| | ᠮᠤᠩᠭᠤᠯ ᠦᠨᠳᠤᠰᠤᠳᠠᠨ ᠤ ᠲᠡᠤᠬᠡᠨ ᠲᠡᠭᠡᠷ᠎ᠡ ᠬᠠᠮᠤᠭ ᠤᠨ ᠲᠡᠷᠢᠬᠦᠨ ᠳᠤ ᠬᠠᠭᠠᠨ ᠴᠤᠯᠠ | ᠤᠯᠤᠭᠰᠠ ᠬᠦᠮᠦᠨ ᠪᠤᠯ ᠬᠠᠶᠢᠳᠤ ᠶᠢᠨ ᠤᠮᠪᠤᠯ ᠲᠤᠪᠢᠨᠠᠢ ᠰᠡᠴᠡᠨ ᠤ ᠶᠡᠭᠡ ᠬᠦᠦ ᠬᠠᠪᠤᠯ ᠪᠠᠶᠢᠵᠠᠢ᠃ ᠬᠠᠮᠤᠭ | ᠮᠤᠩᠭᠤᠯ ᠢ ᠬᠠᠪᠤᠯ ᠬᠠᠭᠠᠨ ᠵᠠᠬᠢᠷᠴᠤ ᠶᠠᠪᠤᠪᠠ᠃ | ᠲᠡᠷᠡ ᠦᠶ᠎ᠡ ᠳᠤ ᠵᠦᠷᠴᠢᠨ ᠠᠶᠢᠮᠠᠭ ᠤᠨ ᠠᠯᠳᠠᠨ ᠤᠯᠤᠰ ᠬᠦᠴᠦᠷᠬᠡᠭᠵᠢᠵᠤ᠂ ᠰᠦᠩ | ᠤᠯᠤᠰ ᠢ ᠲᠤᠪᠳᠤᠯᠵᠤ ᠪᠠᠶᠢᠭᠰᠠᠨ ᠲᠤᠯᠠ ᠮᠤᠩᠭᠤᠯ ᠠᠶᠢᠮᠠᠭ ᠤᠨ ᠮᠠᠨᠳᠤᠯ ᠬᠦᠭᠵᠢᠯ ᠨᠢ ᠲᠡᠳᠡᠨ ᠤ ᠠᠩᠬᠠᠷᠤᠯ ᠢ | ᠲᠠᠳᠠᠬᠤ ᠦᠭᠡᠢ ᠪᠠᠶᠢᠬᠤ ᠠᠷᠭ᠎ᠠ ᠦᠭᠡᠢ ᠠᠵᠢ᠃ ᠲᠡᠶᠢᠮᠤ ᠠᠴᠠ ᠵᠦᠷᠴᠢᠨ ᠤ ᠨᠤᠶᠠᠷᠬᠠᠭᠴᠢᠳ ᠡᠯᠳᠡᠪ ᠠᠷᠭ᠎ᠠ | ᠬᠡᠷᠡᠭᠯᠡᠵᠤ ᠮᠤᠩᠭᠤᠯ ᠠᠶᠢᠮᠠᠭ ᠢ ᠪᠡᠶ᠎ᠡ ᠳᠡᠭᠡᠨ ᠲᠠᠳᠠᠬᠤ ᠪᠤᠶᠤ ᠲᠤᠷᠤᠶᠢᠳᠠᠭᠤᠯᠬᠤ ᠪᠠᠷ ᠤᠷᠤᠯᠳᠤᠳᠠᠭ ᠪᠠᠶᠢᠪᠠ᠃ | ᠡᠬᠦᠨ ᠳᠤ ᠬᠠᠪᠤᠯ ᠬᠠᠭᠠᠨ ᠶᠡᠭᠡ ᠰᠡᠷᠡᠮᠵᠢᠳᠠᠢ ᠪᠠᠶᠢᠪᠠ᠃ | ᠨᠢᠬᠡᠨ ᠤᠳᠠᠭ᠎ᠠ᠂ ᠬᠠᠪᠤᠯ ᠬᠠᠭᠠᠨ ᠠᠯᠳᠠᠨ ᠤᠯᠤᠰ ᠤᠨ ᠡᠵᠡᠨ ᠤ ᠵᠠᠷᠯᠢᠭ ᠢᠶᠠᠷ ᠲᠡᠬᠦᠨ ᠳᠤ | ᠪᠠᠷᠠᠭᠠᠯᠠᠬᠤ ᠪᠠᠷ ᠤᠴᠢᠭᠰᠠᠨ ᠳᠤ ᠠᠯᠳᠠᠨ ᠤᠯᠤᠰ ᠤᠨ ᠡᠵᠡᠨ ᠮᠠᠰᠢ ᠲᠤᠳᠤᠨᠤ ᠡᠯᠢᠬᠡᠰᠡᠭ ᠠᠭᠠᠰᠢᠯᠠᠵᠤ ᠦᠪᠳᠡᠭᠰᠢ | ᠶᠡᠭᠡ ᠬᠤᠷᠢᠮ ᠪᠡᠯᠡᠳᠬᠡᠨ ᠲᠠᠶᠢᠯᠠᠪᠠ᠃ ᠵᠦᠷᠴᠢᠨ ᠤ ᠨᠤᠶᠠᠷᠬᠠᠭᠴᠢᠳ ᠶᠡᠷᠤ ᠠᠴᠠ ᠵᠠᠯᠢ ᠮᠡᠭᠡ ᠶᠡᠬᠡᠳᠠᠢ ᠲᠤᠯᠠ | ᠬᠠᠪᠤᠯ ᠬᠠᠭᠠᠨ ᠢᠳᠡᠵᠤ ᠤᠤᠭᠤᠬᠤ ᠳᠠᠭᠠᠨ ᠲᠤᠩ ᠪᠤᠯᠭᠤᠮᠵᠢᠯᠠᠨ᠂ ᠬᠤᠷᠢᠮ ᠤᠨ ᠲᠤᠮᠳᠠ ᠡᠯᠳᠡᠪ ᠰᠢᠯᠳᠠᠭ ᠵᠢᠭᠠᠨ | ᠤᠯᠠᠨ ᠤᠳᠠᠭ᠎ᠠ ᠭᠠᠳᠠᠨ᠎ᠡ ᠭᠠᠷᠴᠤ᠂ ᠢᠳᠡᠭᠰᠡᠨ ᠶᠢᠨ ᠪᠦᠷ ᠪᠦᠬᠡᠯᠵᠢᠨ ᠭᠠᠷᠭᠠᠵᠤ ᠲᠠᠬᠢᠨ ᠤᠷᠤᠵᠤ ᠬᠤᠷᠢᠮ ᠤᠨ | ᠰᠢᠷᠡᠬᠡᠨ ᠳᠤ ᠰᠠᠭᠠᠤᠳᠠᠭ ᠪᠠᠶᠢᠪᠠ᠃ ᠡᠬᠦᠨ ᠳᠤ ᠠᠯᠳᠠᠨ ᠤᠯᠤᠰ ᠤᠨ ᠡᠵᠡᠨ ᠲᠡᠬᠦᠨ ᠤ ᠬᠤᠳᠤᠭᠤᠳᠤ ᠬᠡᠳᠡᠰᠤᠨ ᠤ | ᠶᠡᠭᠡ ᠶᠢ ᠭᠠᠶᠢᠬᠠᠵᠤ᠄ | ︽ᠬᠠᠪᠤᠯ ᠬᠠᠭᠠᠨ ᠴᠦ ᠶᠤᠰᠤᠳᠠᠢ | ᠭᠤᠨᠵᠢᠨ ᠦᠬᠡᠷ ᠢᠳᠡᠪᠡᠴᠤ | ᠴᠠᠳᠬᠤ ᠦᠭᠡᠢ ᠬᠤᠳᠤᠭᠤᠳᠤ ᠲᠠᠢ | ᠭᠤᠷᠪᠠᠨ ᠬᠤᠨᠢ ᠵᠡᠯᠬᠢᠪᠠᠴᠤ | ᠲᠤᠷᠬᠤ ᠦᠭᠡᠢ ᠬᠡᠬᠡᠯᠢ① ᠲᠠᠢ ᠬᠦᠮᠦᠨ ᠪᠠᠶᠢᠨ᠎ᠠ ᠰᠢᠤ︕︾ ᠬᠡᠵᠤ ᠬᠤᠱᠤᠩᠨᠠᠪᠠ᠃ | ᠬᠠᠪᠤᠯ ᠬᠠᠭᠠᠨ ᠲᠤᠭᠰᠢᠨ ᠵᠠᠩ ᠲᠠᠢ ᠬᠦᠮᠦᠨ ᠪᠤᠯᠪᠠᠴᠤ ᠬᠦᠮᠦᠨ ᠤ ᠬᠤᠷᠢᠮ ᠳᠤ ᠰᠠᠭᠤᠵᠤ ᠪᠠᠶᠢᠭ᠎ᠠ ᠲᠤᠯᠠ | ᠢᠴᠢᠬᠦᠷᠢ ᠶᠢ ᠲᠡᠰᠪᠦᠷᠢᠯᠡᠨ ᠲᠤᠭᠤᠢ ᠰᠠᠭᠤᠵᠤ ᠡᠮᠤᠨᠡᠬᠢ ᠬᠤᠨᠳᠠᠭ᠎ᠠ ᠲᠠᠢ ᠠᠷᠢᠬᠢ ᠪᠠᠨ ᠬᠦᠨᠳᠡᠷᠴᠤ ᠯᠡ ᠪᠠᠶᠢᠪᠠ᠃ | ᠲᠡᠭᠡᠭᠡᠳ ᠬᠠᠪᠤᠯ ᠬᠠᠭᠠᠨ ᠱᠠᠯ ᠰᠤᠭᠳᠤᠵᠤ᠂ ᠬᠡᠨᠡᠳᠳᠠ ᠦᠰᠦᠷᠦᠨ ᠪᠤᠰᠤᠭᠠᠳ ᠠᠯᠳᠠᠨ ᠤᠯᠤᠰ ᠤᠨ ᠡᠵᠡᠨ ᠤ | ᠰᠠᠬᠠᠯ ᠠᠴᠠ ᠰᠢᠪᠳᠤᠷᠤᠨ ᠪᠠᠷᠢᠵᠤ᠄ | ︽ᠭᠤᠨᠵᠢᠨ ᠦᠬᠡᠷ ᠢᠳᠡᠪᠡᠴᠤ | ᠴᠠᠳᠬᠤ ᠦᠭᠡᠢ ᠬᠡᠯᠡ ᠤᠤ ᠴᠢ︖ | ᠭᠤᠷᠪᠠᠨ ᠬᠤᠨᠢ ᠵᠠᠯᠬᠢᠪᠠᠴᠤ | ᠲᠤᠷᠬᠤ ᠦᠭᠡᠢ ᠬᠡᠯᠡ ᠤᠤ ᠴᠢ︖ ᠤᠳᠤ ᠲᠤᠷᠴᠤ ᠪᠠᠶᠢᠨ᠎ᠠ︕︾ ᠬᠡᠳ ᠬᠠᠳᠠᠭᠠᠨᠠᠳᠠᠯ᠎ᠠ | ᠢᠨᠢᠶᠡᠪᠡ᠃ ᠬᠤᠷᠢᠮ ᠤᠨ ᠬᠦᠮᠦᠰ ᠰᠤᠴᠢᠨ ᠬᠡᠯᠮᠡᠭᠳᠡᠵᠤ᠂ ᠪᠡᠶ᠎ᠡ ᠪᠡᠶ᠎ᠡ ᠪᠠᠨ ᠰᠢᠷᠳᠡᠯᠴᠡᠵᠤ ᠶᠠᠭᠠᠬᠢᠬᠤ ᠪᠠᠨ ᠤᠯᠬᠤ | ᠦᠭᠡᠢ ᠪᠤᠯᠪᠠ᠃ ᠬᠡᠳᠡᠯ᠎ᠡ ᠠᠯᠳᠠᠨ ᠤᠯᠤᠰ ᠤᠨ ᠡᠵᠡᠨ ᠬᠠᠷᠢᠨ ᠮᠤᠩᠭᠤᠯ ᠠᠶᠢᠮᠠᠭ ᠢ ᠪᠡᠶ᠎ᠡ ᠳᠡᠭᠡᠨ ᠲᠠᠳᠠᠬᠤ ᠶᠢᠨ | ᠲᠦᠯᠦᠬᠡ᠂ ᠬᠠᠪᠤᠯ ᠬᠠᠭᠠᠨ ᠤ ᠡᠨᠡ ᠬᠦ ᠵᠢᠯᠤᠭᠤ ᠵᠤᠳᠤᠭ ᠦᠭᠡᠢ ᠦᠢᠯᠡ ᠬᠦᠳᠡᠯᠬᠡᠬᠡᠨ ᠢ ᠦᠯᠦ ᠬᠠᠶᠢᠬᠤᠷᠤᠨ | ᠠᠵᠢᠭ ᠦᠭᠡᠢ ᠰᠠᠭᠤᠵᠤ ᠪᠠᠶᠢᠯ᠎ᠠ᠃ ᠲᠡᠷᠡ ᠴᠦ ᠪᠠᠶᠢᠳᠤᠭᠠᠢ ᠬᠤᠷᠢᠮ ᠲᠠᠷᠬᠠᠭᠰᠠᠨ ᠤ ᠲᠠᠷᠠᠭ᠎ᠠ᠂ ᠠᠯᠳᠠᠨ ᠤᠯᠤᠰ | ᠤᠨ ᠡᠵᠡᠨ ᠬᠠᠪᠤᠯ ᠬᠠᠭᠠᠨ ᠳᠤ ᠵᠤᠵᠠᠭᠠᠨ ᠪᠡᠯᠡᠭ ᠦᠭᠴᠤ ᠮᠤᠷᠳᠠᠭᠤᠯᠪᠠ᠃ ᠬᠡᠪᠡᠴᠤ ᠬᠠᠪᠤᠯ ᠬᠠᠭᠠᠨ ᠪᠤᠴᠠᠭᠰᠠᠨ ᠤ | ᠲᠠᠷᠠᠭ᠎ᠠ᠂ ᠠᠯᠳᠠᠨ ᠤᠯᠤᠰ ᠤᠨ ᠰᠢᠳᠠᠷ ᠲᠦᠰᠢᠮᠡᠳ ᠬᠠᠪᠤᠯ ᠬᠠᠭᠠᠨ ᠢ ᠠᠯᠠᠬᠤ ᠦᠭᠡᠢ ᠪᠤᠯ ᠮᠤᠩᠭᠤᠯ ᠠᠶᠢᠮᠠᠭ | ᠬᠤᠵᠢᠮ ᠠᠶᠤᠯ ᠪᠤᠯᠵᠤ ᠮᠡᠳᠡᠨ᠎ᠡ ᠬᠡᠵᠤ ᠠᠶᠢᠯᠠᠳᠬᠠᠭᠰᠠᠨ ᠳᠤ᠂ ᠠᠯᠳᠠᠨ ᠤᠯᠤᠰ ᠤᠨ ᠡᠵᠡᠨ ᠰᠢᠳᠠᠷ ᠲᠦᠰᠢᠮᠡᠳ | ᠤᠨ ᠢᠶᠠᠨ ᠰᠠᠨᠠᠯ ᠢᠶᠠᠷ ᠲᠡᠬᠦᠨ ᠢ ᠲᠠᠭᠤᠳᠠᠭᠤᠯᠬᠤ ᠪᠠᠷ ᠬᠤᠶᠢᠨ᠎ᠡ ᠠᠴᠠ ᠨᠢ ᠡᠯᠴᠢ ᠲᠤᠪᠳᠤᠯᠭᠠᠪᠠ᠃ ᠬᠠᠪᠤᠯ | ᠬᠠᠭᠠᠨ ᠠᠯᠳᠠᠨ ᠤᠯᠤᠰ ᠤᠨ ᠡᠵᠡᠨ ᠤ ᠰᠠᠶᠢᠨ ᠰᠠᠨᠠᠭ᠎ᠠ ᠡᠪᠤᠷᠯᠡᠵᠤ ᠪᠠᠶᠢᠬᠤ ᠦᠭᠡᠢ ᠬᠡᠳᠡᠭ ᠢ ᠮᠡᠳᠡᠵᠤ ᠵᠠᠪ ᠤᠯᠵᠤ | ᠲᠤᠳᠠᠭᠠᠵᠤ ᠶᠠᠪᠤᠪᠠ᠃ | ᠬᠠᠪᠤᠯ ᠬᠠᠭᠠᠨ ᠦᠬᠦᠭᠰᠡᠨ ᠤ ᠲᠠᠷᠠᠭ᠎ᠠ᠂ ᠲᠡᠬᠦᠨ ᠤ ᠲᠦᠷᠦᠯ ᠤᠨ ᠲᠡᠬᠦᠦ ᠠᠮᠪᠠᠭᠠᠢ ᠬᠠᠭᠠᠨ | ᠪᠤᠯᠪᠠ᠃ ᠦᠨᠡᠨ ᠳᠡᠭᠡᠨ ᠬᠠᠪᠤᠯ ᠬᠠᠭᠠᠨ ᠤᠬᠢᠨᠪᠠᠷᠬᠠᠭ᠂ ᠪᠠᠷᠳᠠᠨ ᠪᠠᠭᠠᠳᠤᠷ᠂ ᠬᠤᠳᠤᠭᠳᠤ ᠮᠤᠩᠬᠤᠷ᠂ ᠬᠤᠳᠠᠯᠠ᠂ | ᠬᠤᠯᠠᠨ᠂ ᠬᠠᠳᠠᠭᠠᠨ᠂ ᠲᠤᠳᠤᠶᠢᠨ ᠤᠳᠴᠢᠬᠢᠨ ᠬᠡᠬᠦ ᠲᠤᠯᠤᠭᠠᠨ ᠬᠦᠦ ᠲᠠᠢ ᠪᠢᠯᠡ᠂ ᠬᠡᠳᠡᠯ᠎ᠡ ᠶᠠᠭᠠᠬᠢᠭᠠᠳ ᠲᠡᠬᠦᠨ | ᠤ ᠬᠡᠤᠬᠡᠳ ᠬᠠᠭᠠᠨ ᠪᠤᠯᠤᠭᠰᠠᠨ ᠦᠭᠡᠢ ᠬᠠᠷᠢᠨ ᠠᠮᠪᠠᠭᠠᠢ ᠬᠠᠭᠠᠨ ᠪᠤᠯᠪᠠ︖ ᠬᠡᠪᠡᠯ᠂ ᠬᠠᠪᠤᠯ ᠬᠠᠭᠠᠨ ᠦᠬᠦᠬᠦ | ᠠᠴᠠ ᠡᠮᠤᠨ᠎ᠡ ᠠᠮᠪᠠᠭᠠᠢ ᠶᠢ ᠬᠠᠭᠠᠨ ᠡᠷᠬᠦᠮᠵᠢᠯᠡᠬᠦ ᠪᠠᠷ ᠬᠡᠷᠢᠶᠡᠰᠦᠯᠡᠭᠰᠨ ᠶᠤᠮ᠃ ᠬᠠᠪᠤᠯ ᠬᠠᠭᠠᠨ ᠠᠮᠢᠳᠤ ᠪᠠᠶᠢᠬᠤ | ᠳᠠᠭᠠᠨ ᠪᠤᠶᠢᠷ ᠬᠦᠯᠦᠨ ᠬᠤᠶᠠᠷ ᠨᠠᠭᠤᠷ ᠢ ᠬᠤᠯᠪᠤᠨ ᠤᠷᠤᠰᠬᠤ ᠨᠤᠷᠱᠤᠨ ᠮᠦᠷᠡᠨ ᠤ ᠬᠠᠪᠢ ᠭᠠᠵᠠᠷ ᠨᠤᠳᠤᠭᠯᠠᠬᠤ | ᠠᠶᠢᠷᠭᠤᠳ᠂ ᠪᠤᠶᠢᠷᠭᠤᠳ ᠤᠪᠤᠭ ᠤᠨ ᠲᠠᠲ᠋ᠠᠷ ᠠᠶᠢᠮᠠᠭ ᠲᠠᠢ ᠦᠰᠢᠶ᠎ᠡ ᠵᠠᠩᠬᠢᠳᠤᠭᠰᠠᠨ ᠠᠵᠢ᠃ | ᠠᠮᠪᠠᠭᠠᠢ ᠬᠠᠭᠠᠨ ᠪᠤᠯᠤᠭᠰᠠᠨ ᠤ ᠲᠠᠷᠠᠭ᠎ᠠ᠂ ᠲᠠᠲ᠋ᠠᠷᠴᠤᠳ ᠲᠠᠢ ᠡᠶᠡᠳᠦᠬᠦ ᠪᠤᠳᠤᠯᠭ᠎ᠠ ᠠᠪᠴᠤ | ᠦᠪᠡᠷ ᠤᠨ ᠦᠬᠢᠨ ᠢᠶᠠᠨ ᠲᠠᠲ᠋ᠠᠷ ᠲᠤ ᠦᠭᠬᠦᠨ ᠪᠡᠶ᠎ᠡ ᠪᠠᠷ ᠢᠶᠠᠨ ᠬᠦᠷᠬᠡᠵᠤ ᠤᠴᠢᠪᠠ᠃ ᠲᠠᠲ᠋ᠠᠷᠴᠤᠳ ᠡᠬᠦᠨ ᠢ | ᠠᠰᠢᠭᠯᠠᠨ ᠤᠷᠢᠳᠤ ᠶᠢᠨ ᠦᠰᠢᠶ᠎ᠡ ᠪᠠᠨ ᠠᠪᠬᠤ ᠬᠡᠵᠤ ᠠᠮᠪᠠᠭᠠᠢ ᠬᠠᠭᠠᠨ ᠢ ᠪᠠᠷᠢᠵᠤ ᠬᠦᠯᠢᠬᠡᠳ ᠠᠯᠳᠠᠨ ᠤᠯᠤᠰ | ᠲᠤ ᠬᠦᠷᠬᠡᠪᠡ᠃ ᠡᠨᠡ ᠦᠶ᠎ᠡ ᠳᠤ ᠠᠮᠪᠠᠭᠠᠢ ᠬᠠᠭᠠᠨ ᠰᠠᠶ᠋ᠢ ᠤᠬᠠᠭᠠᠷᠠᠵᠤ᠂ ᠪᠠᠰᠤᠳ ᠤᠪᠤᠭ ᠤᠨ ᠪᠠᠯᠠᠭᠴᠢ ᠬᠡᠳᠡᠭ | ᠬᠦᠮᠦᠨ ᠢ ᠲᠠᠭᠤᠳᠠᠨ ᠰᠡᠮᠡᠬᠡᠷ ᠬᠡᠯᠡᠵᠤ ᠢᠯᠡᠭᠡᠭᠰᠡᠨ ᠨᠢ᠄ | ︽ᠬᠠᠪᠤᠯ ᠬᠠᠭᠠᠨ ᠤ ᠲᠤᠯᠤᠭᠠᠨ ᠬᠦᠦ ᠶᠢᠨ ᠲᠤᠮᠳᠠᠬᠢ ᠬᠤᠳᠠᠯᠠ ᠳᠤ᠂ ᠠᠮᠪᠠᠭᠠᠢ ᠮᠢᠨᠤ | ᠠᠷᠪᠡᠨ ᠬᠦᠦ ᠶᠢᠨ ᠲᠤᠮᠳᠠᠬᠢ ᠬᠠᠳᠠᠭᠠᠨ ᠳᠤ ᠤᠴᠢᠵᠤ ᠬᠡᠯᠡᠵᠤ ᠦᠭᠳᠦᠬᠡᠢ᠄ ᠬᠠᠮᠤᠭ ᠤᠨ ᠬᠠᠭᠠᠨ ᠤᠯᠤᠰ ᠤᠨ | ᠡᠵᠡᠨ ᠪᠠᠶᠢᠳᠠᠯ᠎ᠠ ᠦᠬᠢᠨ ᠢᠶᠠᠨ ᠪᠤᠰᠤᠳ ᠲᠤ ᠦᠭᠴᠤ ᠦᠪᠡᠷ ᠢᠶᠠᠨ ᠬᠦᠷᠬᠡᠨ ᠤᠳᠬᠤ ᠭᠤᠳᠤᠮᠰᠢᠭ ᠢ ᠨᠠᠳᠠ ᠪᠠᠷ | ᠴᠡᠬᠡᠷᠯᠡᠯ ᠪᠤᠯᠭᠠᠭᠳᠤᠨ᠃ ᠪᠢ ᠲᠠᠲ᠋ᠠᠷ ᠠᠶᠢᠮᠠᠭ ᠲᠤ ᠦᠬᠢᠨ ᠢᠶᠠᠨ ᠬᠦᠷᠬᠡᠵᠤ ᠢᠷᠡᠬᠡᠳ ᠬᠡᠳᠡᠷᠬᠦ ᠪᠠᠨ ᠲᠡᠳᠡᠨ ᠳᠤ | ᠪᠠᠷᠢᠭᠳᠠᠵᠤ ᠠᠯᠳᠠᠨ ᠤᠯᠤᠰ ᠲᠤ ᠬᠦᠯᠢᠭᠳᠡᠨ ᠢᠷᠡᠪᠡ᠃ ᠡᠨᠡ ᠰᠤᠷᠭᠠᠮᠵᠢ ᠶᠢ ᠪᠠᠳᠤ ᠴᠡᠭᠡᠵᠢᠯᠡ᠂ ᠦᠰᠢᠶ᠎ᠡ ᠶᠢ | ᠮᠢᠨᠢ ᠠᠪᠤᠭᠳᠤᠨ︕︾ ᠬᠡᠪᠡ᠃ | ᠠᠮᠪᠠᠭᠠᠢ ᠬᠠᠭᠠᠨ ᠠᠯᠳᠠᠨ ᠤᠯᠤᠰ ᠲᠤ ᠠᠯᠠᠭᠳᠠᠭᠰᠠᠨ ᠤ ᠲᠠᠷᠠᠭ᠎ᠠ᠂ ᠬᠠᠳᠠᠭᠠᠨ᠂ ᠬᠤᠳᠠᠯᠠ | ᠬᠤᠶᠠᠷ ᠢ ᠬᠠᠭᠠᠨ ᠡᠷᠬᠦᠮᠵᠢᠯᠡᠬᠦ ᠪᠠᠷ ᠨᠡᠷ᠎ᠡ ᠵᠢᠭᠠᠭᠰᠠᠨ ᠲᠤᠯᠠ ᠬᠠᠮᠤᠭ ᠮᠤᠩᠭᠤᠯ ᠬᠢᠬᠡᠳ ᠲᠠᠶᠢᠴᠢᠭᠤᠳ ᠨᠠᠷ | ᠤᠨᠤᠨ ᠮᠦᠷᠡᠨ ᠤ ᠬᠤᠷᠬᠤᠨᠠᠭ ᠵᠦᠪᠦᠷ② ᠬᠡᠬᠦ ᠭᠠᠵᠠᠷ ᠴᠤᠭᠯᠠᠷᠠᠵᠤ ᠬᠡᠯᠡᠯᠴᠡᠬᠡᠳ ᠬᠤᠳᠠᠯᠠ ᠶᠢ ᠬᠠᠭᠠᠨ | ᠡᠷᠬᠦᠮᠵᠢᠯᠡᠵᠤ᠂ ᠬᠠᠳᠠᠭᠠᠨ ᠢ ᠲᠠᠶᠢᠰᠢ ᠪᠤᠯᠭᠠᠪᠠ᠃ ᠮᠤᠩᠭᠤᠯ ᠬᠦᠮᠦᠨ ᠤ ᠴᠡᠩᠬᠡᠯ ᠨᠠᠶᠢᠷ ᠨᠢ ᠪᠦᠵᠢᠭ ᠬᠤᠷᠢᠮ | ᠪᠠᠶᠢᠭᠰᠠᠨ ᠲᠤᠯᠠ ᠬᠤᠳᠠᠯᠠ ᠶᠢ ᠬᠠᠭᠠᠨ ᠡᠷᠬᠦᠮᠵᠢᠯᠡᠭᠰᠡᠨ ᠤ ᠲᠠᠷᠠᠭ᠎ᠠ᠂ ᠬᠤᠷᠬᠤᠨᠠᠭ ᠵᠦᠪᠦᠷ ᠤᠨ ᠰᠠᠭᠯᠠᠭᠠᠷ | ᠮᠤᠳᠤᠨ ᠤ ᠲᠤᠤᠷ᠎ᠠ ᠡᠪᠤᠳᠦᠭ ᠴᠢᠨᠡᠬᠡᠨ ᠭᠤᠤ ᠭᠠᠷᠳᠠᠯ᠎ᠠ᠂ ᠬᠠᠪᠢᠷᠭ᠎ᠠ ᠴᠢᠨᠡᠬᠡᠨ ᠬᠠᠯᠴᠠᠭᠠᠢ ᠪᠤᠯᠳᠠᠯ᠎ᠠ ᠲᠡᠪᠰᠡᠨ | ᠪᠦᠵᠢᠭᠯᠡᠪᠠ③᠃ | ᠬᠤᠳᠠᠯᠠ ᠬᠠᠭᠠᠨ ᠪᠤᠯᠤᠭᠠᠳ ᠬᠠᠳᠠᠭᠠᠨ ᠲᠠᠶᠢᠰᠢ ᠲᠠᠢ ᠬᠤᠶᠠᠭᠤᠯᠠ ᠲᠠᠲ᠋ᠠᠷ ᠠᠶᠢᠮᠠᠭ ᠲᠠᠢ | ᠠᠷᠪᠠᠨ ᠭᠤᠷᠪᠠ ᠤᠳᠠᠭ᠎ᠠ ᠪᠠᠶᠢᠯᠳᠤᠵᠤ᠂ ᠲᠠᠲ᠋ᠠᠷ ᠠᠶᠢᠮᠠᠭ ᠢ ᠶᠡᠬᠡᠳᠠ ᠲᠡᠶᠢᠯᠦᠭᠰᠡᠨ ᠪᠠᠶᠢᠨ᠎ᠠ᠃ ᠬᠤᠳᠠᠯᠠ ᠪᠠᠰᠠ | ᠠᠯᠳᠠᠨ ᠤᠯᠤᠰ ᠤᠨ ᠨᠤᠶᠠᠷᠬᠠᠵᠤ ᠪᠠᠶᠢᠭᠰᠠᠨ ᠨᠤᠳᠤᠭ ᠲᠤ ᠲᠤᠪᠳᠤᠯᠤᠨ ᠤᠷᠤᠵᠤ᠂ ᠲᠡᠳᠡᠨ ᠢ ᠶᠡᠷᠤ ᠠᠮᠤᠷ | ᠪᠠᠶᠢᠯᠭᠠᠬᠤ ᠦᠭᠡᠢ ᠲᠤᠯᠠ᠂ ᠠᠯᠳᠠᠨ ᠤᠯᠤᠰ ᠶᠡᠭᠡ ᠴᠡᠷᠢᠭ ᠬᠦᠳᠡᠯᠬᠡᠵᠤ ᠮᠤᠩᠭᠤᠯ ᠠᠶᠢᠮᠠᠭ ᠢ ᠲᠤᠪᠳᠤᠯᠪᠠ᠃ | ᠬᠡᠪᠡᠴᠤ ᠬᠤᠳᠠᠯᠠ ᠬᠠᠭᠠᠨ ᠤ ᠪᠠᠭᠠᠳᠤᠷᠯᠢᠭ ᠲᠡᠮᠡᠴᠡᠯ ᠢᠶᠠᠷ ᠠᠯᠳᠠᠨ ᠤᠯᠤᠰ ᠶᠠᠭᠠᠬᠢᠬᠤ ᠶᠢᠨ ᠠᠷᠭ᠎ᠠ ᠦᠭᠡᠢ ᠪᠤᠯᠵᠤ | ᠡᠴᠤᠰ ᠲᠤ ᠬᠤᠳᠠᠯᠠ ᠬᠠᠭᠠᠨ ᠲᠠᠢ ᠡᠪᠰᠡᠪᠡ᠃ | ᠲᠡᠭᠡᠭᠡᠳ ᠬᠤᠳᠠᠯᠠ ᠬᠠᠭᠠᠨ ᠤ ᠨᠡᠷ᠎ᠡ ᠠᠯᠳᠠᠷ ᠬᠤᠯᠠ ᠤᠶᠢᠷ᠎ᠠ ᠲᠠᠭᠤᠷᠢᠰᠴᠤ᠂ ᠲᠡᠬᠦᠨ ᠤ | ᠲᠤᠬᠠᠢ ᠲᠤᠮᠤᠭ ᠤᠯᠠᠨ ᠭᠠᠷᠤᠯ᠎ᠠ᠃ | ᠤᠯᠠᠮᠵᠢᠯᠡᠨ ᠶᠠᠷᠢᠯᠴᠠᠬᠤ ᠪᠠᠷ᠂ ᠨᠢᠬᠡᠨ ᠡᠳᠤᠷ ᠬᠤᠳᠠᠯᠠ ᠬᠠᠭᠠᠨ ᠠᠯᠳᠠᠨ ᠤᠯᠤᠰ ᠲᠠᠢ | ᠲᠤᠯᠤᠯᠳᠤᠭᠠᠳ ᠪᠤᠴᠠᠵᠤ ᠢᠷᠡᠬᠦ ᠳᠡᠭᠡᠨ ᠰᠢᠳᠡᠷ ᠴᠡᠷᠢᠭ ᠤᠨ ᠢᠶᠠᠨ ᠬᠠᠮᠳᠤ ᠠᠪᠠ ᠬᠢᠵᠤ ᠶᠠᠪᠤᠵᠤ ᠪᠠᠶᠢᠭᠠᠳ | ᠬᠡᠨᠡᠳᠳᠠ ᠲᠦᠷᠪᠡᠨ④ ᠠᠶᠢᠮᠠᠭ ᠤᠨ ᠬᠦᠮᠦᠰ ᠲᠠᠢ ᠲᠠᠭᠠᠷᠠᠯᠳᠤᠵᠤ ᠬᠡᠨ᠎ᠡ᠃ ᠰᠢᠳᠡᠷ ᠴᠡᠷᠢᠭ ᠤᠳ ᠨᠢ ᠲᠡᠪᠬᠢᠨ | ᠲᠤᠳᠠᠭᠠᠭᠰᠠᠨ ᠪᠤᠯᠪᠠᠴᠤ ᠬᠤᠳᠠᠯᠠ ᠬᠠᠭᠠᠨ ᠤ ᠮᠤᠷᠢ ᠨᠠᠮᠤᠭ ᠲᠤ ᠰᠢᠪᠠᠷᠳᠠᠨ ᠤᠷᠤᠨ ᠠᠴᠠ ᠪᠠᠨ ᠬᠦᠳᠡᠯᠬᠦ ᠦᠭᠡᠢ | ᠪᠤᠯᠪᠠ᠃ ᠬᠤᠳᠠᠯᠠ ᠬᠠᠭᠠᠨ ᠰᠠᠨᠳᠤᠷᠬᠤ ᠳᠠᠭᠠᠨ ᠮᠤᠷᠢᠨ ᠲᠡᠭᠡᠷ᠎ᠡ ᠠᠴᠠ ᠪᠠᠨ ᠨᠢᠬᠡ ᠯᠡ ᠦᠰᠦᠷᠦᠨ ᠨᠠᠭᠤᠷ ᠤᠨ | ᠴᠢᠨᠠᠳᠤ ᠢᠷᠮᠡᠭ ᠲᠤ ᠭᠠᠷᠪᠠ᠃ ᠲᠦᠷᠪᠡᠨ ᠠᠶᠢᠮᠠᠭ ᠤᠨ ᠬᠢᠨ ᠲᠡᠬᠦᠨ ᠤ ᠮᠤᠷᠢ ᠦᠭᠡᠢ ᠪᠤᠯᠤᠭᠰᠠᠨ ᠢ ᠦᠵᠡᠬᠡᠳ᠄ | ︽ᠮᠤᠩᠭᠤᠯ ᠬᠦᠮᠦᠨ ᠮᠤᠷᠢ ᠠᠴᠠ ᠪᠠᠨ ᠰᠠᠯᠪᠠᠯ ᠶᠠᠮᠠᠷ ᠲᠤᠰᠠ ᠪᠠᠶᠢᠬᠤ ᠪᠤᠢ︖︾ ᠬᠡᠵᠤ ᠴᠢᠨᠠᠭᠰᠢ ᠨᠡᠬᠡᠬᠦ ᠪᠠᠨ | ᠪᠠᠶᠢᠪᠠ᠃ | ᠬᠤᠳᠠᠯᠠ ᠬᠠᠭᠠᠨ ᠠᠮᠢᠳᠤ ᠭᠠᠷᠴᠤ ᠪᠤᠴᠠᠵᠤ ᠢᠷᠡᠬᠦ ᠳᠤ᠂ ᠲᠡᠬᠦᠨ ᠤ ᠬᠡᠷ ᠲᠤ ᠲᠠᠬᠢᠯ | ᠲᠠᠪᠢᠭ ᠪᠡᠯᠡᠳᠬᠡᠨ ᠭᠠᠰᠢᠭᠤᠳᠠᠯ ᠬᠢᠬᠦ ᠬᠡᠵᠤ ᠪᠠᠶᠢᠪᠠ᠃ ᠬᠤᠳᠠᠯᠠ ᠬᠠᠭᠠᠨ ᠶᠡᠬᠡᠳᠠ ᠭᠠᠶᠢᠬᠠᠨ ᠤᠴᠢᠷ ᠢ ᠠᠰᠠᠭᠤᠪᠠᠯ | ᠂ ᠶᠢᠰᠦᠬᠡᠢ ᠪᠠᠭᠠᠳᠤᠷ ᠨᠠᠷ᠄ ︽ᠪᠢᠳᠠ ᠴᠢᠮᠠᠢᠢ ᠲᠦᠷᠪᠡᠨ ᠠᠶᠢᠮᠠᠭ ᠤᠨ ᠬᠦᠮᠦᠨ ᠳᠤ ᠠᠯᠠᠭᠳᠠᠵᠤ ᠬᠡᠵᠤ ᠁︾ | ᠬᠡᠳ ᠴᠢᠨᠠᠭᠰᠢ ᠶᠠᠭᠤ ᠬᠡᠵᠤ ᠬᠡᠯᠡᠬᠦ ᠪᠠᠨ ᠤᠯᠬᠤ ᠦᠭᠡᠢ ᠪᠤᠯᠪᠠ᠃ ᠬᠤᠳᠠᠯᠠ ᠬᠠᠭᠠᠨ ᠤᠴᠢᠷ ᠢ ᠮᠡᠳᠡᠵᠤ᠂ | ᠬᠠᠳᠠᠭᠠᠨᠳᠠᠯᠠ ᠢᠨᠢᠶᠡᠨ᠄ | ︽ᠬᠤᠳᠠᠯᠠ ᠪᠢ ᠲᠡᠶᠢᠮᠤ ᠠᠮᠠᠷᠬᠠᠨ ᠦᠬᠦᠬᠦ ᠬᠦᠮᠦᠨ ᠮᠦᠨ ᠤᠤ︖ ᠵᠠ ᠲᠡᠬᠡᠪᠡᠯ ᠠᠮᠤᠷ | ᠮᠡᠨᠳᠤ ᠵᠤᠯᠭᠠᠭᠰᠠᠨ ᠳᠠᠭᠠᠨ ᠬᠤᠷᠢᠮᠯᠠᠨ ᠨᠠᠶᠢᠷᠠᠯᠵᠠᠭᠠᠶᠠ︕︾ ᠬᠡᠰᠡᠨ ᠳᠤ ᠬᠦᠮᠦᠰ ᠤᠨ ᠰᠡᠳᠬᠢᠯ ᠭᠠᠰᠢᠭᠤᠳᠠᠯ | ᠠᠴᠠ ᠪᠠᠨ ᠪᠡᠶᠠᠷ ᠪᠤᠯᠤᠨ ᠬᠤᠪᠢᠷᠠᠵᠤ᠂ ᠲᠡᠬᠢᠯ ᠲᠠᠪᠢᠭ ᠢ ᠬᠤᠷᠢᠶᠠᠨ ᠠᠪᠴᠤ᠂ ᠦᠪᠳᠡᠭᠰᠢ ᠶᠡᠭᠡ ᠬᠤᠷᠢᠮ | ᠪᠡᠯᠡᠳᠬᠡᠵᠤ ᠬᠤᠳᠠᠯᠠ ᠬᠠᠭᠠᠨ ᠤ ᠠᠮᠤᠷ ᠮᠡᠨᠳᠤ ᠪᠤᠴᠠᠵᠤ ᠢᠷᠡᠭᠰᠡᠨ ᠢ ᠪᠡᠯᠬᠡᠯᠡᠨ᠂ ᠲᠡᠬᠦᠨ ᠤ ᠠᠯᠳᠠᠷ ᠭᠠᠪᠢᠶ᠎ᠡ ᠶᠢ | ᠮᠠᠭᠳᠠᠨ ᠲᠠᠭᠤᠯᠠᠭᠰᠠᠨ ᠨᠢ᠄ | ᠪᠠᠷᠰ ᠢᠷᠪᠢᠰ ᠲᠠᠭᠠᠷᠠᠯᠳᠤᠪᠠᠯ | ᠪᠠᠭᠠᠯᠵᠤᠷᠳᠠᠨ ᠨᠤᠴᠤᠯᠳᠤᠳᠠᠭ ᠬᠤᠳᠠᠯᠠ | ᠪᠠᠶᠢᠯᠳᠤᠭᠠᠨ ᠲᠤᠯᠤᠯᠳᠤᠭᠠᠨ ᠪᠤᠯᠪᠠᠯ | ᠪᠠᠶᠠᠷᠯᠠᠨ ᠬᠠᠷᠠᠶᠢᠳᠠᠭ ᠬᠤᠳᠠᠯᠠ | ᠭᠠᠩ ᠲᠡᠮᠤᠷ ᠬᠤᠶᠠᠭ ᠢᠶᠠᠨ ᠡᠮᠤᠰᠴᠤ | ᠭᠠᠳᠠᠰᠤ ᠴᠦᠴᠡᠨ ᠵᠢᠳᠠ ᠪᠠᠨ ᠪᠠᠷᠢᠵᠤ | ᠭᠠᠯ ᠪᠤᠳᠠᠷᠠᠭᠤᠯᠤᠨ | ᠭᠠᠪᠰᠢᠭᠠᠶᠢᠯᠠᠨ ᠪᠠᠶᠢᠯᠳᠤᠬᠤ ᠳᠤ | ᠵᠠᠮ ᠳᠤᠨᠢ ᠲᠠᠭᠠᠷᠠᠯᠳᠤᠭᠰᠠᠨ ᠬᠦᠮᠦᠨ | ᠵᠠᠶᠢᠯᠠᠬᠤ ᠵᠠᠪ ᠤᠯᠬᠤ ᠦᠭᠡᠢ | ᠵᠠᠬ᠎ᠠ ᠳᠤᠨᠢ ᠬᠠᠪᠢᠳᠠᠭᠰᠠᠨ ᠬᠦᠮᠦᠨ | ᠵᠢᠭᠤᠳᠠᠬᠤ ᠴᠢᠯᠦᠬᠡ ᠤᠯᠬᠤ ᠦᠭᠡᠢ | ᠤᠬᠤᠰᠬᠢᠨ ᠵᠢᠳᠠᠯᠠᠬᠤ ᠳᠤᠨᠢ | ᠤᠬᠠᠭ᠎ᠠ ᠠᠯᠳᠠᠨ ᠦᠬᠦᠵᠡᠬᠡᠨᠡ | ᠤᠷᠪᠠᠭᠠᠳ ᠬᠠᠷᠪᠤᠬᠤ ᠳᠤᠨᠢ | ᠤᠨᠳᠤᠢ ᠰᠤᠨᠳᠤᠢ ᠬᠡᠪᠳᠡᠵᠡᠬᠡᠨᠡ ᠁ | | | | ᠲᠠᠶᠢᠯᠪᠤᠷᠢ | ① ᠬᠡᠬᠡᠯᠢ — ᠡᠷᠳᠡ ᠲᠡᠭᠡᠷ᠎ᠡ ᠦᠶ᠎ᠡ ᠳᠤ ᠬᠦᠮᠦᠨ ᠤ ᠬᠡᠪᠡᠯᠢ ᠶᠢ ᠬᠡᠬᠡᠯᠢ ᠬᠡᠵᠤ ᠴᠦ | ᠬᠡᠯᠡᠳᠡᠭ ᠪᠠᠶᠢᠵᠠᠢ᠃ | ② ᠵᠦᠪᠦᠷ — ᠬᠡᠬᠡᠷ᠎ᠡ ᠲᠠᠯ᠎ᠠ᠃ | ③ ᠲᠡᠪᠰᠡᠨ ᠪᠦᠵᠢᠭᠯᠡᠪᠡ — ᠡᠷᠳᠡᠨ ᠤ ᠮᠤᠩᠭᠤᠯᠴᠤᠳ ᠤᠨ ᠪᠦᠵᠢᠭᠯᠡᠬᠦ ᠨᠢᠬᠡᠨ ᠬᠡᠯᠪᠡᠷᠢ | ᠃ ᠪᠠᠰᠠ ᠲᠡᠪᠰᠡᠬᠦ ᠪᠦᠵᠢᠭ ᠴᠦ ᠬᠡᠳᠡᠭ᠃ | ④ ᠲᠦᠷᠪᠡᠨ — ᠤᠪᠤᠭ ᠠᠶᠢᠮᠠᠭ ᠤᠨ ᠨᠡᠷ᠎ᠡ᠂ ᠲᠤᠸᠠ ᠰᠤᠬᠤᠷ ᠤᠨ ᠬᠤᠶᠢᠴᠢ ᠦᠶ᠎ᠡ | ᠪᠤᠶᠤ᠃ | | | | ᠡᠮᠤᠨᠡᠬᠢ ᠦᠯᠢᠬᠡᠷ᠄ ᠬᠠᠶᠢᠳᠤ ᠶᠢ ᠠᠪᠤᠷᠠᠭᠰᠠᠨ | ᠬᠤᠶᠢᠨᠠᠡᠬᠢ ᠦᠯᠢᠬᠡᠷ᠄ ᠶᠢᠰᠦᠬᠡᠢ ᠪᠠᠭᠠᠳᠤᠷ ᠦᠬᠡᠯᠤᠨ ᠦᠵᠢᠨ ᠢ ᠤᠯᠤᠭᠰᠠᠨ | |