| | ᠪᠤᠳᠠᠨᠴᠠᠷ ᠤᠨ ᠤᠮᠪᠤᠯ ᠮᠠᠨᠠᠨ ᠲᠤᠳᠤᠨ ᠤ ᠡᠬᠡᠨᠡᠷ ᠨᠠᠮᠤᠯᠤᠨ ᠬᠡᠭᠴᠢ ᠨᠢᠬᠡᠨ ᠲᠤᠭᠰᠢᠨ ᠵᠠᠩ | ᠲᠠᠢ ᠡᠮᠡᠭᠳᠡᠢ ᠪᠠᠶᠢᠵᠠᠢ᠃ ᠡᠨᠡ ᠨᠡᠮᠤᠯᠤᠨ ᠡᠬᠡ ᠪᠤᠯ ᠡᠳ᠋ ᠠᠭᠤᠷᠠᠰᠤ ᠴᠤᠭᠯᠠᠭᠤᠯᠬᠤ ᠲᠤᠷᠠᠳᠠᠢ᠂ ᠶᠡᠭᠡ ᠪᠠᠶᠠᠨ | ᠴᠢᠨᠡᠬᠡᠯᠢᠭ ᠬᠦᠮᠦᠨ ᠶᠤᠮ᠃ ᠲᠡᠬᠦᠨ ᠤ ᠠᠳᠤᠭᠤ ᠮᠠᠯ ᠴᠤᠬᠤᠮ ᠬᠡᠳᠤᠢ ᠪᠠᠶᠢᠬᠤ ᠶᠢ ᠲᠡᠷᠡ ᠦᠪᠡᠷ ᠢᠶᠠᠨ ᠴᠦ ᠡᠰᠡ | ᠮᠡᠳᠡᠨ᠎ᠡ᠂ ᠭᠠᠭᠴᠠ ︽ᠪᠡᠯᠴᠢᠬᠡᠷ ᠮᠢᠨᠢ ᠠᠯᠠᠭᠯᠠᠨ ᠬᠠᠷᠠᠭᠳᠠᠬᠤ ᠦᠭᠡᠢ ᠪᠤᠯ ᠠᠳᠤᠭᠤ ᠮᠠᠯ ᠮᠢᠨᠢ ᠪᠦᠷᠢᠨ ᠪᠠᠶᠢᠨ᠎ᠠ︾ | ᠬᠡᠵᠤ ᠯᠡ ᠮᠡᠳᠡᠳᠡᠭ ᠪᠠᠶᠢᠵᠠᠢ᠃ | ᠨᠠᠮᠤᠯᠤᠨ ᠡᠬᠡ ᠠᠴᠠ ᠬᠠᠴᠢ ᠬᠦᠯᠦᠭ᠂ ᠬᠠᠴᠢᠨ᠂ ᠬᠠᠴᠢᠤ᠂ ᠬᠠᠴᠤᠯᠠ᠂ ᠬᠠᠴᠢᠭᠤᠨ᠂ | ᠨᠠᠴᠢᠨ ᠪᠠᠭᠠᠳᠤᠷ ᠬᠡᠳᠡᠭ ᠲᠤᠯᠤᠭᠠᠨ ᠬᠦᠦ ᠲᠠᠢ᠃ ᠮᠠᠨᠠᠨ ᠲᠤᠳᠤᠨ ᠡᠷᠳᠡ ᠦᠭᠡᠢ ᠪᠤᠯᠵᠤ᠂ ᠡᠨᠡ ᠲᠤᠯᠤᠭᠠᠨ | ᠬᠡᠤᠬᠡᠳ ᠨᠢ ᠪᠦᠷ ᠡᠬᠡ ᠶᠢᠨ ᠢᠶᠠᠨ ᠭᠠᠷ ᠲᠡᠭᠡᠷ᠎ᠡ ᠦᠬᠡᠯᠡᠢ ᠪᠤᠯᠪᠠ᠃ ᠨᠠᠮᠤᠯᠤᠨ ᠡᠬᠡ ᠬᠡᠤᠬᠡᠳ ᠲᠡᠭᠡᠨ ᠲᠤᠩ | ᠬᠠᠶᠢᠷᠠᠳᠠᠢ᠂ ᠲᠡᠷᠡ ᠦᠷᠬᠦᠯᠵᠢ ᠪᠡᠶ᠎ᠡ ᠪᠠᠷ ᠢᠶᠠᠨ ᠲᠡᠳᠡᠨ ᠢ ᠲᠠᠭᠠᠭᠤᠯᠤᠨ ᠮᠤᠷᠢ ᠤᠷᠤᠯᠳᠤᠨ ᠰᠤᠮᠤ ᠬᠠᠷᠪᠤᠯᠳᠤᠵᠤ᠂ | ᠠᠩ ᠬᠦᠷᠦᠬᠡ ᠬᠢᠳᠡᠭ ᠲᠤᠯᠠ ᠲᠤᠯᠤᠭᠠᠨ ᠬᠡᠤᠬᠡᠳ ᠨᠢ ᠪᠠᠭ᠎ᠠ ᠠᠴᠠ ᠪᠠᠨ ᠪᠦᠷ ᠡᠷᠡᠯᠬᠡᠭ ᠪᠠᠭᠠᠳᠤᠷ ᠪᠠᠶᠢᠵᠠᠢ᠃ | ᠨᠢᠬᠡᠨ ᠡᠳᠤᠷ᠂ ᠨᠠᠮᠤᠯᠤᠨ ᠡᠬᠡ ᠲᠡᠷᠬᠡᠨ ᠳᠤ ᠰᠠᠭᠤᠭᠠᠳ ᠭᠠᠳᠠᠭᠰᠢ ᠶᠠᠪᠤᠵᠤ ᠪᠠᠶᠢᠳᠠᠯ᠎ᠠ᠂ | ᠤᠶᠢᠷ᠎ᠠ ᠵᠡᠷᠬᠡᠯᠳᠡᠭᠡ ᠤᠷᠤᠰᠢᠬᠤ ᠵᠠᠯᠠᠶᠢᠷ ᠠᠶᠢᠮᠠᠭ ᠤᠨ ᠪᠦᠯᠦᠭ ᠬᠡᠤᠬᠡᠳ ᠪᠡᠯᠴᠢᠬᠡᠷ ᠲᠤᠨᠢ ᠰᠦᠳᠡᠰᠤᠨ① | ᠦᠨᠳᠤᠰᠤ ᠤᠬᠤᠵᠤ ᠪᠠᠶᠢᠬᠤ ᠲᠠᠢ ᠲᠠᠭᠠᠷᠠᠯᠳᠤᠪᠠ᠃ ᠨᠠᠮᠤᠯᠤᠨ ᠡᠬᠡ᠄ | ︽ᠲᠠᠨᠠᠷ ᠮᠢᠨᠤ ᠪᠡᠯᠴᠢᠬᠡᠷ ᠲᠤ ᠨᠦᠬᠡ ᠮᠠᠯᠳᠠᠨ ᠤᠩᠬᠢᠴᠠᠭᠠᠳ᠂ ᠮᠢᠨᠤ ᠬᠡᠤᠬᠡᠳ ᠢ ᠮᠤᠷᠢᠨ | ᠠᠴᠠ ᠨᠢ ᠤᠶᠢᠴᠢᠭᠤᠯᠵᠤ ᠠᠯᠠᠬᠤ ᠬᠡᠵᠤ ᠪᠠᠶᠢᠨ᠎ᠠ ᠤᠤ︖ ᠦᠳᠳᠡᠷ ᠲᠤᠨᠢᠯ︕︾ ᠬᠡᠵᠤ ᠵᠠᠩᠳᠤᠨ ᠬᠡᠯᠡᠭᠰᠡᠨ ᠳᠤ | ᠂ ᠵᠠᠯᠠᠶᠢᠷ ᠠᠶᠢᠮᠠᠭ ᠤᠨ ᠬᠡᠤᠬᠡᠳ ᠦᠯᠤ ᠰᠤᠨᠤᠰᠤᠭᠴᠢ ᠪᠤᠯᠤᠨ ᠮᠦᠨ ᠯᠡ ᠰᠦᠳᠡᠰᠤᠨ ᠦᠨᠳᠤᠰᠤ ᠪᠠᠨ ᠤᠬᠤᠵᠤ | ᠪᠠᠶᠢᠪᠠ᠃ ᠡᠨᠡ ᠵᠠᠯᠠᠶᠢᠷ ᠠᠶᠢᠮᠠᠭ ᠪᠤᠯ ᠤᠤᠯ ᠨᠢ ᠬᠡᠷᠤᠯᠤᠨ ᠮᠦᠷᠡᠨ ᠤ ᠬᠤᠶᠢᠳᠤ ᠲᠠᠯ᠎ᠠ ᠪᠠᠷ ᠨᠤᠳᠤᠭᠯᠠᠵᠤ | ᠪᠠᠶᠢᠭᠠᠳ ᠦᠪᠡᠷ ᠤᠨ ᠬᠦᠴᠦᠷᠬᠡᠭ ᠲᠡᠭᠡᠨ ᠡᠷᠳᠤᠵᠤ ᠬᠢᠳᠠᠨ ᠤ ᠴᠡᠷᠢᠭ ᠢ ᠪᠠᠰᠤᠮᠵᠢᠯᠠᠨ ᠲᠠᠮᠳᠤᠭ ᠪᠤᠯᠳᠠᠯ᠎ᠠ | ᠲᠡᠶᠢᠯᠦᠭᠳᠡᠬᠡᠳ ᠬᠡᠷᠦᠯᠤᠨ ᠮᠦᠷᠡᠨ ᠤ ᠬᠤᠶᠢᠳᠤ ᠲᠠᠯ᠎ᠠ ᠠᠴᠠ ᠨᠡᠬᠦᠳᠡᠯᠯᠡᠨ ᠢᠷᠡᠵᠤ ᠨᠠᠮᠤᠯᠤᠨ ᠡᠬᠡ ᠶᠢᠨ ᠪᠡᠯᠴᠢᠬᠡᠷ | ᠲᠤ ᠵᠠᠬ᠎ᠠ ᠨᠡᠶᠢᠯᠡᠨ ᠪᠠᠭᠤᠭᠰᠠᠨ ᠳᠤ᠂ ᠨᠠᠮᠤᠯᠤᠨ ᠡᠬᠡ ᠪᠠᠭ᠋ᠠᠨ ᠲᠤᠷ᠎ᠠ ᠦᠬᠡᠶᠢᠴᠡᠵᠣ ᠪᠠᠶᠢᠪᠠ᠃ ᠤᠳᠤ ᠲᠡᠳᠡᠨ ᠤ | ᠬᠡᠤᠬᠡᠳ ᠢᠷᠡᠵᠤ ᠪᠡᠯᠴᠢᠭᠡᠷ ᠢ ᠨᠢ ᠦᠬᠡᠢ ᠬᠢᠬᠦ ᠪᠠᠷ ᠦᠯᠦ ᠪᠠᠷᠠᠨ᠂ ᠦᠬᠡ ᠶᠢ ᠨᠢ ᠰᠤᠨᠤᠰᠬᠤ ᠦᠭᠡᠢ ᠪᠤᠯᠤᠭᠰᠠᠨ | ᠳᠤ ᠨᠠᠮᠤᠯᠤᠨ ᠡᠬᠡ ᠠᠭᠤᠷ ᠢᠶᠠᠨ ᠲᠠᠷᠤᠵᠤ ᠶᠠᠳᠠᠨ᠂ ᠲᠡᠷᠬᠡ ᠪᠠᠨ ᠬᠦᠳᠡᠯᠬᠡᠨ ᠤᠳᠴᠤ ᠵᠠᠯᠠᠶᠢᠷ ᠠᠶᠢᠮᠠᠭ ᠤᠨ | ᠬᠡᠳᠤᠨ ᠬᠡᠤᠬᠡᠳ ᠢ ᠲᠠᠭᠠᠷᠢᠭᠤᠯᠤᠨ ᠠᠯᠠᠵᠤ ᠰᠢᠷᠬᠠᠳᠤᠭᠤᠯᠪᠠ᠃ ᠠᠮᠢᠳᠤ ᠭᠠᠷᠤᠭᠰᠠᠨ ᠬᠡᠤᠬᠡᠳ ᠤᠤᠯᠭ᠎ᠠ ᠠᠯᠳᠠᠨ | ᠲᠤᠳᠠᠭᠠᠨ ᠬᠠᠷᠢᠵᠤ ᠡᠴᠢᠬᠡ ᠡᠬᠡ ᠳᠡᠭᠡᠨ ᠬᠡᠯᠡᠭᠰᠡᠨ ᠳᠤ᠂ ᠵᠠᠯᠠᠶᠢᠷ ᠠᠶᠢᠮᠠᠭ ᠤᠨ ᠬᠢᠨ ᠬᠤᠷᠤᠰᠤᠨ ᠵᠠᠨᠤᠵᠤ᠂ | ᠪᠦᠬᠦᠳᠡᠬᠡᠷ ᠲᠠᠭᠠᠷᠢᠨ ᠢᠷᠡᠵᠤ ᠨᠠᠮᠤᠯᠤᠨ ᠡᠬᠡ ᠶᠢᠨ ᠠᠳᠤᠭᠤ ᠮᠠᠯ ᠢ ᠪᠦᠷ ᠪᠤᠯᠢᠶᠠᠨ ᠠᠪᠠᠴᠢᠪᠠ᠃ ᠨᠠᠮᠤᠯᠤᠨ ᠡᠭᠡ | ᠶᠢᠨ ᠬᠡᠤᠬᠡᠳ ᠬᠤᠶᠠᠭ ᠵᠡᠪᠰᠡᠭ ᠢᠶᠠᠨ ᠴᠦ ᠠᠪᠴᠤ ᠵᠠᠪᠳᠤᠯ ᠦᠭᠡᠢ ᠬᠤᠭᠤᠰᠤᠨ ᠭᠠᠷ ᠲᠠᠯ᠎ᠠᠶᠢᠨ ᠬᠤᠶᠢᠨ᠎ᠡ ᠠᠴᠠ | ᠨᠢ ᠨᠡᠬᠡᠨ ᠤᠳᠪᠡ᠂ ᠨᠠᠮᠤᠯᠤᠨ ᠡᠬᠡ ᠶᠡᠭᠡ ᠪᠡᠷᠢ ᠪᠠᠨ ᠵᠠᠷᠤᠵᠤ ᠬᠤᠶᠠᠭ ᠵᠡᠪᠰᠡᠭ ᠢ ᠨᠢ ᠬᠦᠷᠬᠡᠯᠬᠡᠭᠰᠨ ᠳᠤ ᠪᠡᠷᠢ ᠨᠢ | ᠬᠦᠷᠬᠦ ᠠᠴᠠ ᠡᠮᠤᠨ᠎ᠡ ᠬᠡᠤᠬᠡᠳ ᠨᠢ ᠪᠦᠷ ᠠᠯᠠᠭᠳᠠᠪᠠ᠃ ᠵᠠᠯᠠᠶᠢᠷᠴᠤᠳ ᠲᠡᠶᠢᠯᠦᠭᠰᠡᠨ ᠬᠦᠴᠦᠨ ᠳᠡᠭᠡᠨ ᠲᠠᠭᠠᠷᠢᠨ | ᠢᠷᠡᠵᠤ ᠨᠠᠮᠤᠯᠤᠨ ᠡᠬᠡ ᠶᠢ ᠴᠦ ᠠᠯᠠᠭᠰᠠᠨ ᠢᠶᠠᠷ ᠪᠠᠷᠠᠬᠤ ᠦᠭᠡᠢ᠂ ᠲᠡᠬᠦᠨ ᠤ ᠤᠭᠰᠠᠭ᠎ᠠ ᠲᠦᠷᠦᠯ ᠢ ᠪᠦᠷᠢᠨ | ᠬᠢᠳᠦᠵᠤ᠂ ᠡᠳ᠋ ᠠᠭᠤᠷᠠᠰᠤ ᠶᠢ ᠨᠢ ᠴᠦᠮ ᠲᠠᠯᠠᠪᠠ᠃ | ᠭᠠᠭᠴᠠ ᠨᠠᠮᠤᠯᠤᠨ ᠡᠬᠡ ᠶᠢᠨ ᠤᠳᠬᠤᠨ ᠬᠦᠦ ᠨᠠᠴᠢᠨ ᠪᠠᠭᠠᠳᠤᠷ ᠪᠠᠷᠭᠤ ᠠᠶᠢᠮᠠᠭ ᠲᠤ | ᠬᠦᠷᠬᠡᠨ ᠪᠤᠯᠵᠤ ᠲᠠᠨᠳᠠ ᠪᠠᠶᠢᠭᠰᠠᠨ ᠲᠤᠯᠠ ᠠᠶᠤᠯ ᠳᠤ ᠤᠴᠠᠷᠠᠭ᠎ᠠ ᠦᠭᠡᠢ ᠪᠠᠶᠢᠵᠠᠢ᠃ ᠡᠬᠡ ᠪᠤᠯᠤᠨ ᠠᠬ᠎ᠠ ᠨᠠᠷ | ᠤᠨ ᠢᠶᠠᠨ ᠠᠯᠠᠭᠳᠠᠭᠰᠠᠨ ᠴᠢᠮᠡᠭᠡ ᠶᠢ ᠰᠤᠨᠤᠰᠤᠭᠠᠳ ᠲᠡᠷᠡ ᠬᠡᠷ ᠲᠡᠭᠡᠨ ᠪᠤᠴᠠᠵᠤ ᠢᠷᠡᠬᠡᠳ ᠦᠵᠡᠭᠰᠡᠨ ᠴᠢᠨᠢ ᠬᠡᠷ | ᠬᠤᠷᠤᠭ᠎ᠠ ᠨᠢ ᠭᠠᠯᠳᠠᠭᠳᠠᠨ᠂ ᠤᠭᠰᠠᠭ᠎ᠠ ᠲᠦᠷᠦᠯ ᠨᠢ ᠬᠢᠳᠤᠭᠳᠠᠭᠠᠳ᠂ ᠰᠢᠷᠬᠠᠳᠤᠵᠤ ᠴᠢᠰᠤ ᠨᠦᠵᠢ ᠪᠤᠯᠤᠭᠰᠠᠨ | ᠵᠠᠷᠤᠴᠠ ᠨᠠᠷ ᠨᠢ ᠶᠤᠶᠢᠯᠠᠨ ᠬᠠᠶᠢᠯᠠᠵᠤ᠂ ᠬᠠᠷᠠᠬᠤᠶ᠎ᠠ ᠪᠡᠷᠬᠡ ᠪᠠᠶᠢᠯ᠎ᠠ᠃ | ᠨᠠᠴᠢᠨ ᠪᠠᠭᠠᠳᠤᠷ ᠨᠢᠬᠡᠨ ᠴᠠᠭ ᠲᠤ ᠶᠠᠭᠠᠬᠢᠬᠤ ᠪᠠᠨ ᠤᠯᠬᠤ ᠦᠭᠡᠢ ᠮᠡᠯᠡᠷᠡᠨ ᠵᠤᠭᠰᠤᠵᠤ | ᠪᠠᠶᠢᠳᠠᠯ᠎ᠠ ᠰᠢᠳᠠᠵᠤ ᠪᠠᠶᠢᠭ᠎ᠠ ᠲᠦᠯᠡᠭᠡ ᠶᠢᠨ ᠲᠤᠮᠳᠠ ᠬᠡᠨᠡᠳᠳᠠ ᠬᠡᠤᠬᠡᠳ ᠤᠨ ᠤᠬᠢᠯᠠᠬᠤ ᠲᠠᠭᠤᠨ ᠭᠠᠷᠪᠠ᠃ ᠲᠡᠷᠡ | ᠶᠠᠭᠠᠷᠠᠨ ᠤᠴᠢᠵᠤ ᠲᠦᠯᠡᠭᠡ ᠶᠢ ᠰᠢᠯᠵᠢᠬᠦᠯᠦᠨ ᠦᠵᠡᠪᠡᠯ᠂ ᠬᠠᠷᠢᠨ ᠶᠡᠭᠡ ᠠᠬ᠎ᠠ ᠬᠤᠴᠢ ᠬᠦᠯᠦᠭ ᠤᠨ ᠬᠢᠨᠢ ᠬᠦᠦ | ᠬᠠᠶᠢᠳᠤ② ᠪᠠᠶᠢᠪᠠ᠃ ᠨᠠᠴᠢᠨ ᠪᠠᠭᠠᠳᠤᠷ ᠬᠠᠶᠢᠳᠤ ᠶᠢ ᠲᠡᠪᠡᠷᠢᠨ ᠠᠪᠴᠤ ᠡᠰᠢ ᠲᠡᠰᠢ ᠠᠵᠢᠭᠯᠠᠪᠠᠯ᠂ ᠲᠡᠬᠦᠨ ᠠᠴᠠ | ᠲᠡᠮᠡᠢ ᠬᠤᠯᠠ ᠦᠭᠡᠢ ᠬᠦᠬᠦᠬᠦᠯᠳᠤ ᠡᠬᠡ ᠨᠢ ᠬᠤᠶᠠᠷ ᠭᠠᠷ ᠢᠶᠠᠨ ᠤᠪᠤᠭ᠎ᠠ ᠲᠠᠢ ᠲᠦᠯᠡᠭᠡ ᠵᠦᠭ ᠰᠤᠩᠭᠠᠭᠰᠠᠨ | ᠬᠡᠪ ᠢᠶᠠᠷ ᠠᠯᠠᠭᠳᠠᠭᠰᠠᠨ ᠪᠠᠶᠢᠪᠠ᠃ ᠪᠤᠳᠤᠪᠠᠯ ᠵᠠᠯᠠᠶᠢᠷᠴᠤᠳ ᠢ ᠢᠷᠡᠬᠦ ᠦᠶ᠎ᠡ ᠳᠤ ᠬᠦᠬᠦᠬᠦᠯᠳᠤ ᠡᠬᠡ ᠨᠢ ᠬᠠᠶᠢᠳᠤ | ᠶᠢ ᠮᠡᠩᠳᠠ ᠰᠡᠩᠳᠠ ᠲᠦᠯᠡᠭᠡ ᠶᠢᠨ ᠲᠤᠮᠳᠠ ᠨᠢᠭᠤᠵᠤ ᠲᠠᠯᠪᠢᠭᠠᠳ ᠦᠪᠡᠷ ᠢᠶᠠᠨ ᠠᠯᠠᠭᠳᠠᠭᠰᠠᠨ ᠪᠠᠶᠢᠨ᠎ᠠ᠃ ᠨᠠᠴᠢᠨ | ᠪᠠᠭᠠᠳᠤᠷ ᠪᠢᠰᠢᠷᠡᠩᠬᠦᠢ ᠬᠠᠷᠠᠴᠠ ᠪᠠᠷ ᠬᠦᠬᠦᠬᠦᠯᠳᠤ ᠡᠬᠡ ᠶᠢ ᠬᠠᠷᠠᠵᠤ᠄ | ᠡᠨᠡᠷᠢᠯᠳᠤ ᠬᠦᠬᠦᠬᠦᠯᠳᠤ ᠡᠬᠡ ᠶᠢᠨ ᠠᠴᠢ ᠪᠠᠷ | ᠡᠰᠡᠨ ᠮᠡᠨᠳᠤ ᠭᠠᠷᠤᠭᠰᠠᠨ ᠬᠠᠶᠢᠳᠤ ᠮᠢᠨᠢ | ᠬᠠᠶᠢᠷᠠᠳᠤ ᠬᠦᠬᠦᠬᠦᠯᠳᠤ ᠡᠬᠡ ᠶᠢᠨ ᠠᠴᠢ ᠪᠠᠷ | ᠬᠠᠯᠠᠭᠤᠨ ᠠᠮᠢ ᠪᠠᠨ ᠠᠪᠤᠷᠠᠭᠰᠠᠨ ᠬᠠᠶᠢᠳᠤ ᠮᠢᠨᠢ ᠬᠡᠵᠤ ᠬᠠᠶᠢᠳᠤ ᠶᠢ ᠬᠦᠬᠦᠬᠦᠯᠳᠤ ᠡᠬᠡ | ᠳᠤᠨᠢ ᠭᠤᠷᠪᠠᠯᠳᠠ ᠮᠦᠷᠬᠦᠬᠦᠯᠵᠤ ᠪᠤᠰᠳᠠᠯᠠ᠂ ᠶᠡᠭᠡ ᠠᠬ᠎ᠠ ᠶᠢᠨ ᠬᠢᠨᠢ ᠰᠢᠷᠭ᠎ᠠ ᠮᠤᠷᠢ ᠵᠠᠯᠠᠶᠢᠷ ᠠᠶᠢᠮᠠᠭ ᠤᠨ ᠲᠡᠨᠳᠠ | ᠠᠴᠠ ᠲᠤᠳᠠᠭᠠᠨ ᠬᠦᠷᠴᠤ ᠢᠷᠡᠬᠡᠳ ᠭᠠᠵᠠᠷ ᠴᠠᠪᠴᠢᠯᠠᠨ ᠬᠡᠳᠤᠨᠳᠠ ᠢᠨᠴᠠᠭᠠᠪᠠ᠃ ᠨᠠᠴᠢᠨ ᠪᠠᠭᠠᠳᠤᠷ ᠡᠨᠡ ᠦᠶ᠎ᠡ | ᠳᠤ ᠰᠠᠶ᠋ᠢ ᠰᠡᠬᠡᠰᠬᠢᠵᠤ ᠤᠬᠠᠭᠠᠨ ᠤᠷᠤᠭᠠᠳ᠂ ᠵᠢᠭᠠᠬᠠᠨ ᠪᠤᠳᠤᠰᠬᠢᠭ᠍ᠰᠡᠨ ᠢᠶᠠᠨ᠂ ᠬᠠᠶᠢᠳᠤ ᠶᠢ ᠴᠡᠭᠡ ᠶᠢᠨ | ᠲᠤᠷᠬ᠎ᠠ③ ᠳᠤ ᠬᠢᠵᠤ ᠲᠠᠯᠪᠢᠭᠠᠳ᠂ ᠠᠳᠤᠭᠤᠴᠢᠨ ᠤ ᠮᠠᠶ᠋ᠢᠭ ᠢᠶᠠᠷ ᠬᠤᠪᠴᠠᠯᠤᠨ᠂ ᠶᠡᠭᠡ ᠠᠬ᠎ᠠ ᠶᠢᠨ ᠢᠶᠠᠨ | ᠰᠢᠷᠭ᠎ᠠ ᠮᠤᠷᠢ ᠶᠢ ᠤᠨᠤᠵᠤ ᠵᠠᠯᠠᠶᠢᠷᠴᠤᠳ ᠤᠨ ᠬᠤᠶᠢᠨ᠎ᠡ ᠠᠴᠠ ᠨᠡᠬᠡᠪᠡ᠃ | ᠵᠠᠯᠠᠶᠢᠷ ᠤᠨ ᠨᠤᠳᠤᠭ ᠤᠶᠢᠷᠠᠳᠤᠨ ᠬᠦᠷᠳᠡᠯ᠎ᠡ ᠡᠴᠢᠬᠡ ᠬᠦᠦ ᠬᠤᠶᠠᠭᠤᠯᠠ ᠠᠩ ᠬᠢᠵᠤ | ᠶᠠᠪᠤᠬᠤ ᠲᠠᠢ ᠲᠠᠭᠠᠷᠠᠯᠳᠤᠪᠠ᠂ ᠬᠦᠦ ᠶᠢᠨ ᠬᠢᠨᠢ ᠮᠦᠷᠦᠨ ᠲᠡᠭᠡᠷ᠎ᠡ ᠨᠢᠬᠡᠨ ᠬᠠᠷᠴᠠᠭᠠᠢ ᠰᠠᠭᠤᠵᠤ ᠪᠠᠶᠢᠯ᠎ᠠ᠃ | ᠨᠠᠷᠢᠪᠴᠢᠯᠠᠨ ᠦᠵᠡᠪᠡᠯ ᠲᠡᠬᠦᠨ ᠤ ᠶᠡᠭᠡ ᠠᠬ᠎ᠠ ᠶᠢᠨ ᠬᠠᠷᠴᠠᠭᠠᠢ ᠪᠠᠶᠢᠪᠠ᠃ ᠨᠠᠴᠢᠨ ᠪᠠᠭᠠᠳᠤᠷ ᠲᠡᠳᠡᠨ ᠳᠤ | ᠤᠶᠢᠷᠠᠳᠤᠨ ᠬᠦᠷᠴᠤ᠄ | ︽ᠲᠠ ᠨᠠᠷ ᠨᠢᠬᠡᠨ ᠵᠡᠬᠡᠷᠳᠡ ᠠᠵᠢᠷᠭ᠎ᠠ ᠰᠦᠷᠦᠭ ᠠᠳᠤᠭᠤ ᠲᠠᠭᠠᠭᠤᠯᠤᠨ ᠵᠡᠬᠦᠨᠰᠢ | ᠭᠠᠷᠤᠭᠰᠠᠨ ᠢ ᠤᠯᠵᠤ ᠬᠠᠷᠠᠪᠠ ᠤᠤ︖︾ ᠬᠡᠵᠤ ᠠᠰᠠᠭᠤᠪᠠ᠃ ᠲᠡᠳᠡ᠄ | ︽ᠤᠯᠵᠤ ᠦᠵᠡᠭᠡ ᠦᠭᠡᠢ︾ ᠬᠡᠵᠤ ᠬᠡᠯᠡᠬᠡᠳ᠂ ᠵᠠᠯᠠᠭᠤ ᠠᠩᠴᠢᠨ ᠬᠡᠳᠡᠷᠬᠦ᠄ | ︽ᠴᠢᠨᠤ ᠵᠠᠮ ᠳᠤ ᠭᠠᠯᠠᠭᠤ ᠨᠤᠭᠤᠰᠤ ᠲᠠᠭᠠᠷᠠᠯᠳᠤᠪᠠ ᠤᠤ︖︾ ᠬᠡᠵᠤ ᠨᠠᠴᠢᠨ ᠪᠠᠭᠠᠳᠤᠷ | ᠠᠴᠠ ᠠᠰᠠᠭᠤᠪᠠ᠃ | ︽ᠪᠠᠶᠢᠨ᠎ᠠ᠂ ᠭᠠᠯᠠᠭᠤ ᠨᠤᠭᠤᠰᠤ ᠤᠯᠠᠨ ᠪᠠᠶᠢᠨ᠎ᠠ᠃︾ | ︽ᠴᠢ ᠨᠠᠳᠠ ᠵᠠᠮᠴᠢᠯᠠᠵᠤ ᠦᠭ᠃︾ | ︽ᠪᠤᠯᠤᠨ᠎ᠡ︾ ᠬᠡᠳ ᠨᠠᠴᠢᠨ ᠪᠠᠭᠠᠳᠤᠷ ᠵᠠᠯᠠᠭᠤ ᠠᠩᠴᠢᠨ ᠢ ᠲᠠᠭᠠᠭᠤᠯᠵᠤ ᠬᠡᠳᠡᠷᠬᠦ ᠪᠤᠴᠠᠵᠤ | ᠂ ᠭᠤᠤᠯ ᠤᠨ ᠡᠷᠬᠢ ᠲᠠᠪᠠᠨ᠂ ᠬᠦᠭᠰᠢᠨ ᠠᠩᠴᠢᠨ ᠤ ᠬᠤᠯᠠ ᠬᠤᠴᠤᠷᠤᠭᠰᠠᠨ ᠢ ᠦᠵᠡᠬᠡᠳ ᠵᠠᠯᠠᠭᠤ ᠠᠩᠴᠢᠨ ᠢ | ᠠᠩᠬᠠᠷᠤᠯ ᠦᠭᠡᠢ ᠬᠤᠭᠤᠷᠤᠨᠳᠤ ᠵᠠᠪᠳᠤᠨ ᠵᠢᠳᠠᠯᠠᠵᠤ ᠠᠯᠠᠪᠠ᠃ ᠲᠡᠭᠡᠭᠡᠳ ᠬᠠᠷᠴᠠᠭᠠᠢ ᠪᠤᠯᠤᠨ ᠵᠠᠯᠠᠭᠤ ᠠᠩᠴᠢᠨ ᠤ | ᠮᠤᠷᠢ ᠶᠢ ᠮᠤᠳᠤᠨ ᠠᠴᠠ ᠤᠶᠠᠵᠤ ᠲᠠᠯᠪᠢᠭᠠᠳ᠂ ᠡᠷᠬᠢᠵᠤ ᠬᠦᠭᠰᠢᠨ ᠠᠩᠴᠢᠨ ᠢ ᠨᠡᠬᠡᠪᠡ᠃ ᠬᠦᠭᠰᠢᠨ ᠠᠩᠴᠢᠨ | ᠬᠦᠦ ᠶᠢᠨ ᠢᠶᠠᠨ ᠠᠯᠠᠭᠳᠠᠭᠰᠠᠨ ᠢ ᠦᠵᠡᠬᠡᠳ ᠲᠠᠷᠤᠢ ᠲᠤᠳᠠᠭᠠᠪᠠ᠃ ᠨᠠᠴᠢᠨ ᠪᠠᠭᠠᠳᠤᠷ ᠲᠡᠬᠦᠨ ᠢ ᠨᠡᠬᠡᠬᠦ ᠪᠠᠨ | ᠪᠤᠯᠢᠵᠤ᠂ ᠴᠢᠨᠠᠭᠰᠢ ᠵᠠᠯᠠᠶᠢᠷ ᠤᠨ ᠨᠤᠳᠤᠭ ᠤᠷᠤᠭᠤ ᠲᠠᠪᠬᠢᠪᠠ᠃ ᠲᠡᠭᠡᠭᠡᠳ ᠨᠡᠯᠢᠶᠡᠳ ᠶᠠᠪᠤᠵᠤ ᠨᠢᠬᠡᠨ ᠠᠭᠤᠯᠠᠨ ᠤ | ᠲᠤᠤᠷ᠎ᠠ ᠬᠦᠷᠪᠡᠯ᠂ ᠲᠡᠨᠳᠡ ᠬᠡᠳᠤᠨ ᠵᠠᠭᠤᠨ ᠠᠳᠤᠭᠤ ᠢᠳᠡᠰᠢᠯᠡᠵᠤ᠂ ᠲᠡᠷᠬᠡᠳᠡ ᠨᠢ ᠬᠡᠳᠤᠨ ᠬᠡᠤᠬᠡᠳ ᠱᠠᠭ᠎ᠠ | ᠨᠠᠭᠠᠳᠴᠤ ᠪᠠᠶᠢᠪᠠ᠃ ᠨᠠᠴᠢᠨ ᠪᠠᠭᠠᠳᠤᠷ ᠦᠪᠡᠷ ᠤᠨ ᠠᠳᠤᠭᠤ ᠪᠤᠯᠬᠤ ᠶᠢ ᠦᠵᠡᠨ ᠲᠠᠨᠢᠵᠤ᠂ ᠬᠡᠨᠡᠳᠳᠠ ᠲᠠᠭᠠᠷᠢᠨ | ᠤᠷᠤᠵᠤ ᠠᠳᠤᠭᠤ ᠪᠠᠨ ᠲᠠᠭᠤᠭᠠᠳ ᠵᠠᠮ ᠲᠤᠮᠳᠠ ᠠᠴᠠ ᠬᠠᠷᠴᠠᠭᠠᠢ ᠪᠠᠨ ᠠᠪᠤᠨ ᠬᠡᠷ ᠲᠡᠭᠡᠨ ᠪᠤᠴᠠᠵᠤ ᠢᠷᠡᠪᠡ᠃ | ᠲᠡᠨᠳᠡ ᠠᠴᠠ ᠨᠠᠴᠢᠨ ᠪᠠᠭᠠᠳᠤᠷ ᠰᠢᠷᠬᠠᠳᠠᠢ ᠬᠦᠮᠦᠨ ᠢᠶᠠᠨ ᠮᠤᠷᠢᠨ ᠲᠡᠭᠡᠷ᠎ᠡ ᠠᠴᠢᠵᠤ᠂ | ᠬᠠᠶᠢᠳᠤ ᠶᠢ ᠲᠡᠪᠡᠷᠢᠨ᠂ ᠪᠠᠷᠭᠤ ᠳᠠᠬᠢ ᠬᠠᠳᠠᠮ ᠳᠠᠭᠠᠨ ᠶᠠᠪᠤᠵᠠᠢ᠃ | ᠬᠠᠶᠢᠳᠤ ᠦᠬᠡᠯᠡᠢ ᠪᠤᠯᠤᠭᠰᠠᠨ ᠬᠤᠶᠢᠨ᠎ᠠ᠂ ᠨᠠᠴᠢᠨ ᠪᠠᠭᠠᠳᠤᠷ ᠲᠡᠬᠦᠨ ᠢ ᠠᠶᠢᠮᠠᠭ ᠤᠨ | ᠲᠦᠷᠦᠬᠦᠦ ᠪᠤᠯᠭᠠᠵᠤ ᠬᠡᠨ᠎ᠡ᠃ | | | | ᠲᠠᠶᠢᠯᠪᠤᠷᠢ᠄ | ① ᠰᠦᠳᠡᠰᠤᠨ — ᠰᠦᠳᠤ ᠡᠪᠡᠰᠤ᠃ | ② ︽ᠮᠤᠩᠭᠤᠯ ᠤᠨ ᠨᠢᠭᠤᠴᠠ ᠲᠤᠪᠴᠢᠶᠠᠨ︾ ᠳᠤ ︽ᠬᠠᠴᠢ ᠬᠦᠯᠦᠭ ᠤᠨ ᠬᠦᠪᠡᠬᠦᠨ | ᠬᠠᠶᠢᠳᠤ᠂ ᠨᠠᠮᠤᠯᠤᠨ ᠡᠬᠡ ᠠᠴᠠ ᠲᠦᠷᠦᠭᠰᠡᠨ ᠪᠦᠯᠦᠬᠡ︾ ᠬᠡᠵᠤ ᠪᠠᠶᠢᠳᠠᠭ᠃ ︽ᠶᠤᠸᠠᠨ ᠤᠯᠤᠰ ᠤᠨ ᠰᠤᠳᠤᠷ︾ | ᠲᠤ ᠬᠠᠷᠢᠨ ᠬᠠᠶᠢᠳᠤ ᠶᠢ ᠨᠠᠮᠤᠯᠤᠨ ᠡᠬᠡ ᠶᠢᠨ ᠤᠮᠪᠤᠯ ᠬᠡᠵᠤ ᠲᠡᠮᠳᠡᠭᠯᠡᠵᠤ ᠪᠠᠶᠢᠳᠠᠭ᠃ ᠪᠢᠳᠠ ᠬᠤᠶᠢᠨᠠᠬᠢ ᠲᠡᠮᠳᠡᠭᠯᠡᠯ | ᠤᠨ ᠶᠤᠰᠤᠭᠠᠷ ᠬᠠᠶᠢᠳᠤ ᠶᠢ ᠨᠠᠮᠤᠯᠤᠨ ᠡᠬᠡ ᠶᠢᠨ ᠤᠮᠪᠤᠯ ᠪᠤᠯᠭᠠᠪᠠ᠃ | ③ ᠲᠤᠷᠬ᠎ᠠ — ᠬᠦᠨᠦᠭ | | | ᠡᠮᠤᠨᠡᠬᠢ ᠦᠯᠢᠬᠡᠷ᠄ ᠪᠤᠳᠠᠨᠴᠠᠷ ᠮᠤᠩᠬᠠᠭ ᠤᠨ ᠪᠤᠴᠠᠵᠤ ᠢᠷᠡᠭᠰᠡᠨ | ᠬᠤᠶᠢᠨᠠᠬᠢ ᠦᠯᠢᠬᠡᠷ᠄ ᠬᠤᠳᠠᠯᠠ ᠬᠠᠭᠠᠨ ᠤ ᠲᠡᠮᠡᠴᠡᠯ | |