠢᠵᠢᠬᠢ ᠪᠤᠯᠪᠠᠴᠤ ᠬᠡᠷ ᠮᠢᠨᠢ︾ ᠬᠡᠳᠡᠭ ᠮᠤᠩᠭᠤᠯ ᠠᠷᠠᠳ ᠤᠨ ᠰᠡᠴᠡᠨ ᠦᠭᠡ ᠪᠡ ᠢᠤᠢ ᠽᠤᠤ ᠶᠢᠨ ᠰᠡᠳᠬᠢᠯ ᠵᠢᠷᠦᠬᠡ ᠶᠢ ᠨᠢ ᠪᠠᠶᠢᠨ ᠪᠠᠶᠢᠨ ᠰᠢᠮᠰᠢᠷᠡᠬᠦᠯᠦᠨ ᠤᠯᠤᠰ ᠲᠠᠭᠠᠨ ᠪᠤᠴᠠᠨ ᠬᠠᠷᠢᠬᠤ ᠰᠡᠳᠬᠢᠯᠬᠡ ᠶᠢ ᠨᠢ ᠨᠡᠩ ᠬᠦᠪᠴᠢᠯᠡᠪᠡ᠃       ᠪᠠ ᠢᠤᠢ ᠽᠤᠤ 1917 ᠤᠨ ᠤ 11 ᠰᠠᠷ᠎ᠠ ᠳᠤ ᠪᠡᠬᠡᠵᠢᠩ ᠳᠤ ᠪᠤᠴᠠᠨ ᠢᠷᠡᠯ᠎ᠡ᠃ ᠲᠡᠷᠡ ᠦᠪᠡᠷ ᠤᠨ ᠲᠦᠷᠦᠯ ᠰᠠᠳᠤᠨ ᠲᠠᠢ ᠪᠠᠨ ᠠᠭᠤᠯᠵᠠᠬᠤ ᠠᠴᠠ ᠤᠷᠢᠳ ᠪᠡᠬᠡᠵᠢᠩ ᠤᠨ ᠵᠠᠰᠠᠭ ᠤᠨ ᠭᠠᠵᠠᠷ ᠲᠤ ᠨᠢᠰᠬᠡᠯ ᠤᠨ ᠦᠢᠯᠡᠳᠪᠤᠷᠢ ᠪᠠᠶᠢᠭᠤᠯᠬᠤ ᠡᠷᠬᠦᠳᠡᠯ ᠢᠶᠠᠨ ᠲᠤᠰᠢᠶᠠᠪᠠ᠃ ᠲᠠᠯᠠᠢ ᠶᠢᠨ ᠴᠡᠷᠢᠭ ᠢ ᠵᠠᠬᠢᠷᠤᠭᠴᠢ ᠰᠠᠶᠢᠳ ᠯᠢᠦ ᠭᠤᠸᠠᠨ ᠰᠢᠶᠦ᠋ᠩ ᠡᠨᠡᠬᠦ ᠡᠷᠬᠦᠳᠡᠯ ᠢ ᠨᠢ ᠬᠦᠨᠳᠤᠳᠬᠡᠨ ᠦᠵᠡᠵᠤ᠂ ᠹᠦᠵᠸᠤ ᠶᠢᠨ ᠮᠠᠸᠧᠢ ᠳᠤ ᠨᠢᠰᠬᠡᠯ ᠤᠨ ᠦᠢᠯᠡᠳᠪᠤᠷᠢ ᠪᠠᠶᠢᠭᠤᠯᠬᠤ ᠪᠠᠷ ᠪᠤᠯᠵᠤ᠂ ᠲᠡᠪᠤᠨ ᠲᠦᠮᠡᠨ ᠮᠦᠩᠬᠦᠨ ᠵᠤᠭᠤᠰ ᠭᠠᠷᠭᠠᠭᠰᠠᠨ ᠪᠦᠬᠡᠳ ᠪᠠ ᠢᠤᠢ ᠽᠤᠤ ᠶᠢ ᠦᠢᠯᠡᠳᠪᠤᠷᠢ ᠶᠢᠨ ᠶᠡᠷᠦᠩᠬᠡᠢ ᠬᠠᠷᠢᠭᠤᠴᠠᠯᠭᠠᠳᠠᠨ ᠢᠶᠠᠷ ᠲᠤᠮᠢᠯᠠᠪᠠ᠃ ᠡᠳᠦᠶᠢᠬᠡᠨ ᠮᠦᠩᠬᠦᠨ ᠵᠤᠭᠤᠰ ᠢᠶᠠᠷ ᠡᠶᠢᠮᠤ ᠶᠡᠭᠡ ᠦᠢᠯᠡᠳᠪᠤᠷᠢ ᠶᠢ ᠪᠠᠶᠢᠭᠤᠯᠬᠤ ᠬᠡᠭᠴᠢ ᠬᠡᠯᠡᠯᠬᠡᠨ ᠦᠭᠡᠢ ᠲᠤᠩ ᠬᠦᠴᠢᠷ ᠶᠤᠮ᠃ ᠪᠠ ᠢᠤᠢ ᠽᠤᠤ ᠤᠯᠤᠰ ᠦᠨᠳᠤᠰᠤᠳᠠᠨ ᠳᠡᠭᠡᠨ ᠦᠢᠯᠡᠴᠢᠯᠡᠬᠦ ᠬᠡᠰᠡᠨ ᠭᠠᠭᠴᠨ ᠰᠡᠳᠬᠢᠯ ᠢ ᠡᠪᠦᠷᠯᠡᠨ ᠴᠢᠷᠮᠠᠶᠢᠭᠰᠠᠨ ᠢᠶᠠᠷ ᠬᠤᠯᠪᠤᠭᠳᠠᠯ ᠪᠦᠬᠦᠢ ᠬᠦᠮᠦᠰ ᠤᠨ ᠲᠡᠮᠵᠢᠯᠬᠡ ᠲᠤᠤᠷ᠎ᠠ 1918 ᠤᠨ ᠳᠤ ᠨᠢᠰᠬᠡᠯ ᠤᠨ ᠦᠢᠯᠡᠳᠪᠤᠷᠢ ᠵᠢᠩᠬᠢᠨᠢ ᠪᠠᠷ ᠪᠠᠶᠢᠭᠤᠯᠤᠭᠳᠠᠯ᠎ᠠ᠃ ᠰᠡᠬᠦᠯᠡᠷ ᠨᠢ ᠲᠤᠰ ᠦᠢᠯᠡᠳᠪᠤᠷᠢ ᠶᠢ ︽ᠲᠠᠯᠠᠢ ᠶᠢᠨ ᠴᠡᠷᠢᠭ ᠤᠨ ᠨᠢᠰᠬᠡᠯ ᠦᠢᠯᠡᠳᠬᠦ ᠭᠠᠵᠠᠷ︾ ᠬᠡᠵᠤ ᠨᠡᠷᠡᠯᠡᠪᠡ᠃ ᠡᠨᠡ ᠪᠤᠯ ᠲᠤᠮᠳᠠᠳᠤ ᠤᠯᠤᠰ ᠤᠨ ᠬᠠᠮᠤᠭ ᠠᠩᠬᠠᠨ ᠤ ᠨᠢᠰᠬᠡᠯ ᠤᠨ ᠦᠢᠯᠡᠳᠪᠤᠷᠢ ᠪᠤᠯᠤᠨ᠎ᠡ᠃       ᠡᠳ᠋ ᠮᠦᠩᠬᠦ ᠬᠤᠮᠰᠠ ᠪᠤᠯᠬᠤᠷ ᠪᠢ ᠢᠤᠢ ᠽᠤᠤ ᠨᠢᠰᠬᠡᠯ ᠤᠨ ᠤᠨᠴᠠᠭᠠᠢ ᠮᠠᠲ᠋ᠧᠷᠢᠶᠡᠯ ᠪᠤᠯᠤᠳ᠂ ᠬᠦᠩᠬᠡᠨ ᠴᠠᠭᠠᠨ ᠵᠡᠷᠬᠡ ᠶᠢ ᠯᠡ ᠭᠠᠳᠠᠭᠠᠳᠤ ᠠᠴᠠ ᠤᠷᠤᠭᠤᠯᠵᠤ᠂ ᠪᠤᠰᠤᠳ ᠬᠡᠷᠡᠭᠴᠡᠭᠡ ᠪᠦᠬᠦᠢ ᠮᠠᠲ᠋ᠧᠷᠢᠶᠡᠯ ᠢ ᠪᠦᠷ ᠦᠪᠡᠷᠳᠡᠬᠡᠨ ᠴᠤᠭᠯᠠᠭᠤᠯᠤᠨ ᠰᠢᠢᠳᠪᠤᠷᠢᠯᠡᠪᠡ᠃ ᠪᠠ ᠢᠤᠢ ᠽᠤᠤ ᠤᠯᠠᠨ ᠭᠠᠵᠠᠷ ᠢᠶᠠᠷ ᠶᠠᠪᠤᠵᠤ ᠴᠦᠬᠦᠷᠡᠰᠢ ᠦᠭᠡᠢ ᠪᠠᠶᠢᠴᠠᠭᠠᠨ ᠲᠤᠷᠰᠢᠵᠤ ᠦᠵᠡᠬᠡᠳ ᠴᠦᠬᠦᠷᠡᠰᠤ᠂ ᠲᠠᠤᠯᠠᠢ ᠶᠢᠨ ᠪᠦᠬᠡᠷ᠎ᠡ ᠶᠢᠨ ᠮᠤᠳᠤ᠂ ᠵᠢᠭᠠᠷᠳᠤ ᠮᠤᠳᠤ᠂ ᠠᠯᠢᠮ᠎ᠡ ᠶᠢᠨ ᠮᠤᠳᠤ ᠵᠡᠷᠬᠡ ᠶᠢ ᠨᠢᠰᠬᠡᠯ ᠳᠤ ᠬᠡᠷᠡᠭᠯᠡᠵᠤ ᠪᠤᠯᠬᠤ ᠶᠢ ᠤᠶᠢᠯᠭᠠᠨ ᠮᠡᠳᠡᠪᠡ᠃ ᠲᠡᠭᠡᠭᠡᠳ ᠲᠡᠷᠡ ᠨᠦᠬᠦᠳ ᠲᠠᠢ ᠪᠠᠨ ᠬᠠᠮᠳᠤ ᠴᠦᠬᠦᠷᠰᠤ ᠪᠠᠷ ᠨᠢᠰᠬᠡᠯ ᠤᠨ ᠪᠡᠶ᠎ᠡ᠂ ᠲᠠᠯᠠᠪᠴᠢ᠂ ᠰᠡᠬᠦᠯ᠂ ᠰᠠᠷᠬᠢᠷᠠᠤᠯ ᠬᠢᠵᠤ᠂ ᠲᠠᠤᠯᠠᠢ ᠶᠢᠨ ᠪᠦᠬᠡᠷ᠎ᠡ ᠶᠢᠨ ᠮᠤᠳᠤ ᠪᠠᠷ ᠨᠢᠰᠬᠡᠯ ᠤᠨ ᠰᠠᠷᠬᠢᠷᠠᠤᠯ ᠬᠡᠯᠬᠢᠶᠡᠰᠤ ᠶᠢᠨ ᠲᠤᠨᠤᠭ ᠢ ᠬᠢᠵᠤ᠂ ᠵᠢᠭᠠᠷᠳᠤ ᠮᠤᠳᠤ᠂ ᠴᠠᠭᠠᠨ ᠠᠯᠢᠮ᠎ᠠ ᠶᠢᠨ ᠮᠤᠳᠤ ᠪᠠᠷ ᠨᠢᠰᠬᠡᠯ ᠤᠨ ᠬᠤᠯᠪᠤᠭᠠᠰᠤ ᠲᠤᠨᠤᠭ ᠬᠢᠪᠡ᠃ ᠡᠳᠡᠬᠡᠷ ᠮᠠᠲ᠋ᠧᠷᠢᠶᠡᠯ ᠢ ᠬᠡᠷᠡᠭᠯᠡᠬᠦ ᠶᠢᠨ ᠲᠦᠯᠦᠬᠡ ᠪᠠ ᠢᠤᠢ ᠽᠤᠤ ᠬᠡᠳᠤᠨ ᠠᠷᠪᠠᠨ ᠤᠳᠠᠭᠠᠨ ᠤ ᠬᠠᠳᠠᠭᠤ ᠴᠢᠩᠭ᠎ᠠ ᠲᠤᠷᠰᠢᠯᠳᠠ ᠬᠢᠭᠰᠡᠨ ᠪᠠᠶᠢᠨ᠎ᠠ᠃       1919 ᠤᠨ ᠤ 8 ᠳ᠋ᠤᠭᠠᠷ ᠰᠠᠷ᠎ᠠ ᠳᠤ ᠪᠠ ᠢᠤᠢ ᠽᠤᠤ ᠶᠢᠨ ᠴᠦᠬᠦᠷᠡᠰᠢ ᠦᠭᠡᠢ ᠵᠢᠳᠬᠦᠯ ᠎ ᠤᠨ ᠳ᠋ᠦᠩ ᠳᠤ ᠲᠤᠮᠳᠠᠳᠤ ᠤᠯᠤᠰ ᠤᠨ ᠤᠤᠭᠠᠨ ᠨᠢᠰᠬᠡᠯ — ᠹᠦᠵᠢᠶᠡᠨ ᠮᠤᠵᠢ ᠶᠢᠨ ᠮᠠᠸᠧᠢ ᠳᠠᠬᠢ ᠲᠠᠯᠠᠢ ᠶᠢᠨ ᠴᠡᠷᠢᠭ ᠤᠨ ᠨᠢᠰᠬᠡᠯ ᠤᠨ ᠭᠠᠵᠠᠷ ᠮᠡᠨᠳᠤᠯᠡᠯ᠎ᠡ᠃ ᠲᠤᠮᠳᠠᠳᠤ ᠤᠯᠤᠰ ᠪᠠᠰᠠ ᠨᠢᠰᠬᠡᠯ ᠬᠢᠬᠦ ᠪᠤᠯᠤᠭᠰᠠᠨ ᠬᠡᠵᠤ ᠲᠡᠯᠡᠬᠡᠢ ᠳ᠋ᠠᠬᠢᠨ ᠳᠤ ᠰᠦᠷ ᠵᠢᠪᠬᠤᠯᠠᠩ ᠲᠠᠢ ᠲᠤᠩᠬᠠᠭᠯᠠᠪᠠ᠃ ᠪᠠ ᠢᠤᠢ ᠽᠤᠤ A᠂ B᠂ C᠂ D᠂ E᠂ F ᠵᠡᠷᠬᠡ ᠵᠢᠷᠭᠤᠭᠠᠨ ᠬᠡᠯᠪᠡᠷᠢ ᠶᠢᠨ ᠨᠢᠰᠬᠡᠯ ᠲᠦᠯᠦᠪᠯᠡᠨ ᠭᠠᠷᠭᠠᠭᠰᠠᠨ ᠶᠤᠮ᠃ ᠬᠠᠮᠤᠭ ᠠᠩᠬᠠᠨ ᠤ A ᠬᠡᠯᠪᠡᠷᠢ ᠶᠢᠨ ᠨᠢᠰᠬᠡᠯ ᠎ ᠨᠢ ᠰᠤᠷᠭᠠᠭᠤᠯᠢᠯ ᠳᠤ ᠬᠡᠷᠡᠭᠯᠡᠬᠦ ᠨᠢᠰᠬᠡᠯ ᠪᠤᠯᠤᠨ᠎ᠡ᠃ ᠴᠠᠭ ᠪᠦᠷᠢ 120 ᠺᠢᠯᠤᠮᠧᠲᠷ ᠤᠨ ᠬᠤᠷᠳᠤᠴᠠ ᠲᠠᠢ᠃ ᠬᠠᠮᠤᠭ ᠬᠤᠯᠠ ᠳᠠᠭᠠᠨ 56 ᠺᠢᠯᠤᠮᠧᠲᠷ ᠨᠢᠰᠳᠡᠭ ᠪᠠᠶᠢᠪᠠ᠃ ᠡᠨᠡ ᠨᠢᠰᠬᠡᠯ ᠨᠢ ᠲᠤᠬᠠᠢ ᠶᠢᠨ ᠦᠶ᠎ᠡ ᠳᠤ ᠠᠮᠤᠷ ᠲᠦᠪᠰᠢᠨ ᠤ ᠪᠠᠳᠤᠯᠠᠭ᠎ᠠ ᠶᠢᠨ ᠲᠠᠯ᠎ᠠ ᠪᠠᠷ ᠨᠢᠬᠡᠨᠳᠠ ᠲᠡᠯᠡᠬᠡᠢ ᠶᠢᠨ ᠲᠡᠷᠢᠬᠦᠨ ᠤ ᠬᠡᠮᠵᠢᠶᠡᠨ ᠳᠤ ᠬᠦᠷᠦᠭᠰᠡᠨ ᠪᠠᠶᠢᠪᠠ᠃ B ᠬᠡᠯᠪᠡᠷᠢ ᠶᠢᠨ ᠨᠢᠰᠬᠡᠯ ᠨᠢ ᠴᠦ ᠦᠨᠳᠤᠰᠤᠨ ᠳᠡᠭᠡᠨ ᠠᠳᠠᠯᠢᠬᠠᠨ ᠪᠠᠶᠢᠯ᠎ᠠ᠃ C ᠬᠡᠯᠪᠡᠷᠢ ᠶᠢᠨ ᠨᠢᠰᠬᠡᠯ ᠨᠢ ᠬᠤᠤᠰ ᠲᠠᠯᠠᠪᠴᠢ ᠲᠠᠢ ᠴᠡᠷᠢᠭ ᠤᠨ ᠨᠢᠰᠬᠡᠯ ᠪᠤᠯᠤᠨ᠎ᠡ᠃       ᠪᠠ ᠢᠤᠢ ᠽᠤᠤ ᠡᠨᠡ ᠮᠡᠳᠤ ᠪᠠᠷ D᠂ E᠂ F ᠮᠠᠶ᠋ᠢᠭ ᠤᠨ ᠨᠢᠰᠬᠡᠯ ᠨᠢ ᠴᠦ ᠠᠷᠤ ᠠᠷᠤ ᠎ ᠠᠴᠠ ᠨᠢ ᠰᠢᠨᠡᠳᠬᠡᠨ ᠦᠢᠯᠡᠳᠪᠤᠷᠢᠯᠡᠪᠡ᠃ ᠡᠳᠡᠬᠡᠷ ᠨᠢᠰᠬᠡᠯ ᠨᠢ ᠲᠤᠬᠠᠢ ᠶᠢᠨ ᠦᠶ᠎ᠡ ᠳᠤ ᠠᠮᠧᠷᠢᠺᠠ ᠠᠩᠭ᠍ᠯᠢ ᠶᠢᠨ ᠦᠢᠯᠡᠳᠪᠦᠷᠢᠯᠡᠭᠰᠡᠨ ᠨᠢᠰᠬᠡᠯ ᠲᠠᠢ ᠲᠠᠩ ᠰᠠᠴᠠᠭᠤ ᠪᠠᠶᠢᠵᠠᠢ᠃ ᠡᠨᠡ ᠮᠡᠳᠤ ᠪᠠᠷ ᠪᠠ ᠢᠤᠢ ᠽᠤᠤ ᠵᠢᠷᠤᠭ ᠲᠦᠯᠦᠪᠯᠡᠭᠡ ᠭᠠᠷᠭᠠᠵᠤ ᠵᠠᠰᠠᠭ ᠤᠨ ᠭᠠᠵᠠᠷ ᠲᠤ ᠮᠡᠳᠡᠬᠦᠯᠪᠡ᠃ ᠵᠠᠰᠠᠭ ᠤᠨ ᠭᠠᠵᠠᠷ ᠠᠴᠠ ᠬᠡᠳᠦᠶᠢᠪᠡᠷ ᠵᠦᠪᠰᠢᠶᠡᠷᠡᠨ ᠰᠠᠶᠢᠰᠢᠶᠠᠭᠰᠠᠨ ᠪᠤᠯᠪᠠᠴᠤ ᠤᠯᠤᠰ ᠤᠨ ᠬᠦᠮᠦᠷᠬᠡ ᠨᠢ ᠬᠤᠭᠤᠰᠤᠨ ᠪᠤᠯᠤᠭᠰᠠᠨ ᠪᠤᠯᠬᠤᠷ ᠵᠠᠷᠤᠳᠠᠯ ᠮᠦᠩᠬᠦ ᠦᠭᠡᠢ ᠪᠠᠶᠢᠭᠰᠠᠭᠠᠷ ᠴᠦᠮ ᠠᠭᠠᠵᠢᠮ ᠢᠶᠠᠷ ᠬᠦᠬᠡᠰᠤ ᠪᠤᠯᠤᠨ ᠵᠠᠮᠬᠠᠷᠠᠵᠠᠢ᠃       ᠪᠠ ᠢᠤᠢ ᠽᠤᠤ ᠵᠤᠭᠤᠰ ᠮᠦᠩᠬᠦ ᠦᠭᠡᠢ ᠪᠠᠶᠢᠳᠠᠯ ᠲᠤᠤᠷ᠎ᠠ ᠴᠦ ᠵᠤᠷᠢᠭ ᠮᠤᠬᠤᠭᠰᠠᠨ ᠦᠭᠡᠢ ᠂ ᠨᠢᠰᠬᠡᠯ ᠦᠢᠯᠡᠳᠴᠤ ᠴᠢᠳᠠᠬᠤ ᠦᠭᠡᠢ ᠪᠠᠶᠢᠭᠰᠠᠨ ᠪᠠᠶᠢᠳᠠᠯ ᠲᠤᠤᠷ᠎ᠠ ᠰᠤᠷᠭᠠᠭᠤᠯᠢ ᠡᠷᠬᠢᠯᠡᠨ ᠦᠪᠡᠷ ᠢᠶᠠᠨ ᠪᠠᠭᠰᠢᠯᠡᠪᠡ᠃ ᠪᠠ ᠢᠤᠢ ᠽᠤᠤ ᠲᠤᠰ ᠦᠢᠯᠡᠳᠪᠤᠷᠢ ᠳᠡᠭᠡᠨ ᠨᠢᠰᠬᠡᠯ ᠦᠢᠯᠡᠳᠬᠦ ᠮᠠᠷᠬᠡᠵᠢᠯ ᠤᠨ ᠠᠩᠬᠢ ᠡᠷᠬᠢᠯᠡᠨ ᠦᠪᠡᠷ ᠢᠶᠠᠨ ᠨᠢᠰᠬᠡᠯ ᠦᠢᠯᠡᠳᠬᠦ ᠤᠬᠠᠭᠠᠨ᠂ ᠨᠢᠰᠬᠡᠯ ᠤᠨ ᠬᠦᠳᠡᠯᠬᠡᠬᠦ ᠬᠦᠴᠦᠨ ᠤ ᠤᠬᠠᠭᠠᠨ᠂ ᠨᠢᠰᠬᠡᠯ ᠤᠨ ᠲᠧᠭᠨᠢᠭ ᠤᠨ ᠰᠤᠳᠤᠯᠤᠯ᠂ ᠨᠢᠰᠬᠡᠯ ᠤᠨ ᠨᠢᠰᠤᠴᠠ ᠶᠢ ᠪᠤᠳᠤᠬᠤ ᠠᠷᠭ᠎ᠠ ᠁ ᠵᠡᠷᠬᠡ ᠠᠷᠪᠠᠨ ᠵᠦᠢᠯ ᠤᠨ ᠬᠢᠴᠢᠶᠡᠯ ᠵᠢᠭᠠᠪᠠ᠃ ᠲᠤᠬᠠᠢ ᠶᠢᠨ ᠦᠶ᠎ᠡ ᠳᠤ ᠲᠤᠮᠳᠠᠳᠤ ᠤᠯᠤᠰ ᠲᠤ ᠨᠢᠰᠬᠡᠯ ᠤᠨ ᠲᠤᠬᠠᠢ ᠮᠠᠲ᠋ᠧᠷᠢᠶᠡᠯ ᠬᠤᠪᠤᠷ ᠪᠠᠶᠢᠭᠰᠠᠨ ᠪᠤᠯᠬᠤᠷ ᠡᠳᠡᠬᠡᠷ ᠬᠢᠴᠢᠶᠡᠯ ᠤᠨ ᠮᠠᠲ᠋ᠧᠷᠢᠶᠡᠯ ᠤᠳ ᠢ ᠪᠠ ᠢᠤᠢ ᠽᠤᠤ ᠴᠦᠮ ᠦᠪᠡᠷᠳᠡᠬᠡᠨ ᠨᠠᠶᠢᠷᠠᠭᠤᠯᠵᠤ ᠪᠢᠴᠢᠭᠰᠡᠨ ᠶᠤᠮ᠃ ᠡᠨᠡ ᠪᠤᠯ ᠮᠦᠨ ᠴᠦ ᠲᠤᠮᠳᠠᠳᠤ ᠤᠯᠤᠰ ᠤᠨ ᠲᠡᠤᠬᠡᠨ ᠲᠡᠭᠡᠷᠡᠬᠢ ᠬᠠᠮᠤᠭ ᠤᠨ ᠤᠤᠭᠠᠨ ᠨᠢᠰᠬᠡᠯ ᠤᠨ ᠰᠤᠷᠭᠠᠭᠤᠯᠢ ᠪᠤᠯᠤᠨ᠎ᠡ᠃ ᠲᠤᠬᠠᠢ ᠶᠢᠨ ᠦᠶ᠎ᠡ ᠳᠤ ᠲᠤᠰ ᠰᠤᠷᠭᠠᠭᠤᠯᠢ ᠳᠤ ᠰᠤᠷᠤᠯᠴᠠᠭᠰᠠᠨ ᠠᠷᠪᠠᠨ ᠲᠤᠯᠤᠭᠠᠨ ᠰᠤᠷᠤᠭᠴᠢᠳ ᠤᠨ ᠤᠯᠠᠩᠬᠢ ᠨᠢ ᠬᠤᠵᠢᠮ ᠳᠠᠭᠠᠨ ᠤᠯᠤᠰ ᠤᠨ ᠨᠢᠰᠬᠡᠯ ᠤᠨ ᠹᠷᠤᠨᠲ ᠤᠨ ᠴᠤᠯᠭᠤᠷᠠᠭᠰᠠᠨ ᠮᠡᠷᠬᠡᠵᠢᠯᠳᠠᠨ ᠪᠤᠯᠵᠤ ᠭᠠᠷᠤᠭᠰᠠᠨ ᠪᠠᠶᠢᠨ᠎ᠠ᠃       ᠨᠢᠰᠬᠡᠯ ᠢ ᠤᠰᠤᠨ ᠲᠡᠭᠡᠷ᠎ᠡ ᠪᠠᠭᠤᠯᠭᠠᠬᠤ ᠬᠦᠪᠪᠦᠬᠦᠯ ᠦᠷᠳᠡᠭᠡ ᠶᠢ ᠰᠤᠳᠤᠯᠤᠨ ᠪᠦᠳᠦᠬᠡᠭᠰᠡᠨ ᠶᠠᠪᠤᠳᠠᠯ ᠪᠤᠯ ᠪᠠᠰᠠ ᠴᠦ ᠪᠠ ᠢᠤᠢ ᠽᠤᠤ ᠶᠢᠨ ᠴᠢᠬᠤᠯᠠ ᠶᠡᠭᠡ ᠭᠠᠪᠢᠶ᠎ᠠ ᠪᠤᠯᠤᠨ᠎ᠡ᠃ ᠪᠠ ᠢᠤᠢ ᠽᠤᠤ ᠶᠢᠨ ᠵᠢᠷᠤᠵᠤ ᠲᠦᠯᠦᠪᠯᠡᠭᠰᠡᠨ ᠲᠠᠯᠠᠢ ᠲᠡᠭᠡᠷᠡᠬᠢ ᠬᠦᠪᠪᠤᠬᠦᠯ ᠦᠷᠳᠡᠭᠡ ᠨᠢ 1922 ᠤᠨ ᠤ ᠨᠠᠢᠮᠠᠳᠤᠭᠠᠷ ᠰᠠᠷ᠎ᠠ ᠳᠤ ᠱᠠᠩᠬᠠᠢ ᠳᠠᠬᠢ ᠵᠢᠶᠠᠩ ᠨᠠᠨ ᠨᠡᠷᠡᠮᠵᠢᠳᠤ ᠬᠦᠬᠡ ᠤᠩᠭᠤᠴᠠᠨ ᠤ ᠦᠢᠯᠡᠳᠪᠤᠷᠢ ᠳᠤ ᠮᠡᠨᠳᠤᠯᠡᠪᠡ᠃ ᠡᠨᠡ ᠪᠤᠯ ᠲᠡᠯᠡᠬᠡᠢ ᠶᠢᠨ ᠲᠡᠤᠬᠡᠨ ᠲᠡᠭᠡᠷᠡᠬᠢ ᠠᠩᠬᠠᠳᠠᠭᠴᠢ ᠨᠢᠰᠬᠡᠯ ᠤᠨ ᠬᠦᠪᠪᠤᠬᠦᠯ ᠦᠷᠳᠡᠭᠡ ᠪᠤᠯᠤᠨ᠎ᠡ᠃ ᠡᠨᠡ ᠨᠢ ᠲᠠᠯᠠᠢ ᠲᠠᠩᠬᠢᠰ᠂ ᠭᠤᠤᠯ ᠮᠦᠷᠡᠨ ᠲᠡᠭᠡᠷ᠎ᠡ ᠪᠦᠷ ᠬᠡᠷᠡᠭᠯᠡᠵᠤ ᠪᠤᠯᠬᠤ ᠪᠦᠬᠡᠳ ᠨᠢᠰᠬᠡᠯ ᠨᠢ ᠨᠢᠰᠴᠤ ᠪᠠᠭᠤᠬᠤ ᠴᠦ ᠴᠦᠮ ᠲᠦᠬᠦᠮ ᠪᠠᠶᠢᠵᠤ ᠰᠠᠯᠬᠢ ᠪᠤᠷᠤᠭᠠᠨ᠂ ᠤᠶᠢᠯ ᠲᠠᠪᠠᠯᠭᠠᠨ ᠠᠴᠠ ᠴᠦ ᠠᠶᠤᠳᠠᠭ ᠦᠭᠡᠢ ᠶᠤᠮ᠃       1928 ᠤᠨ ᠤ ᠨᠠᠢᠮᠠᠳᠤᠭᠠᠷ ᠰᠠᠷ᠎ᠠ ᠳᠤ ᠪᠠ ᠢᠤᠢ ᠽᠤᠤ ᠲᠤᠮᠳᠠᠳᠤ ᠤᠯᠤᠰ ᠤᠨ ᠵᠠᠰᠠᠭ ᠎ ᠤᠨ ᠭᠠᠵᠠᠷ ᠤᠨ ᠡᠮᠤᠨ᠎ᠡ ᠠᠴᠠ ᠭᠧᠷᠮᠡᠨ ᠤ ᠪᠧᠷᠯᠢᠨ ᠳᠤ ᠤᠴᠢᠵᠤ ᠤᠯᠠᠨ ᠤᠯᠤᠰ ᠤᠨ ᠨᠢᠰᠬᠡᠯ ᠤᠨ ᠦᠵᠡᠬᠦᠯᠦᠯᠬᠡ ᠎ ᠶᠢᠨ ᠴᠤᠭᠯᠠᠭᠠᠨ ᠳᠤ ᠤᠷᠤᠯᠴᠠᠪᠠ᠃ ᠰᠢᠶᠠᠩᠭᠠᠩ ᠢᠶᠠᠷ ᠲᠠᠮᠵᠢᠨ ᠤᠯᠤᠰ ᠳᠠᠭᠠᠨ ᠪᠤᠴᠠᠨ ᠢᠷᠡᠬᠡᠳ ᠠᠮᠠᠨ ᠬᠦᠬᠡᠰᠤ ᠎ ᠪᠠᠨ ᠠᠭᠰᠢᠳᠠᠯ᠎ᠠ ᠭᠤᠶᠤᠵᠤ ᠪᠠᠶᠢᠭᠠᠳ ᠠᠷᠠᠢ ᠬᠤᠶᠠᠷᠬᠠᠨ ᠨᠢᠰᠬᠡᠯ ᠦᠢᠯᠡᠳᠬᠦ ᠵᠦᠪᠰᠢᠶᠡᠷᠡᠯ ᠤᠯᠵᠠᠢ᠃ ᠢᠩᠬᠢᠬᠡᠳ ᠪᠠ ᠢᠤᠢ ᠽᠤᠤ ᠠᠷᠠᠳ ᠤᠨ ᠠᠶᠠᠯᠠᠯ ᠳᠤ ᠬᠡᠷᠡᠭᠯᠡᠬᠦ ᠨᠢᠰᠬᠡᠯ ᠦᠢᠯᠡᠳᠬᠦ ᠪᠠᠷ ᠲᠦᠯᠦᠪᠯᠡᠨ ᠤᠷᠤᠯᠳᠤᠵᠤ ᠡᠬᠢᠯᠡᠪᠡ᠃ ᠶᠠᠭ ᠡᠨᠡ ᠦᠶ᠎ᠡ ᠳᠤ ᠬᠡᠨᠡᠳᠳᠠ ᠪᠠ ᠢᠤᠢ ᠽᠤᠤ ᠡᠪᠡᠳᠴᠢᠯᠡᠪᠡ᠃       1929 ᠤᠨ ᠤ 6 ᠰᠠᠷ᠎ᠠ ᠶᠢᠨ 30᠎ ᠤ ᠡᠳᠤᠷ ᠪᠠ ᠢᠤᠢ ᠽᠤᠤ ᠭᠤᠴᠢᠨ ᠨᠠᠢᠮᠠᠨ ᠨᠠᠰᠤᠳᠠᠢ ᠳᠠᠭᠠᠨ ᠶᠢᠷᠳᠢᠨᠴᠤ ᠠᠴᠠ ᠬᠠᠯᠢᠪᠠ᠃       ᠪᠠ ᠢᠤᠢ ᠽᠤᠤ ᠪᠠᠶᠢᠭᠠᠯᠢ ᠶᠢᠨ ᠰᠢᠨᠵᠢᠯᠡᠬᠦ ᠤᠬᠠᠭᠠᠨ ᠳᠤ ᠲᠤᠷ᠎ᠠ ᠪᠠᠭ᠋ᠠᠳᠠᠢ ᠪᠠᠷ ᠪᠠᠷᠠᠬᠤ ᠦᠭᠡᠢ᠂ ᠰᠤᠶᠤᠯ ᠬᠦᠮᠦᠵᠢᠯ᠂ ᠤᠳᠬ᠎ᠠ ᠵᠤᠬᠢᠶᠠᠯ᠂ ᠬᠦᠨ ᠤᠬᠠᠭᠠᠨ᠂ ᠤᠯᠤᠰ ᠲᠦᠷᠦ᠂ ᠠᠵᠤ ᠠᠬᠤᠢ ᠵᠡᠷᠬᠡ ᠨᠠᠶᠢᠬᠡᠮ ᠤᠨ ᠰᠢᠨᠵᠢᠯᠡᠬᠦ ᠤᠬᠠᠭᠠᠨ ᠤ ᠨᠤᠮ ᠤᠳ ᠴᠦ ᠲᠤᠩ ᠲᠤᠷ᠎ᠠ ᠰᠤᠨᠢᠷᠬᠠᠯ ᠲᠠᠢ ᠪᠠᠶᠢᠳᠠᠭ᠃ ᠭᠠᠳᠠᠭᠠᠳᠤ ᠬᠡᠯᠡ ᠰᠤᠷᠬᠤ ᠳᠤ ᠴᠦ ᠶᠡᠭᠡ ᠬᠦᠴᠤ ᠵᠤᠷᠢᠭᠳᠠᠢ ᠪᠠᠷ ᠤᠷᠤᠯᠴᠠᠳᠠᠭ ᠪᠠᠶᠢᠯ᠎ᠠ᠃ ᠪᠠ ᠢᠤᠢ ᠽᠤᠤ ᠠᠩᠭ᠍ᠯᠢ ᠬᠡᠯᠡ ᠶᠢ ᠲᠤᠭᠤᠷᠠᠳᠠᠯ᠎ᠠ ᠰᠤᠷᠤᠭᠰᠠᠨ ᠢᠶᠠᠷ ᠦᠯᠦ ᠪᠠᠷᠠᠮ ᠭᠧᠷᠮᠠᠨ ᠬᠡᠯᠡ ᠪᠠᠷ ᠴᠦ ᠨᠤᠮ ᠮᠠᠲ᠋ᠧᠷᠢᠶᠡᠯ ᠦᠵᠡᠳᠡᠭ ᠪᠠᠶᠢᠪᠠ᠃       ᠪᠠ ᠢᠤᠢ ᠽᠤᠤ ᠠᠪᠤᠭᠠᠢ ᠶᠢᠷᠳᠢᠨᠴᠤ ᠠᠴᠠ ᠰᠠᠯᠤᠭᠠᠳ ᠡᠴᠢᠨᠡᠨ ᠵᠢᠯ ᠪᠤᠯᠴᠢᠬᠠᠯ᠎ᠠ᠃ ᠬᠡᠪᠡᠴᠤ ᠲᠡᠬᠦᠨ ᠤ ᠡᠬᠦᠳᠦᠭᠰᠡᠨ ᠲᠤᠮᠳᠠᠳᠤ ᠤᠯᠤᠰ ᠤᠨ ᠨᠢᠰᠬᠡᠯ ᠤᠨ ᠦᠢᠯᠡᠰ ᠤᠯᠠᠮ ᠠᠴᠠ ᠤᠯᠠᠮ ᠬᠦᠭᠵᠢᠨ ᠪᠠᠳᠠᠷᠠᠵᠤ ᠪᠠᠶᠢᠨ᠎ᠠ᠃ ᠡᠬᠦᠨ ᠳᠤ ᠪᠠ ᠢᠤᠢ ᠽᠤᠤ ᠠᠪᠤᠭᠠᠢ ᠶᠢ ᠮᠠᠷᠳᠠᠵᠤ ᠪᠤᠯᠬᠤ ᠦᠭᠡᠢ ᠶᠤᠮ᠃ ᠲᠤᠮᠳᠠᠳᠤ ᠤᠯᠤᠰ ᠤᠨ ᠠᠷᠠᠳ ᠲᠦᠮᠡᠨ᠂ ᠮᠤᠩᠭᠤᠯᠴᠤᠳ᠂ ᠨᠡᠩ ᠴᠦ ᠬᠡᠰᠢᠭᠳᠡᠨ ᠤ ᠠᠷᠠᠳ ᠲᠦᠮᠡᠨ ᠪᠠ ᠢᠤᠢ ᠽᠤᠤ ᠠᠪᠤᠭᠠᠢ ᠶᠢ ᠦᠨᠢᠳᠠ ᠲᠤᠷᠠᠰᠬᠠᠵᠤ ᠶᠠᠪᠤᠬᠤ ᠶᠤᠰᠤᠳᠠᠢ᠃         ᠯᠠᠪᠯᠠᠭᠰᠠᠨ ᠨᠤᠮ ᠵᠤᠬᠢᠶᠡᠯ ᠤᠳ       ① ᠲᠤᠤ ᠱᠢ ᠯᠢᠨ᠂ ᠫ᠊᠂ ᠰᠸᠧᠠᠩᠨᠤᠷᠪᠤ᠄ ︽ᠪᠠ ᠢᠤᠢ ᠽᠤᠤ — ᠲᠤᠮᠳᠠᠳᠤ ᠤᠯᠤᠰ ᠎ ᠤᠨ ᠠᠭᠠᠷ ᠠᠶᠠᠯᠠᠯ ᠤᠨ ᠦᠢᠯᠡᠰ ᠤᠨ ᠰᠠᠭᠤᠷᠢᠯᠠᠭᠴᠢ︾᠂ ︽ᠮᠤᠩᠭᠤᠯ ᠦᠨᠳᠤᠰᠤᠳᠠᠨ ᠤ ᠠᠯᠳᠠᠷᠳᠤ ᠰᠢᠨᠵᠢᠯᠡᠬᠦ ᠤᠬᠠᠭᠠᠨᠳᠠᠨ︾ ᠭᠤᠷᠪᠠᠳᠤᠭᠠᠷ ᠲᠠᠪᠳᠡᠷ᠃       ② ᠠ᠊᠂ ᠪᠠᠭᠠᠳᠤᠷ᠄ ︽ᠨᠢᠰᠬᠡᠯ ᠦᠢᠯᠡᠳᠦᠭᠴᠢ ᠪᠠ ᠢᠤᠢ ᠽᠤᠤ︾᠂ ︽ᠤᠯᠠᠭᠠᠨᠬᠠᠳᠠ ᠎ ᠶᠢᠨ ᠡᠳᠤᠷ ᠤᠨ ᠰᠤᠨᠢᠨ︾ 1988᠂ 10᠂ 5᠃ 
 
ᠢᠷᠡᠯᠲᠡ᠄ ᠬᠡᠰᠢᠭᠳᠡᠨ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号