ᠮᠤᠩᠭᠤᠯ ᠦᠨᠳᠤᠰᠤᠳᠠᠨ ᠤ ᠲᠡᠤᠬᠡᠨ ᠦᠯᠢᠬᠡᠷ ︵ᠭᠤᠷᠪᠠ︶ — ᠪᠤᠳᠠᠨᠴᠠᠷ ᠮᠤᠩᠬᠠᠭ ᠤᠨ ᠪᠤᠴᠠᠵᠤ ᠢᠷᠡᠭᠰᠡᠨ
ᠨᠡᠶᠢᠲᠡᠯᠡᠭᠰᠡᠨ ᠴᠠᠭ᠄
2014/5/14
        ᠪᠤᠳᠠᠨᠴᠠᠷ ᠮᠤᠩᠬᠠᠭ ᠪᠤᠯ ᠠᠯᠤᠨ ᠭᠤᠸ᠎ᠠ ᠡᠬᠡ ᠶᠢᠨ ᠤᠳᠬᠤᠨ ᠬᠦᠦ ᠬᠡᠳᠡᠭ ᠢ ᠪᠢᠳᠠ ᠲᠡᠭᠡᠷ᠎ᠡ ᠬᠡᠯᠡᠭᠰᠡᠨ ᠪᠢᠯᠡ᠃ ᠲᠡᠬᠦᠨ ᠤ ᠲᠦᠷᠦᠭᠰᠡᠨ ᠪᠠᠶᠢᠳᠠᠯ ᠬᠠᠴᠢᠨ ᠵᠢᠭᠳᠡᠢ ᠶᠢᠨ ᠲᠡᠭᠡᠷ᠎ᠡ᠂ ᠦᠬᠡ ᠲᠠᠭᠤᠨ ᠴᠦᠬᠡᠨ ᠲᠠᠢ ᠲᠤᠯᠠ ᠪᠤᠰᠤᠳ ᠲᠡᠬᠦᠨ ᠢ ᠪᠢᠳᠠᠭᠤ ᠮᠤᠩᠬᠠᠭ ᠬᠡᠳᠡᠭ᠃ ᠭᠠᠭᠴᠠ ᠠᠯᠤᠨ ᠭᠤᠸ᠎ᠠ ᠡᠬᠡ᠄ ᠮᠢᠨᠤ ᠤᠳᠬᠤᠨ ᠬᠦᠦ ᠬᠤᠵᠢᠮ ᠬᠠᠷᠢᠨ ᠶᠡᠭᠡ ᠦᠢᠯᠡ ᠪᠦᠳᠦᠬᠡᠵᠤ ᠮᠡᠳᠡᠨ᠎ᠡ ᠬᠡᠵᠤ ᠲᠡᠬᠦᠨ ᠢ ᠲᠤᠩ ᠬᠠᠶᠢᠷᠠᠯᠠᠳᠠᠭ᠃       ᠠᠯᠤᠨ ᠭᠤᠸ᠎ᠠ ᠡᠬᠡ ᠶᠢ ᠦᠬᠡᠢ ᠪᠤᠯᠤᠭᠰᠠᠨ ᠬᠤᠶᠢᠨ᠎ᠠ᠂ ᠲᠠᠪᠤᠨ ᠬᠡᠤᠬᠡᠳ ᠨᠢ ᠤᠳᠠᠯ ᠦᠭᠡᠢ ᠡᠪᠳᠡᠷᠡᠯᠴᠠᠵᠤ ᠦᠮᠴᠢ ᠪᠠᠨ ᠬᠤᠪᠢᠶᠠᠬᠤ ᠪᠤᠯᠤᠭᠰᠠᠨ ᠳᠤ ᠪᠦᠬᠦᠨᠤᠳᠠᠢ᠂ ᠪᠡᠯᠬᠦᠨᠤᠳᠠᠢ᠂ ᠪᠤᠬ᠎ᠠ ᠬᠠᠳᠠᠬᠢ᠂ ᠪᠤᠭᠳᠤ ᠰᠡᠯᠵᠢ ᠲᠦᠷᠪᠡᠬᠦᠯᠡ ᠠᠳᠤᠭᠤ ᠮᠠᠯ᠂ ᠡᠳ᠋ ᠠᠭᠤᠷᠠᠰᠤ ᠪᠠᠨ ᠪᠦᠷ ᠬᠤᠪᠢᠶᠠᠵᠤ ᠠᠪᠤᠭᠠᠳ ᠪᠤᠳᠠᠨᠴᠠᠷ ᠮᠤᠩᠬᠠᠭ ᠢ ᠨᠠᠰᠤ ᠪᠠᠭ᠎ᠠ ᠬᠡᠵᠤ ᠲᠠᠷᠤᠯᠠᠨ ᠶᠠᠭᠤ ᠴᠦ ᠬᠤᠪᠢᠶᠠᠵᠤ ᠦᠭᠬᠦᠭᠰᠡᠨ ᠦᠭᠡᠢ᠃ ᠡᠬᠦᠨ ᠳᠤ ᠪᠤᠳᠠᠨᠴᠠᠷ᠄ ︽ᠡᠳᠡ ᠨᠠᠮᠠᠢᠢ ᠤᠷᠤᠭ ᠲᠤ ᠦᠯᠤ ᠲᠤᠭᠤᠴᠠᠬᠤ ᠲᠤᠯᠠ ᠪᠢ ᠠᠳᠠ ᠶᠠᠭᠤ ᠬᠢᠵᠤ ᠰᠠᠭᠤᠬᠤ ᠪᠤᠢ︖︾ ᠬᠡᠵᠤ ᠦᠪᠡᠷ ᠤᠨ ᠤᠨᠤᠵᠤ ᠪᠠᠶᠢᠭᠰᠠᠨ ᠭᠤᠤᠯ ᠲᠠᠭᠠᠷᠢᠳᠤ ᠭᠤᠳᠤᠯᠢ ᠰᠡᠬᠦᠯᠳᠤ① ᠤᠷᠤᠭ ᠰᠢᠩᠬᠤᠯᠠ ᠮᠤᠷᠢ ᠪᠠᠨ ᠤᠨᠤᠵᠤ᠂ ︽ᠦᠬᠦᠪᠡᠯ ᠦᠬᠦᠯ᠎ᠡ᠂ ᠠᠮᠢᠳᠤᠷᠠᠪᠠᠯ ᠠᠮᠢᠳᠤᠷᠠᠯ᠎ᠠ᠂ ᠮᠦᠩᠬᠡ ᠲᠡᠭᠷᠢ ᠮᠡᠳᠡᠳᠦᠬᠡᠢ︾ ᠬᠡᠵᠤ ᠤᠨᠤᠨ ᠮᠦᠷᠡᠨ ᠢ ᠦᠭᠰᠤᠨ ᠶᠠᠪᠤᠪᠠ᠃       ᠲᠡᠭᠡᠭᠡᠳ ᠪᠤᠳᠠᠨᠴᠠᠷ ᠬᠡᠳᠤᠨ ᠡᠳᠤᠷ ᠶᠠᠪᠤᠵᠤ ᠪᠡᠯᠵᠢ ᠶᠢᠨ ᠠᠷᠠᠯ ᠬᠡᠬᠦ ᠭᠠᠵᠠᠷ ᠬᠦᠷᠦᠬᠡᠳ᠂ ᠭᠤᠤᠯ ᠲᠠᠭᠠᠷᠢᠳᠤ ᠭᠤᠳᠤᠯᠢ ᠰᠡᠬᠦᠯᠳᠤ ᠤᠷᠤᠭ ᠰᠢᠩᠬᠤᠯᠠ ᠮᠤᠷᠢ ᠨᠢ ᠴᠢᠨᠠᠭᠰᠢ ᠶᠠᠪᠤᠵᠤ ᠲᠡᠶᠢᠯᠬᠦ ᠦᠭᠡᠢ ᠪᠤᠯᠤᠭᠰᠠᠨ ᠲᠤᠯᠠ ᠲᠡᠨᠳᠡ ᠨᠢᠬᠡᠨ ᠡᠪᠡᠰᠤᠨ ᠡᠮᠪᠤᠯᠠ② ᠪᠠᠷᠢᠵᠤ ᠰᠠᠭᠤᠪᠠ᠃ ᠲᠡᠷᠡ ᠭᠠᠵᠠᠷ ᠲᠡᠬᠦᠨ ᠠᠴᠠ ᠦᠬᠡᠷ᠎ᠡ ᠠᠶᠢᠯ ᠠᠮᠢᠳᠠᠨ ᠦᠭᠡᠢ ᠲᠤᠯᠠ᠂ ᠦᠳᠡᠰᠢ ᠪᠤᠯᠪᠠᠯ ᠪᠠᠷᠰ ᠢᠷᠪᠢᠰ ᠠᠷᠬᠢᠷᠡᠨ᠂ ᠦᠨᠡᠭᠡ ᠴᠢᠨ᠋ᠸ᠎ᠠ ᠰᠢᠩᠰᠢᠯᠡᠨ ᠬᠦᠶᠦᠯᠳᠦᠬᠦ ᠪᠤᠯᠪᠠᠴᠤ ᠪᠤᠳᠠᠨᠴᠠᠷ ᠶᠡᠷᠤ ᠨᠢ ᠠᠶᠤᠵᠤ ᠡᠮᠢᠶᠡᠬᠦ ᠶᠢ ᠦᠯᠤ ᠮᠡᠳᠡᠨ᠂ ᠡᠨᠡ ᠴᠦ ᠨᠢᠬᠡ ᠶᠤᠰᠤᠨ ᠤ ᠬᠠᠨᠢ ᠪᠤᠯᠠᠢ ᠬᠡᠵᠤ ᠠᠵᠢᠭ ᠦᠭᠡᠢ ᠰᠠᠭᠤᠵᠤ᠂ ᠴᠢᠨ᠋ᠸ᠎ᠠ ᠶᠢᠨ ᠢᠳᠡᠵᠤ ᠦᠯᠡᠳᠡᠭᠰᠡᠨ ᠰᠡᠭ ᠢ ᠲᠡᠭᠦᠵᠤ ᠬᠡᠳᠡᠰᠤ ᠪᠠᠨ ᠲᠦᠬᠦᠷᠬᠡᠳᠡᠭ ᠪᠠᠶᠢᠯ᠎ᠠ᠃ ᠢᠩᠬᠢᠵᠤ ᠨᠢᠬᠡᠨ ᠵᠤᠨ ᠢ ᠠᠷᠭᠠᠴᠠᠭᠠᠨ ᠦᠩᠬᠡᠷᠡᠬᠦᠯᠪᠡ᠃       ᠨᠠᠮᠤᠷ ᠤᠨ ᠰᠡᠷᠢᠬᠦᠨ ᠪᠤᠯᠬᠤ ᠳᠤ ᠪᠤᠳᠠᠨᠴᠠᠷ ᠦᠪᠡᠷ ᠢᠶᠠᠨ ᠠᠩ ᠬᠦᠷᠦᠬᠡ ᠬᠢᠵᠤ ᠶᠠᠪᠤᠨ᠂ ᠵᠠᠷᠢᠮ ᠡᠳᠤᠷ ᠪᠠᠰᠠ ᠲᠠᠷᠪᠠᠭ᠎ᠠ ᠵᠤᠷᠠᠮ᠎ᠠ ᠬᠡᠳᠤ ᠶᠢ ᠤᠯᠵᠤ ᠠᠯᠠᠳᠠᠭ ᠪᠠᠶᠢᠯ᠎ᠠ᠃ ᠨᠢᠬᠡᠨ ᠡᠳᠤᠷ᠂ ᠪᠤᠳᠠᠨᠴᠠᠷ ᠠᠩ ᠬᠢᠵᠤ ᠭᠠᠷᠤᠭᠠᠳ ᠶᠠᠭᠤ ᠴᠦ ᠤᠯᠵᠤ ᠭᠠᠨᠵᠤᠭᠠᠯᠠᠭ᠎ᠠ ᠦᠭᠡᠢ ᠤᠩᠰᠦᠶᠢᠨ ᠶᠠᠪᠤᠵᠤ ᠪᠠᠶᠢᠳᠠᠯ᠎ᠠ ᠬᠡᠨᠡᠳᠳᠠ ᠨᠢᠬᠡᠨ ᠪᠤᠷᠤᠭᠴᠢᠠ ᠬᠠᠷᠴᠠᠭᠠᠢ③ ᠲᠡᠬᠦᠨ ᠤ ᠡᠮᠤᠨᠡᠬᠦᠷ ᠬᠠᠷ᠎ᠠ ᠬᠤᠷᠤ ᠰᠢᠪᠠᠭᠤ ᠶᠢ ᠵᠢᠷᠵᠢᠬᠢᠨᠠᠳᠠᠯ᠎ᠠ ᠦᠯᠳᠠᠨ ᠨᠢᠰᠴᠤ ᠢᠷᠡᠬᠡᠳ ᠰᠢᠬᠦᠷᠡᠨ ᠠᠪᠴᠤ ᠤᠳᠤᠯ᠎ᠠ᠃ ᠪᠤᠳᠠᠨᠴᠠᠷ ᠡᠬᠦᠨ ᠢ ᠤᠯᠵᠤ ᠦᠵᠡᠬᠡᠳ᠂ ᠡᠨᠡ ᠶᠠᠮᠠᠷ ᠬᠡᠴᠡᠬᠦᠦ ᠠᠮᠢᠳᠠᠨ ᠪᠤᠢ︖ ᠨᠠᠳᠠ ᠬᠡᠷᠪᠡ ᠡᠶᠢᠮᠤ ᠨᠢᠬᠡᠨ ᠰᠢᠪᠠᠭᠤ ᠲᠠᠢ ᠪᠤᠯᠪᠠᠯ ᠪᠢ ᠮᠦᠨ ᠦᠯᠦᠰᠬᠦ ᠦᠭᠡᠢ ᠪᠤᠯᠤᠨ᠎ᠠ ᠳ᠋ᠠ ᠬᠡᠵᠤ ᠲᠡᠷᠡ ᠰᠢᠪᠠᠭᠤ ᠶᠢ ᠬᠡᠳᠦᠨ ᠡᠳᠤᠷ ᠬᠡᠳᠠᠵᠤ ᠪᠠᠭᠤᠷᠢ ᠶᠢ ᠨᠢ ᠤᠯᠵᠤ ᠮᠡᠳᠡᠬᠡᠳ᠂ ᠭᠤᠤᠯ ᠲᠠᠭᠠᠷᠢᠳᠤ ᠭᠤᠳᠤᠯᠢ ᠰᠡᠬᠦᠯᠳᠤ ᠤᠷᠤᠭ ᠰᠢᠩᠬᠤᠯᠠ ᠮᠤᠷᠢᠨ ᠤ ᠪᠠᠨ ᠬᠢᠯᠭᠠᠰᠤ ᠶᠢ ᠲᠠᠰᠤᠳᠠᠨ ᠠᠪᠴᠤ ᠤᠷᠠᠬ᠎ᠠ ᠬᠢᠵᠤ ᠲᠠᠯᠪᠢᠭᠠᠳ ᠲᠡᠷᠡ ᠪᠤᠷᠤᠭᠴᠢᠨ ᠬᠠᠷᠴᠠᠭᠠᠢ ᠶᠢ ᠪᠠᠷᠢᠵᠤ ᠠᠪᠤᠪᠠ᠃ ᠪᠤᠳᠠᠨᠴᠠᠷ ᠲᠡᠷᠡ ᠬᠠᠷᠴᠠᠭᠠᠢ ᠪᠠᠨ ᠰᠠᠶᠢᠬᠠᠨ ᠠᠰᠠᠷᠠᠵᠤ᠂ ᠦᠪᠡᠷ ᠎ ᠤᠨ ᠤᠯᠤᠭᠰᠠᠨ ᠠᠩ ᠤᠨ ᠮᠢᠬᠠᠨ ᠠᠴᠠ ᠪᠠᠨ ᠬᠤᠪᠢᠶᠠᠯᠴᠠᠠ ᠲᠠᠵᠢᠬᠡᠵᠤ ᠤᠨ ᠦᠩᠬᠡᠷᠡᠪᠠ᠃       ᠬᠠᠪᠤᠷ ᠤᠨ ᠤᠷᠢᠨ ᠤᠷᠤᠵᠤ᠂ ᠭᠠᠯᠠᠭᠤ ᠨᠤᠭᠤᠰᠤ ᠭᠠᠩᠭᠠᠨᠠᠯᠳᠤᠨ ᠢᠷᠡᠬᠦ ᠪᠤᠯᠤᠯ᠎ᠠ᠃ ᠪᠤᠳᠠᠨᠴᠠᠷ ᠬᠠᠷᠴᠠᠭᠠᠢ ᠪᠠᠨ ᠰᠤᠶᠢᠵᠤ ᠲᠠᠯᠪᠢᠭᠰᠠᠨ ᠴᠢᠨᠢ᠂ ᠲᠡᠷᠡ ᠬᠠᠷᠴᠠᠭᠠᠢ ᠭᠠᠯᠠᠭᠤ ᠨᠤᠭᠤᠰᠤ ᠶᠢ ᠭᠠᠷᠤᠮᠠᠭᠴᠠ ᠰᠤᠮᠤᠳᠠᠨ ᠤᠷᠤᠵᠤ᠂ ᠲᠠᠪᠤ ᠭᠤᠷᠪᠠ ᠪᠠᠷ ᠰᠢᠬᠦᠷᠡᠨ ᠤᠨᠠᠭᠠᠬᠤ ᠲᠤᠯᠠ᠂ ᠡᠵᠡᠨ ᠲᠠᠢ ᠪᠠᠨ ᠬᠤᠶᠠᠭᠤᠯᠠ ᠪᠠᠨ ᠢᠳᠡᠵᠤ ᠪᠠᠷᠠᠬᠤ ᠦᠭᠡᠢ ᠪᠤᠯᠵᠤ       ᠬᠤᠤᠵᠤᠯ᠎ᠠ ᠪᠦᠷᠢ ᠠᠴᠠ       ᠬᠤᠶᠠᠷ ᠭᠤᠷᠪᠠᠨ ᠰᠢᠪᠠᠭᠤ ᠡᠯᠬᠦᠵᠤ       ᠮᠦᠴᠢᠷ ᠪᠦᠷᠢ ᠠᠴᠠ       ᠮᠦᠴᠢ ᠭᠤᠶ᠎ᠠ ᠡᠯᠬᠦᠭᠰᠡᠨ ᠨᠢ ᠪᠦᠷ ᠢᠯᠵᠢᠷᠠᠬᠤ ᠳᠤ ᠬᠦᠷᠦᠭᠰᠡᠨ ᠪᠠᠶᠢᠯ᠎ᠠ᠃ ᠪᠤᠳᠠᠨᠴᠠᠷ ᠤᠶᠢᠳᠪᠠᠯ ᠭᠤᠤᠯ ᠲᠠᠭᠠᠷᠢᠳᠤ ᠭᠤᠳᠤᠯᠢ ᠰᠡᠬᠦᠯᠳᠤ ᠤᠷᠤᠭ ᠰᠢᠩᠬᠤᠯᠠ ᠮᠤᠷᠢ ᠪᠠᠨ ᠤᠨᠤᠨ ᠵᠤᠷᠴᠢᠵᠤ᠂ ᠦᠯᠦᠰᠪᠡᠯ ᠪᠤᠷᠤ ᠬᠠᠷᠴᠠᠭᠠᠢ ᠪᠠᠨ ᠲᠠᠯᠪᠢᠨ ᠠᠩ ᠬᠦᠷᠦᠬᠡ ᠬᠢᠵᠤ᠂ ᠡᠵᠡᠬᠦᠢ ᠬᠡᠬᠡᠷ᠎ᠡ ᠬᠡᠳᠦᠨ ᠵᠢᠯ ᠠᠮᠢᠳᠤᠷᠠᠪᠠ᠃       ᠢᠩᠬᠢᠵᠤ ᠪᠠᠶᠢᠳᠠᠯ᠎ᠠ᠂ ᠨᠢᠬᠡᠨ ᠡᠳᠤᠷ᠂ ᠳ᠋ᠦᠢᠯᠡᠨ ᠠᠭᠤᠯᠠᠨ ᠤ ᠠᠷᠤ ᠠᠴᠠ ᠨᠢᠬᠡᠨ ᠪᠦᠯᠦᠭ ᠢᠷᠬᠡᠨ ᠲᠦᠩᠬᠡᠯᠢᠭ ᠭᠤᠷᠤᠬᠠᠨ ᠤᠷᠤᠭᠤ ᠨᠡᠬᠦᠵᠤ ᠢᠷᠡᠪᠠ᠃ ᠪᠤᠳᠠᠨᠴᠠᠷ ᠠᠶᠢᠯ ᠰᠠᠭᠠᠬᠠᠯᠳᠠ ᠲᠠᠢ ᠪᠤᠯᠤᠭᠰᠠᠨ ᠎ ᠳᠠᠭᠠᠨ ᠪᠠᠶᠠᠷᠯᠠᠵᠤ᠂ ᠲᠡᠳᠡ ᠢᠷᠬᠡᠨ ᠢ ᠦᠵᠡᠷ᠎ᠡ ᠤᠴᠢᠪᠠᠯ᠂ ᠲᠡᠳᠡ ᠪᠤᠳᠠᠨᠴᠠᠷ ᠢ ᠤᠭᠳᠤ ᠪᠤᠰᠤ ᠵᠠᠳᠠ④ ᠬᠡᠵᠤ ᠢᠯᠭᠠᠬᠤ ᠦᠭᠡᠢ᠂ ᠲᠤᠩ ᠬᠠᠯᠠᠭᠤᠮᠰᠤᠭ ᠢᠶᠠᠷ ᠵᠤᠴᠢᠯᠠᠳᠠᠭ ᠪᠠᠶᠢᠯ᠎ᠠ᠃ ᠲᠡᠭᠡᠭᠡᠳ ᠪᠤᠳᠠᠨᠴᠠᠷ ᠡᠳᠤᠷ ᠪᠦᠷᠢ ᠬᠠᠷᠴᠠᠭᠠᠢ ᠪᠠᠨ ᠲᠠᠯᠪᠢᠨ ᠲᠡᠷᠡ ᠨᠡᠬᠦᠳᠡᠯ ᠢᠷᠬᠡᠨ ᠤ ᠳᠤ ᠤᠴᠢᠵᠤ ᠡᠰᠦᠭ⑤ ᠭᠤᠶᠤᠵᠤ ᠤᠤᠭᠤᠭᠠᠳ ᠰᠦᠨᠢ ᠮᠦᠨ ᠡᠪᠡᠰᠤᠨ ᠡᠮᠪᠤᠯᠠ ᠳᠡᠭᠡᠨ ᠬᠠᠷᠢᠵᠤ ᠬᠤᠨᠤᠨ᠎ᠠ᠃       ᠲᠡᠳᠡ ᠪᠤᠳᠠᠨᠴᠠᠷ ᠤᠨ ᠬᠠᠷᠴᠠᠭᠠᠢ ᠶᠢ ᠲᠤᠩ ᠰᠤᠨᠢᠷᠬᠠᠨ ᠭᠤᠶᠤᠭᠰᠠᠨ ᠳᠤ ᠪᠤᠳᠠᠨᠴᠠᠷ ᠬᠠᠷᠴᠠᠭᠠᠢ ᠪᠠᠨ ᠦᠭᠬᠦᠭᠰᠡᠨ ᠦᠭᠡᠢ᠂ ᠬᠠᠷᠢᠨ ᠬᠠᠷᠴᠠᠭᠠᠢ ᠶᠢᠨ ᠢᠶᠠᠨ ᠪᠠᠷᠢᠭᠰᠠᠨ ᠭᠠᠯᠠᠭᠤ ᠨᠤᠭᠤᠰᠤ ᠶᠢ ᠬᠠᠶᠠ ᠦᠭᠴᠤ ᠪᠠᠶᠢᠯ᠎ᠠ᠃ ᠡᠬᠦᠨ ᠳᠤ ᠲᠡᠳᠡ ᠮᠦᠨ ᠴᠦ ᠶᠠᠭᠤ ᠴᠦ ᠬᠡᠯᠡᠯ ᠦᠭᠡᠢ᠂ ᠤᠭ ᠬᠡᠪ ᠢᠶᠠᠷ ᠲᠡᠬᠦᠨ ᠢ ᠬᠦᠯᠢᠶᠡᠨ ᠠᠪᠴᠤ ᠵᠤᠴᠢᠯᠠᠳᠠᠭ ᠪᠠᠶᠢᠪᠠ᠃ ᠲᠡᠳᠡ ᠢᠩᠬᠢᠵᠤ ᠠᠶᠢᠯ ᠵᠡᠷᠬᠡᠯᠳᠡᠭᠡ ᠠᠮᠢᠳᠤᠷᠠᠵᠤ ᠰᠠᠭᠤᠬᠤ ᠳᠠᠭᠠᠨ ᠬᠡᠨ ᠠᠯᠢᠨ ᠤ ᠎ ᠪᠠᠨ ᠤᠪᠤᠭ ᠨᠡᠷ᠎ᠡ ᠶᠢ ᠴᠦ ᠠᠰᠠᠭᠤᠯᠬᠦᠢ᠂ ᠬᠤᠪᠢ ᠬᠤᠪᠢ ᠪᠠᠨ ᠬᠦᠬᠡᠬᠡᠵᠤ ᠶᠠᠪᠤᠵᠤ ᠪᠠᠶᠢᠪᠠ᠃ ᠡᠬᠦᠨ ᠳᠤ ᠪᠤᠳᠠᠨᠴᠠᠷ ᠲᠤᠳᠤᠷ᠎ᠠ ᠪᠠᠨ ᠡᠳᠡ ᠬᠠᠷᠢᠨ ᠶᠡᠭᠡ ᠪᠠᠭ᠎ᠠ ᠰᠠᠶᠢᠨ ᠮᠠᠭᠤ ᠬᠡᠵᠤ ᠢᠯᠭᠠᠬᠤ ᠦᠭᠡᠢ ᠬᠢᠯᠪᠡᠷ ᠢᠷᠬᠡᠨ⑥ ᠪᠠᠶᠢᠨ᠎ᠠ ᠬᠡᠵᠤ ᠪᠤᠳᠤᠵᠤ ᠡᠬᠢᠯᠡᠪᠡ᠃       ᠡᠳᠤᠷ ᠬᠤᠨᠤᠭ ᠤᠳᠠᠬᠤ ᠲᠤᠳᠤᠮ ᠪᠦᠬᠦᠨᠤᠳᠠᠢ᠂ ᠪᠡᠯᠬᠦᠨᠤᠳᠠᠢ᠂ ᠪᠤᠬ᠎ᠠ ᠬᠠᠳᠠᠬᠢ᠂ ᠪᠤᠭᠳᠤ ᠰᠠᠯᠵᠢ ᠲᠦᠷᠪᠡᠨ ᠠᠬ᠎ᠠ ᠨᠢ ᠲᠡᠬᠦᠦ ᠪᠠᠨ ᠭᠠᠭᠴᠠᠭᠠᠷ ᠢ ᠡᠵᠡᠬᠦᠢ ᠶᠠᠪᠤᠭᠤᠯᠤᠭᠰᠠᠨ ᠳᠠᠭᠠᠨ ᠬᠡᠮᠰᠢᠵᠤ᠂ ︽ᠠᠮᠢᠳᠤ ᠪᠤᠢ ᠤᠤ᠂ ᠦᠬᠦᠭᠰᠡᠨ ᠶᠤᠮ ᠤᠤ︖︾ ᠬᠡᠵᠤ ᠨᠢᠬᠡᠨ ᠡᠳᠤᠷ ᠪᠤᠬ᠎ᠠ ᠬᠠᠳᠠᠬᠢ ᠶᠢ ᠡᠷᠢᠬᠦᠯᠬᠦ ᠪᠠᠷ ᠶᠠᠪᠤᠭᠤᠯᠪᠠ᠃ ᠪᠤᠬ᠎ᠠ ᠬᠠᠳᠠᠬᠢ ᠤᠨᠤᠨ ᠮᠦᠷᠡᠨ ᠢ ᠦᠭᠰᠤᠨ ᠲᠡᠬᠦᠦ ᠶᠢᠨ ᠢᠶᠠᠨ ᠬᠤᠶᠢᠨ᠎ᠠ ᠠᠴᠠ ᠨᠡᠬᠡᠨ ᠶᠠᠪᠤᠵᠤ ᠲᠦᠩᠬᠡᠯᠢᠭ ᠭᠤᠷᠤᠬᠠᠨ ᠳᠤ ᠬᠦᠷᠪᠡᠯ ᠲᠡᠨᠳᠠ ᠨᠢᠬᠡ ᠪᠦᠯᠦᠭ ᠨᠡᠬᠦᠳᠠᠯ ᠢᠷᠬᠡᠨ ᠨᠤᠳᠤᠭᠯᠠᠵᠤ ᠪᠠᠶᠢᠪᠠ᠃ ᠲᠡᠳᠡ ᠪᠤᠯ ᠪᠤᠳᠠᠨᠴᠠᠷ ᠎ ᠤᠨ ᠡᠰᠦᠭ ᠭᠤᠶᠤᠵᠤ ᠤᠤᠭᠤᠳᠠᠭ ᠢᠷᠬᠡᠳ ᠪᠠᠶᠢᠵᠠᠢ᠃ ᠪᠤᠬ᠎ᠠ ᠬᠠᠳᠠᠬᠢ ᠲᠡᠳᠡᠨ ᠠᠴᠠ ᠪᠤᠳᠠᠨᠴᠠᠷ ᠤᠨ ᠰᠤᠷᠠᠭ ᠢ ᠠᠰᠠᠭᠤᠪᠠᠯ᠂ ᠨᠢᠬᠡᠨ ᠬᠦᠭᠰᠢᠨ ᠠᠩᠴᠢᠨ᠄ ︽ᠮᠠᠨ ᠤ ᠳᠤ ᠡᠳᠤᠷ ᠪᠦᠷᠢ ᠨᠢᠬᠡ ᠬᠦᠮᠦᠨ ᠢᠷᠡᠵᠤ ᠡᠰᠦᠭ ᠤᠤᠤᠭᠤᠵᠤ ᠶᠠᠪᠤᠳᠠᠭ᠂ ᠲᠡᠬᠦᠨ ᠤ ᠲᠦᠷᠰᠤ ᠪᠠᠶᠢᠳᠠᠯ ᠨᠢ ᠴᠢᠨᠤ ᠠᠰᠠᠭᠤᠵᠤ ᠪᠠᠶᠢᠬᠤ ᠬᠦᠮᠦᠨ ᠲᠠᠢ ᠶᠡᠭᠡ ᠲᠦᠰᠳᠠᠢ ᠪᠠᠶᠢᠨ᠎ᠠ︾ ᠬᠡᠵᠤ ᠬᠡᠯᠡᠳᠡᠯ᠎ᠡ᠂ ᠨᠢᠬᠡᠨ ᠵᠠᠯᠠᠭᠤ ᠡᠬᠡᠨᠡᠷ ᠲᠤᠰᠴᠤ ᠠᠪᠤᠭᠠᠳ᠄ ︽ᠲᠡᠬᠦᠨ ᠳᠤ ᠪᠠᠰᠠ ᠨᠢᠬᠡᠨ ᠬᠠᠷᠴᠠᠭᠠᠢ ᠪᠤᠢ᠂ ᠪᠠᠷᠠᠭᠤᠨ ᠬᠤᠶᠢᠨ᠎ᠠ ᠠᠴᠠ ᠰᠠᠯᠬᠢ ᠰᠠᠯᠬᠢᠯᠠᠪᠠᠯ ᠲᠡᠬᠦᠨ ᠤ ᠬᠠᠷᠴᠠᠭᠠᠢ ᠶᠢᠨ ᠪᠠᠷᠢᠭᠰᠠᠨ ᠭᠠᠯᠠᠭᠤ ᠨᠤᠭᠤᠰᠤᠨ ᠤ ᠦᠳᠤ ᠪᠤᠳᠠᠷᠠᠬᠤ ᠴᠠᠰᠤ ᠮᠡᠳᠤ ᠬᠡᠶᠢᠰᠴᠤ ᠢᠷᠡᠨ᠎ᠡ᠂ ᠪᠤᠳᠤᠪᠠᠯ ᠲᠡᠬᠦᠨ ᠤ ᠬᠡᠷ ᠠᠳᠠ ᠎ ᠠᠴᠠ ᠲᠡᠮᠠᠢ ᠬᠤᠯᠠ ᠦᠭᠡᠢ ᠪᠢᠵᠠ᠃ ᠤᠳᠤ ᠲᠡᠬᠦᠨ ᠤ ᠢᠷᠡᠬᠦ ᠴᠠᠭ ᠤᠶᠢᠷᠠᠳᠪᠠ᠃ ᠲᠡᠷᠡ ᠮᠦᠳᠳᠤ ᠬᠦᠷᠴᠤ ᠢᠷᠡᠬᠦ ᠪᠤᠯᠤᠨ᠎ᠠ︾ ᠬᠡᠵᠤ ᠬᠡᠯᠡᠯᠴᠠᠵᠤ ᠪᠠᠶᠢᠳᠠᠯ᠎ᠠ ᠲᠦᠩᠬᠡᠯᠢᠭ ᠭᠤᠷᠤᠬᠠᠨ ᠤᠷᠤᠭᠤ ᠦᠨᠡᠬᠡᠷ ᠨᠢᠬᠡᠨ ᠬᠦᠮᠦᠨ ᠠᠶᠢᠰᠤᠢ᠃       ᠪᠤᠬ᠎ᠠ ᠬᠠᠳᠠᠬᠢ ᠮᠠᠰᠢ ᠬᠤᠯᠠ ᠠᠴᠠ ᠪᠤᠳᠠᠨᠴᠠᠷ ᠮᠤᠩᠬᠠᠭ ᠢ ᠦᠵᠡᠵᠤ ᠲᠠᠨᠢᠭᠠᠳ᠂ ᠲᠤᠰᠤᠨ ᠤᠳᠴᠤ᠄       ︽ᠲᠡᠬᠦᠦ ᠮᠢᠨᠢ ᠡᠨᠡ ᠬᠡᠳᠤᠨ ᠵᠢᠯ ᠢ ᠶᠠᠭᠠᠬᠢᠨ ᠦᠩᠬᠡᠷᠡᠬᠦᠯᠪᠠ︖ ᠠᠬ᠎ᠠ ᠨᠠᠷ ᠴᠢᠨᠢ ᠪᠢᠳᠠ ᠡᠨᠡᠷᠢᠯᠳᠤ ᠡᠬᠡ ᠶᠢᠨ ᠰᠤᠷᠭᠠᠯ ᠢ ᠦᠳᠡᠬᠡᠷᠦᠨ ᠲᠡᠬᠦᠦ ᠴᠢᠮᠠᠢᠢ ᠭᠠᠭᠴᠠᠭᠠᠷ ᠤᠷᠬᠢᠯ᠎ᠠ᠂ ᠤᠳᠤ ᠪᠢᠳᠠ ᠬᠡᠮᠰᠢᠵᠤ ᠪᠠᠶᠢᠨ᠎ᠠ᠃ ᠲᠡᠬᠦᠦ ᠮᠢᠨᠢ ᠪᠢᠳᠡᠬᠡᠢ ᠮᠠᠭᠤ ᠰᠠᠨᠠ᠂ ᠤᠳᠤ ᠪᠤᠴᠠᠵᠤ ᠬᠠᠮᠳᠤ ᠠᠮᠢᠳᠤᠷᠠᠶ᠎ᠠ︾ ᠬᠡᠪᠡ᠃ ᠪᠤᠳᠠᠨᠴᠠᠷ ᠠᠬ᠎ᠠ ᠶᠢᠨ ᠢᠶᠠᠨ ᠦᠨᠡᠨ ᠰᠡᠳᠬᠢᠯ ᠤᠨ ᠦᠬᠡ ᠶᠢ ᠰᠤᠨᠤᠰᠴᠤ ᠦᠩᠬᠡᠷᠡᠭᠰᠡᠨ ᠤ ᠭᠤᠮᠤᠳᠠᠯ ᠢᠶᠠᠨ ᠪᠦᠷ ᠮᠠᠷᠳᠠᠨ᠂ ᠮᠤᠷᠢᠨ ᠤ ᠵᠢᠯᠤᠭᠤ ᠶᠢ ᠡᠷᠬᠢᠬᠦᠯᠦᠨ ᠠᠬ᠎ᠠ ᠪᠠᠨ ᠲᠠᠭᠠᠨ ᠤᠨᠤᠨ ᠮᠦᠷᠡᠨ ᠤᠷᠤᠭᠤ ᠬᠡᠳᠡᠷᠬᠦ ᠪᠤᠴᠠᠪᠠ᠃ ᠵᠠᠮ ᠵᠠᠭᠤᠷ᠎ᠠ ᠪᠤᠳᠠᠨᠴᠠᠷ᠄       ︽ᠠᠬ᠎ᠠ ᠡ᠂ ᠠᠬ᠎ᠠ ᠡ᠂ ᠪᠡᠶ᠎ᠡ ᠲᠦᠷᠦᠬᠦᠦ ᠲᠠᠢ ᠰᠠᠶᠢᠨ᠂ ᠲᠠᠪᠠᠯ ᠵᠠᠬ᠎ᠠ ᠲᠠᠢ ᠰᠠᠶᠢᠨ︾ ᠬᠡᠵᠤ ᠬᠡᠯᠡᠪᠡ᠃ ᠠᠬ᠎ᠠ ᠨᠢ ᠲᠡᠬᠦᠨ ᠢ ᠬᠠᠮᠢᠶ᠎ᠠ ᠦᠭᠡᠢ ᠨᠢᠬᠡ ᠶᠠᠭᠤᠮ᠎ᠠ ᠶᠠᠷᠢᠵᠤ ᠪᠠᠶᠢᠨ᠎ᠠ ᠬᠡᠵᠤ ᠪᠤᠳᠤᠭᠠᠳ ᠬᠠᠶᠢᠬᠤᠷᠤᠯ ᠦᠭᠡᠢ ᠶᠠᠪᠤᠵᠤ ᠪᠠᠶᠢᠪᠠ᠃ ᠪᠤᠳᠠᠨᠴᠠᠷ ᠮᠦᠨ ᠦᠬᠡ ᠶᠢ ᠬᠤᠶᠠᠳᠠᠬᠢ ᠤᠳᠠᠭ᠎ᠠ ᠬᠡᠯᠡᠭᠰᠡᠨ ᠳᠤ ᠠᠬ᠎ᠠ ᠨᠢ ᠪᠠᠰᠠ ᠬᠠᠷᠢᠭᠤ ᠲᠤᠤᠭᠠᠷᠤᠭᠰᠠᠨ ᠦᠭᠡᠢ᠃ ᠪᠤᠳᠠᠨᠴᠠᠷ ᠠᠬ᠎ᠠ ᠪᠠᠨ ᠬᠦᠢᠴᠡᠵᠤ ᠬᠦᠷᠦᠬᠡᠳ ᠮᠦᠨ ᠦᠬᠡ ᠶᠢ ᠭᠤᠷᠪᠠᠳᠠᠬᠢ ᠤᠳᠠᠭ᠎ᠠ ᠬᠡᠯᠡᠭᠰᠡᠨ ᠳᠤ ᠪᠤᠬ᠎ᠠ ᠬᠠᠳᠠᠬᠢ᠄       ︽ᠴᠢ ᠶᠠᠭᠤᠨ ᠳᠤ ᠡᠨᠡ ᠦᠬᠡ ᠶᠢ ᠲᠠᠬᠢᠨ ᠲᠠᠪᠳᠠᠨ ᠬᠡᠯᠡᠬᠡᠳ ᠪᠠᠶᠢᠬᠤ ᠪᠤᠢ︖︾ ᠬᠡᠵᠤ ᠠᠰᠠᠭᠤᠪᠠ᠃ ᠪᠤᠳᠠᠨᠴᠠᠷ᠄       ︽ᠰᠠᠶ᠋ᠢ ᠶᠢᠨ ᠲᠦᠩᠬᠡᠯᠢᠭ ᠭᠤᠷᠤᠬᠠᠨ ᠳᠤ ᠨᠤᠳᠤᠭᠯᠠᠵᠤ ᠪᠠᠶᠢᠬᠤ ᠢᠷᠬᠡᠳ ᠶᠡᠭᠡ ᠪᠠᠭ᠎ᠠ ᠎ ᠶᠢᠨ ᠢᠯᠭᠠᠯ ᠦᠭᠡᠢ᠂ ᠬᠠᠮᠢᠶᠠᠷᠬᠤ ᠡᠵᠡᠨ ᠦᠭᠡᠢ ᠪᠠᠶᠢᠨ᠎ᠠ᠂ ᠡᠶᠢᠮᠤ ᠬᠢᠯᠪᠠᠷ ᠢᠷᠬᠡᠨ ᠢ ᠶᠠᠭᠠᠬᠢᠨ ᠵᠦᠬᠡᠷ ᠤᠷᠬᠢᠵᠤ ᠶᠠᠪᠤᠬᠤ ᠪᠢᠯᠡ︖︾ ᠬᠡᠰᠡᠨ ᠳᠤ ᠪᠤᠬ᠎ᠠ ᠬᠠᠳᠠᠬᠢ ᠲᠤᠳᠤᠷ᠎ᠠ ᠪᠠᠨ ︽ᠲᠡᠬᠦᠦ ᠮᠢᠨᠢ ᠡᠨᠡ ᠬᠡᠳᠤᠨ ᠵᠢᠯ ᠦᠨᠡᠬᠡᠷ ᠶᠠᠭᠤᠮ᠎ᠠ ᠮᠡᠳᠡᠬᠦ ᠪᠤᠯᠪᠠ︾ ᠬᠡᠵᠤ ᠪᠤᠳᠤᠭᠠᠳ᠄       ︽ᠬᠡᠷ ᠲᠤ ᠬᠦᠷᠴᠤ ᠠᠬ᠎ᠠ ᠲᠠᠬᠦᠦ ᠨᠠᠷ ᠵᠦᠪᠯᠡᠯᠳᠤᠵᠤ ᠪᠤᠯᠤᠶ᠎ᠠ︾ ᠬᠡᠪᠡ᠃       ᠲᠡᠭᠡᠭᠡᠳ ᠪᠤᠬ᠎ᠠ ᠬᠠᠳᠠᠬᠢ᠂ ᠲᠡᠬᠦᠦ ᠪᠤᠳᠠᠨᠴᠠᠷ ᠢ ᠡᠷᠢᠵᠤ ᠤᠯᠤᠨ ᠬᠡᠷ ᠲᠡᠭᠡᠨ ᠬᠦᠷᠦᠭᠰᠡᠨ ᠎ ᠳᠤ ᠠᠬ᠎ᠠ ᠲᠡᠬᠦᠦ ᠨᠠᠷ ᠤᠴᠠᠷᠠᠯᠳᠤᠨ ᠶᠡᠭᠡ ᠪᠠᠶᠠᠷ ᠪᠤᠯᠵᠤ ᠨᠢᠬᠡ ᠬᠡᠰᠡᠭ ᠨᠡᠶᠢᠷᠯᠠᠨ ᠴᠠᠩᠬᠡᠯᠳᠦᠭᠰᠡᠨ ᠤ ᠲᠠᠷᠠᠭ᠎ᠠ᠂ ᠪᠤᠬ᠎ᠠ ᠬᠠᠳᠠᠬᠢ ᠪᠤᠳᠠᠨᠴᠠᠷ ᠤᠨ ᠵᠠᠮ ᠳᠤ ᠬᠡᠯᠡᠭᠰᠡᠨ ᠦᠬᠡ ᠶᠢ ᠭᠠᠷᠭᠠᠵᠤ ᠬᠡᠯᠡᠪᠡᠯ᠂ ᠠᠬ᠎ᠠ ᠨᠠᠷ ᠨᠢ᠄ ︽ᠡᠶᠢᠮᠤ ᠬᠢᠯᠪᠡᠷ ᠢᠷᠬᠡᠨ ᠢ ᠡᠵᠡᠯᠡᠬᠦ ᠦᠭᠡᠢ ᠶᠠᠭᠠᠬᠢᠬᠤ ᠪᠤᠢ︖︾ ᠬᠡᠵᠤ ᠬᠤᠰᠢᠭᠤᠴᠢ ᠳᠤ ᠮᠦᠨ ᠪᠤᠳᠠᠨᠴᠠᠷ ᠢ ᠶᠠᠪᠤᠭᠤᠯᠪᠠ᠃ ᠪᠤᠳᠠᠨᠴᠠᠷ ᠲᠡᠷᠢᠬᠦᠯᠡᠨ ᠶᠠᠪᠤᠵᠤ ᠪᠠᠶᠢᠳᠠᠯ᠎ᠠ ᠭᠤᠤᠯ ᠤᠨ ᠬᠦᠪᠡᠬᠡᠨ ᠳᠤ ᠨᠢᠬᠡᠨ ᠵᠠᠯᠠᠭᠤ ᠡᠬᠡᠨᠡᠷ ᠲᠠᠢ ᠤᠴᠠᠷᠠᠪᠠ᠃ ᠪᠤᠳᠠᠨᠴᠠᠷ ᠲᠡᠷᠡ ᠵᠠᠯᠠᠭᠤ ᠡᠬᠡᠨᠡᠷ ᠢ ᠪᠠᠷᠢᠵᠤ ᠠᠪᠤᠭᠠᠳ ᠲᠦᠩᠬᠡᠯᠢᠭ ᠭᠤᠷᠤᠬᠠᠨ ᠳᠠᠬᠢ ᠢᠷᠬᠡᠳ ᠤᠨ ᠤᠷᠢᠶᠠᠩᠬᠠᠢ ᠠᠶᠢᠮᠠᠭ ᠤᠨ ᠵᠠᠷᠴᠢᠭᠤᠳ ᠤᠪᠤᠭ ᠤᠨ ᠬᠦᠮᠦᠨ ᠪᠤᠯᠬᠤ ᠶᠢ ᠮᠡᠳᠡᠵᠤ᠂ ᠲᠡᠬᠦᠨ ᠢᠶᠠᠷ ᠵᠠᠮᠴᠢᠯᠠᠭᠤᠯᠵᠤ ᠶᠠᠪᠤᠳᠠᠯ᠎ᠠ ᠪᠦᠬᠦᠨᠤᠳᠠᠢ᠂ ᠪᠡᠯᠬᠦᠨᠤᠳᠠᠢ᠂ ᠪᠤᠬ᠎ᠠ ᠬᠠᠳᠠᠬᠢ᠂ ᠪᠤᠭᠳᠤ ᠰᠡᠯᠵᠢ ᠲᠦᠷᠪᠡᠬᠦᠯᠡ ᠬᠦᠢᠴᠡᠨ ᠢᠷᠡᠵᠤ ᠪᠦᠬᠦᠳᠡᠬᠡᠷ ᠲᠡᠳᠡ ᠢᠷᠬᠡᠨ ᠢ ᠲᠤᠪᠳᠤᠯᠤᠨ ᠲᠠᠭᠠᠷᠢᠵᠤ᠂ ᠠᠳᠤᠭᠤ ᠮᠠᠯ ᠢ ᠨᠢ ᠬᠤᠪᠢᠶᠠᠨ ᠠᠪᠴᠤ ᠠᠷᠠᠳ ᠢᠷᠬᠡᠳ ᠎ ᠢ ᠨᠢ ᠵᠠᠷᠤᠴᠠ ᠪᠤᠯᠭᠠᠪᠠ᠃       ᠪᠤᠳᠠᠨᠴᠠᠷ ᠤᠯᠵᠠᠯᠠᠭᠰᠠᠨ ᠲᠡᠷᠡ ᠵᠠᠯᠠᠭᠤ ᠡᠬᠡᠨᠡᠷ ᠢ ᠬᠡᠷᠬᠡᠢ ᠪᠤᠯᠭᠠᠨ ᠠᠪᠤᠪᠠ᠃         ᠲᠠᠶᠢᠯᠪᠤᠷᠢ᠄      ① ᠭᠤᠤᠯ ᠲᠠᠭᠠᠷᠢᠳᠤ ᠭᠤᠳᠤᠯᠢ ᠰᠡᠬᠦᠯᠳᠤ — ᠨᠢᠷᠤᠭᠤ ᠨᠢ ᠲᠠᠭᠠᠷᠢᠳᠤᠭᠰᠠ᠂ ᠲᠤᠵᠠᠩ ᠰᠡᠬᠦᠯ ᠲᠠᠢ᠃      ② ᠡᠮᠪᠤᠯᠠ — ᠤᠪᠤᠬᠠᠢ᠃      ③ ᠪᠤᠷᠤᠭᠴᠢᠨ ᠬᠠᠷᠴᠠᠭᠠᠢ — ᠵᠤᠯᠵᠠᠭ᠎ᠠ ᠬᠠᠷᠴᠠᠭᠠᠢ᠃      ④ ᠵᠠᠳᠠ — ᠬᠠᠷᠢ᠂ ᠪᠤᠰᠤᠳ ᠬᠡᠰᠡᠨ ᠤᠳᠬ᠎ᠠ ᠲᠠᠢ᠃      ⑤ ᠡᠰᠦᠭ — ᠴᠡᠭᠡ᠃      ⑥ ᠬᠢᠯᠪᠠᠷ ᠢᠷᠬᠡᠨ — ᠬᠦᠴᠦ ᠴᠢᠳᠠᠯ ᠲᠤᠷᠤᠢ ᠪᠠᠭᠤᠷᠠᠢ ᠢᠷᠬᠡᠨ ︵ᠬᠦᠮᠦᠰ︶᠃          ᠡᠮᠤᠨᠡᠬᠢ ᠦᠯᠢᠬᠡᠷ ᠄ ᠠᠯᠤᠨ ᠭᠤᠸ᠎ᠠ ᠡᠬᠡ ᠲᠠᠪᠤᠨ ᠮᠦᠰᠤ ᠪᠠᠷ ᠬᠡᠤᠬᠡᠳ ᠢᠶᠠᠨ ᠰᠤᠷᠭᠠᠭᠰᠠᠨ        ᠬᠤᠶᠢᠨᠠᠬᠢ ᠦᠯᠢᠬᠡᠷ᠄ ᠬᠠᠶᠢᠳᠤ ᠶᠢ ᠠᠪᠤᠷᠠᠭᠰᠠᠨ 
 
ᠢᠷᠡᠯᠲᠡ᠄ ᠮᠤᠩᠭᠤᠯ ᠦᠨᠳᠤᠰᠤᠳᠠᠨ ᠤ ᠰᠤᠩᠭᠤᠳᠠᠭ ᠵᠤᠬᠢᠶᠠᠯ ᠤᠨ ᠰᠤᠩᠭᠤᠮᠠᠯ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号