| | ᠮᠤᠩᠭᠤᠯ ᠦᠨᠳᠤᠰᠤᠳᠠᠨ ᠤ ᠲᠡᠤᠬᠡᠨ ᠲᠡᠭᠡᠷ᠎ᠡ ᠠᠯᠤᠨ ᠭᠤᠸ᠎ᠠ ᠬᠡᠳᠡᠭ ᠨᠢᠬᠡᠨ ᠠᠯᠳᠠᠷᠳᠤ | ᠡᠮᠡᠭᠳᠠᠢ ᠪᠠᠶᠢᠵᠠᠢ᠃ ᠲᠠᠷᠠ ᠪᠤᠯ ᠴᠢᠩᠭᠢᠰ ᠬᠠᠭᠠᠨ ᠤ ᠲᠡᠭᠡᠳᠤᠰ ᠲᠤᠪᠤ ᠮᠡᠷᠬᠡᠨ ᠤ ᠬᠠᠳᠤᠨ ᠶᠤᠮ᠃ | ᠲᠤᠪᠤ ᠮᠡᠷᠬᠡᠨ ᠤ ᠡᠴᠢᠬᠡ ᠲᠤᠷᠭᠤᠯᠵᠢᠨ ᠪᠠᠶᠠᠨ᠂ ᠡᠬᠡ ᠪᠤᠷᠤᠭᠴᠢᠠ ᠭᠤᠸ᠎ᠠ ᠠᠯᠢ ᠬᠡᠳᠦᠶᠢᠨ | ᠦᠭᠡᠢ ᠪᠤᠯᠵᠤ᠂ ᠲᠠᠷᠠ ᠠᠬ᠎ᠠ ᠲᠤᠸᠠ ᠰᠤᠬᠤᠷ ᠤᠨ ᠬᠠᠮᠳᠤ ᠠᠮᠢᠳᠤᠷᠠᠳᠠᠭ᠃ ᠲᠤᠸᠠ ᠰᠤᠬᠤᠷ ᠦᠪᠡᠷ ᠤᠨ ᠲᠡᠬᠦᠦ | ᠳᠡᠭᠡᠨ ᠲᠤᠩ ᠬᠠᠶᠢᠷᠠᠳᠠᠢ᠂ ᠲᠠᠷᠠ ᠬᠠᠮᠢᠭ᠎ᠠ ᠶᠠᠪᠤᠪᠠᠴᠤ ᠲᠡᠬᠦᠦ ᠪᠠᠨ ᠲᠠᠭᠠᠭᠤᠯᠤᠨ ᠶᠠᠪᠤᠳᠠᠭ᠃ | ᠨᠢᠬᠡᠨ ᠡᠳᠤᠷ᠂ ᠲᠤᠸᠠ ᠰᠤᠬᠤᠷ ᠲᠡᠬᠦᠦ ᠪᠠᠨ ᠲᠠᠭᠠᠭᠤᠯᠤᠨ ᠪᠤᠷᠬᠠᠨ ᠬᠠᠯᠳᠤᠨ ᠠᠭᠤᠯᠠᠨ | ᠳᠤ ᠬᠦᠷᠦᠬᠡᠯᠡᠷᠡ ᠭᠠᠷᠪᠠ᠃ ᠡᠨᠡ ᠦᠶ᠎ᠡ ᠳᠤ ᠶᠠᠭ ᠰᠠᠶᠢᠬᠠᠨ ᠵᠤᠨ ᠤ ᠡᠬᠢᠨ ᠰᠠᠷ᠎ᠠ ᠪᠠᠶᠢᠭᠰᠠᠨ ᠲᠤᠯᠠ ᠡᠪᠡᠰᠤ | ᠮᠤᠳᠤ ᠬᠦᠬᠡᠷᠡᠨ᠂ ᠤᠨᠢᠶᠠᠷ ᠬᠦᠳᠡᠩ ᠵᠡᠷᠬᠡᠯᠬᠡᠳᠡᠨ᠂ ᠪᠤᠯᠵᠤᠮᠤᠷ ᠰᠢᠪᠠᠭᠤ ᠲᠤᠩᠭᠤᠳᠤᠨ᠂ ᠪᠤᠯᠠᠭ ᠭᠤᠷᠤᠬ᠎ᠠ | ᠭᠤᠷᠴᠢᠬᠢᠨᠠᠨ᠂ ᠬᠦᠮᠦᠨ ᠤ ᠰᠡᠳᠬᠢᠯ ᠢ ᠠᠷᠭ᠎ᠠ ᠦᠭᠡᠢ ᠪᠤᠯᠢᠶᠠᠨ᠎ᠠ᠃ ᠠᠬ᠎ᠠ ᠲᠡᠬᠦᠦ ᠬᠤᠶᠠᠭᠤᠯᠠ ᠠᠩ ᠬᠦᠷᠦᠬᠡ | ᠬᠢᠬᠦ ᠪᠠᠨ ᠪᠠᠶᠢᠵᠤ᠂ ᠪᠤᠷᠬᠠᠨ ᠬᠠᠯᠳᠤᠨ ᠤ ᠤᠷᠤᠢ ᠲᠠᠭᠡᠷ᠎ᠡ ᠭᠠᠷᠴᠤ ᠪᠠᠶᠢᠭᠠᠯᠢ ᠶᠢᠨ ᠦᠵᠡᠮᠵᠢ ᠶᠢ ᠪᠠᠭ᠋ᠠᠳᠤᠨ | ᠰᠠᠭᠤᠪᠠ᠃ ᠲᠤᠪᠤ ᠮᠡᠷᠬᠡᠨ ᠰᠠᠶ᠋ᠢ ᠪᠤᠷᠬᠠᠨ ᠬᠠᠯᠳᠤᠨ ᠠᠭᠤᠯᠠᠨ ᠳᠤ ᠭᠠᠷᠤᠭᠰᠠᠨ ᠮᠡᠳᠤ᠄ | ︽ᠠᠬ᠎ᠠ ᠡ᠂ ᠪᠢ ᠤᠷᠢᠳᠤ ᠪᠤᠷᠬᠠᠨ ᠬᠠᠯᠳᠤᠨ ᠳᠤ ᠭᠠᠷᠴᠤ ᠪᠠᠶᠢᠭᠰᠠᠨ ᠪᠤᠯᠪᠠᠴᠤ ᠬᠠᠯᠳᠤᠨ | ᠠᠭᠤᠯᠠᠨ ᠤ ᠡᠶᠢᠮᠤ ᠰᠠᠶᠢᠬᠠᠨ ᠦᠵᠡᠮᠵᠢ ᠶᠢ ᠶᠡᠷᠦ ᠠᠩᠬᠠᠷᠤᠭᠰᠠᠨ ᠦᠭᠡᠢ᠂ ᠠᠶ᠎ᠠ᠂ ᠶᠠᠮᠠᠷ ᠰᠠᠶᠢᠬᠠᠨ ᠬᠡᠭᠴᠢ ᠪᠤᠢ︕ | ︾ ᠬᠡᠵᠤ ᠱᠠᠭᠰᠢᠨ ᠲᠠᠭᠤᠰᠬᠤ ᠦᠭᠡᠢ ᠪᠠᠶᠢᠳᠠᠯ᠎ᠠ᠂ ᠲᠤᠸᠠ ᠰᠤᠬᠤᠷ ᠠᠯᠤᠰ ᠲᠡᠰᠢ ᠬᠠᠷᠠᠵᠤ ᠪᠠᠶᠢᠭᠰᠠᠨ ᠢᠶᠠᠨ᠄ | ︽ᠲᠡᠬᠦᠦ ᠮᠢᠨᠢ᠂ ᠲᠡᠷᠡ ᠬᠤᠯᠠ ᠠᠴᠠ ᠨᠢᠬᠡᠨ ᠪᠦᠯᠦᠭ ᠢᠷᠬᠡᠨ ᠲᠦᠩᠭᠡᠯᠢᠭ ᠭᠤᠷᠤᠬ᠎ᠠ | ᠤᠷᠤᠭᠤ ᠨᠡᠬᠦᠵᠤ ᠠᠶᠢᠰᠤᠢ᠃ ᠲᠡᠷᠡ ᠨᠡᠬᠦᠳᠠᠯ ᠢᠷᠬᠡᠨ ᠤ ᠬᠠᠷᠭᠤᠳᠠᠢ ᠲᠡᠷᠬᠡᠨ ① ᠤ ᠮᠤᠬᠤᠯᠠᠭ ᠤᠨ ᠡᠮᠤᠨ᠎ᠠ | ᠨᠢᠬᠡᠨ ᠭᠤᠸ᠎ᠠ ᠦᠵᠡᠰᠬᠦᠯᠡᠩᠳᠤ ᠦᠬᠢᠨ ᠰᠠᠭᠤᠵᠤ ᠪᠠᠶᠢᠨ᠎ᠠ᠃ ᠲᠡᠬᠦᠨ ᠤ ᠵᠢᠰᠤ ᠠᠳᠠ ᠠᠴᠠ ᠬᠡᠷᠡᠯᠳᠦᠨ | ᠬᠠᠷᠠᠭᠳᠠᠵᠤ ᠪᠠᠶᠢᠨ᠎ᠠ᠃ ᠬᠡᠷᠪᠡ ᠬᠦᠮᠦᠨ ᠤ ᠬᠡᠷᠬᠡᠢ ᠪᠤᠯᠤᠭᠠᠳᠤᠢ ᠪᠤᠯ ᠲᠡᠬᠦᠦ ᠴᠢᠮ᠎ᠠ ᠳᠤ ᠭᠤᠶᠤᠵᠤ ᠦᠭᠬᠦᠶ᠎ᠡ᠂ | ᠴᠢ ᠤᠴᠢᠵᠤ ᠦᠵᠡᠬᠡᠳ ᠢᠷᠡᠬᠡᠷᠠᠢ︾ ᠬᠡᠵᠤ ᠲᠤᠪᠤ ᠮᠡᠷᠬᠡᠨ ᠳᠤ ᠬᠡᠯᠡᠪᠠ᠃ ᠲᠤᠪᠤ ᠮᠡᠷᠬᠡᠨ ᠤᠳᠠᠳᠠᠯ᠎ᠠ ᠰᠢᠷᠳᠡᠬᠡᠳ | ᠶᠠᠭᠤ ᠴᠦ ᠤᠯᠵᠤ ᠦᠵᠡᠭᠰᠡᠨ ᠦᠭᠡᠢ ᠲᠤᠯᠠ ᠢᠳᠡᠬᠡᠬᠦ ᠲᠠᠢ ᠦᠭᠡᠢ ᠲᠠᠢ ᠪᠤᠰᠴᠤ ᠠᠬ᠎ᠠ ᠶᠢᠨ ᠢᠶᠠᠨ ᠵᠢᠭᠠᠭᠰᠠᠨ | ᠵᠦᠭ ᠲᠤ ᠮᠤᠷᠳᠠᠭᠠᠳ᠂ ᠬᠠᠭᠠᠰ ᠡᠳᠤᠷ ᠶᠠᠪᠤᠵᠤ ᠰᠠᠶ᠋ᠢ ᠨᠢᠬᠡᠨ ᠪᠦᠯᠦᠭ ᠢᠷᠬᠡᠨ ᠲᠠᠢ ᠤᠴᠠᠷᠠᠪᠠ᠃ ᠲᠠᠳᠠ ᠶᠠᠭ | ᠠᠬ᠎ᠠ ᠶᠢᠨ ᠬᠢᠨᠢ ᠤᠯᠵᠤ ᠦᠵᠡᠭᠰᠡᠨ ᠨᠡᠬᠦᠳᠠᠯ ᠢᠷᠬᠡᠨ ᠪᠠᠶᠢᠭᠰᠠᠨ ᠪᠦᠬᠡᠳ ᠲᠡᠷᠬᠡᠨ ᠤ ᠮᠤᠬᠤᠯᠠᠭ ᠤᠨ ᠡᠮᠤᠨ᠎ᠠ | ᠦᠨᠡᠬᠡᠷ ᠨᠢᠬᠡᠨ ᠭᠤᠸ᠎ᠠ ᠦᠵᠡᠰᠬᠦᠯᠡᠩᠳᠤ ᠦᠬᠢᠨ ᠰᠠᠭᠤᠵᠤ ᠪᠠᠶᠢᠵᠠᠢ᠃ ᠲᠤᠸᠠ ᠰᠤᠬᠤᠷ ᠶᠠᠭᠠᠬᠢᠨ ᠡᠶᠢᠮᠤ | ᠲᠤᠳᠤᠷᠬᠠᠢ ᠤᠯᠵᠤ ᠦᠵᠡᠪᠠ︖ ᠬᠡᠪᠡᠯ ᠲᠡᠷᠡ ᠪᠤᠯ ᠶᠡᠷᠤ ᠶᠢᠨ ᠬᠦᠮᠦᠨ ᠲᠠᠢ ᠠᠳᠠᠯᠢ ᠦᠭᠡᠢ᠂ ᠮᠠᠩᠨᠠᠢ ᠲᠤᠮᠳᠠ | ᠪᠠᠨ ᠬᠡᠷᠡᠯᠳᠦᠭᠰᠡᠨ ᠭᠠᠭᠴᠠ ᠨᠢᠳᠤ ᠲᠠᠢ᠂ ᠭᠤᠷᠪᠠᠨ ᠨᠡᠬᠦᠳᠠᠯ ᠤᠨ ᠭᠠᠵᠠᠷ ᠬᠠᠷᠠᠬᠤ ᠬᠡᠳᠦᠶᠢᠳᠦᠭᠰᠡᠨ ᠬᠠᠷᠠᠭ᠎ᠠ ᠲᠠᠢ | ᠬᠦᠮᠦᠨ ᠶᠤᠮ᠃ ᠲᠡᠭᠡᠭᠡᠳ ᠲᠤᠪᠤ ᠮᠡᠷᠬᠡᠨ ᠠᠬ᠎ᠠ ᠶᠢᠨ ᠢᠶᠠᠨ ᠨᠢᠳᠤᠨ ᠤ ᠬᠤᠷᠴᠠ ᠶᠢ ᠠᠷᠭ᠎ᠠ ᠦᠭᠡᠢ ᠭᠠᠶᠢᠬᠠᠨ | ᠪᠢᠰᠢᠷᠡᠵᠤ᠂ ᠤᠷᠤᠭᠰᠢ ᠲᠠᠪᠰᠢᠨ ᠳᠡᠳᠡ ᠢᠷᠬᠡᠨ ᠤ ᠬᠡᠨ ᠶᠠᠭᠤᠨ ᠬᠦᠮᠦᠨ ᠪᠤᠯᠬᠤ ᠶᠢ ᠠᠰᠠᠭᠤᠪᠠᠯ᠂ ᠲᠡᠳᠡ ᠪᠤᠯ | ᠬᠤᠷᠢ ᠲᠦᠮᠡᠳ ᠤᠨ ᠨᠤᠶᠠᠨ᠂ ᠬᠤᠷᠢᠯᠠᠷᠳᠠᠢ ᠮᠡᠷᠬᠡᠨ ᠤ ᠬᠢ ᠪᠠᠶᠢᠵᠠᠢ᠃ ᠬᠤᠷᠢᠯᠠᠷᠳᠠᠢ ᠮᠡᠷᠬᠡᠨ ᠤ ᠬᠤᠷᠢ ᠲᠦᠮᠡᠳ | ᠤᠨ ᠭᠠᠵᠠᠷ ᠲᠤ ᠪᠤᠯᠠᠭ᠎ᠠ᠂ ᠬᠡᠷᠡᠮᠤ ᠵᠡᠷᠬᠡ ᠠᠩ ᠬᠦᠷᠦᠬᠡᠰᠤ ᠪᠤᠯᠢᠶᠠᠯᠳᠤᠨ ᠮᠠᠭᠤᠳᠠᠯᠴᠠᠭᠠᠳ᠂ ᠬᠤᠷᠢᠯᠠᠷ ᠤᠪᠤᠭᠳᠠᠨ | ᠪᠤᠯᠵᠤ ᠰᠠᠯᠵᠤ ᠭᠠᠷᠴᠤ ᠢᠷᠡᠬᠡᠳ᠂ ᠪᠤᠷᠬᠠᠨ ᠬᠠᠯᠳᠤᠨ ᠤ ᠠᠭᠤᠯᠠᠨ ᠳᠤ ᠠᠩ ᠬᠦᠷᠦᠬᠡᠰᠤ ᠡᠯᠪᠡᠭ ᠬᠡᠵᠤ | ᠰᠤᠨᠤᠰᠴᠤ ᠪᠤᠷᠬᠠᠨ ᠬᠠᠯᠳᠤᠨ ᠤ ᠡᠵᠡᠨ ᠪᠤᠷᠬᠠᠨ ᠪᠤᠰᠬᠠᠭᠰᠠᠨ ② ᠤᠷᠢᠶᠠᠩᠬᠠᠢ ᠠᠶᠢᠮᠠᠭ ᠤᠨ ᠰᠢᠨᠴᠢ ᠪᠠᠶᠠᠨ ᠲᠠᠢ | ᠠᠭᠤᠯᠵᠠᠬᠤ ᠪᠠᠷ ᠨᠡᠬᠦᠵᠤ ᠠᠶᠢᠰᠤᠢ ᠠᠵᠢ᠃ ᠲᠡᠷᠡ ᠲᠡᠷᠬᠡᠨ ᠤ ᠮᠤᠬᠤᠯᠠᠭ ᠤᠨ ᠡᠮᠤᠨ᠎ᠡ ᠰᠠᠭᠤᠵᠤ ᠪᠠᠶᠢᠭ᠎ᠠ ᠭᠤᠸ᠎ᠠ | ᠦᠵᠡᠰᠬᠦᠯᠡᠩᠳᠤ ᠦᠬᠢᠨ ᠪᠤᠯ ᠬᠤᠷᠢᠯᠠᠷᠳᠠᠢ ᠮᠡᠷᠬᠡᠨ ᠤ ᠬᠡᠷᠬᠡᠢ ᠪᠠᠷᠠᠭᠤᠵᠢᠨ ᠭᠤᠸ᠎ᠠ ᠠᠴᠠ ᠠᠷᠢᠭ ᠤᠰᠤᠨ ᠬᠡᠬᠦ | ᠭᠠᠵᠠᠷ ᠲᠤ ᠲᠦᠷᠦᠭᠰᠡᠨ ᠠᠯᠤᠨ ᠭᠤᠸ᠎ᠠ ᠨᠡᠷᠡᠳᠤ ᠦᠬᠢᠨ ᠪᠢᠯᠡ᠃ ᠲᠤᠪᠤ ᠮᠡᠷᠬᠡᠨ ᠲᠡᠷᠬᠡᠴᠢ ᠡᠪᠦᠬᠡᠨ ᠠᠴᠠ ᠠᠯᠤᠨ | ᠭᠤᠸ᠎ᠠ ᠦᠬᠢᠨ ᠤ ᠬᠠᠷᠢ ᠳᠤ ᠮᠤᠷᠳᠠᠭ᠎ᠠ ᠦᠭᠡᠢ ᠶᠢ ᠠᠰᠠᠭᠤᠵᠤ ᠮᠡᠳᠡᠬᠡᠳ ᠲᠦᠷᠬᠡᠬᠡᠨ ᠬᠠᠷᠢᠵᠤ ᠠᠬ᠎ᠠ ᠳᠠᠭᠠᠨ | ᠬᠡᠯᠡᠵᠤ ᠦᠭᠪᠡ᠃ | ᠮᠠᠷᠭᠠᠰᠢ ᠨᠢ ᠲᠤᠸᠠ ᠰᠤᠬᠤᠷ ᠪᠤᠯᠠᠭ᠎ᠠ᠂ ᠬᠡᠷᠡᠮᠤ ᠶᠢᠨ ᠠᠷᠠᠰᠤ ᠵᠡᠷᠬᠡ ᠪᠡᠯᠡᠭ ᠰᠡᠯᠳᠠ | ᠠᠪᠴᠤ᠂ ᠲᠤᠪᠤ ᠮᠡᠷᠬᠡᠨ ᠲᠡᠬᠦᠦ ᠪᠠᠨ ᠲᠠᠭᠠᠭᠤᠯᠤᠨ ᠬᠤᠷᠢᠯᠠᠷᠳᠠᠢ ᠮᠡᠷᠬᠡᠨ ᠢ ᠡᠷᠢᠨ ᠵᠤᠯᠭᠠᠵᠤ᠂ ᠲᠡᠬᠦᠨ ᠤ ᠦᠬᠢᠨ | ᠠᠯᠤᠨ ᠭᠤᠸ᠎ᠠ ᠶᠢ ᠭᠤᠶᠤᠵᠤ ᠲᠡᠬᠦᠦ ᠳᠡᠭᠡᠨ ᠬᠡᠷᠬᠡᠢ ᠪᠤᠯᠭᠠᠨ ᠠᠪᠴᠤ ᠦᠭᠪᠠ᠃ | ᠠᠯᠤᠨ ᠭᠤᠸ᠎ᠠ ᠲᠤᠪᠤ ᠮᠡᠷᠬᠡᠨ ᠤ ᠳᠤ ᠢᠷᠡᠵᠤ ᠡᠷ᠎ᠡ ᠡᠮ᠎ᠡ ᠬᠤᠶᠠᠭᠤᠯᠠ ᠡᠶ᠎ᠡ ᠨᠠᠶᠢᠷᠳᠠᠢ ᠠᠵᠤ | ᠲᠦᠷᠦᠨ ᠰᠠᠭᠤᠵᠤ ᠬᠡᠳᠦᠨ ᠵᠢᠯ ᠪᠤᠯᠤᠯ ᠦᠭᠡᠢ ᠪᠦᠬᠦᠨᠤᠳᠠᠢ᠂ ᠪᠡᠯᠬᠦᠨᠤᠳᠠᠢ ᠬᠡᠬᠦ ᠬᠤᠶᠠᠷ ᠬᠦᠦ ᠲᠦᠷᠦᠪᠡ᠃ | ᠲᠡᠭᠡᠵᠤ ᠪᠠᠶᠢᠳᠠᠯ᠎ᠠ ᠲᠤᠪᠤ ᠮᠡᠷᠬᠡᠨ ᠵᠠᠭᠤᠷᠠᠳᠤ ᠪᠠᠷ ᠦᠭᠡᠢ ᠪᠤᠯᠪᠠ᠃ ᠲᠤᠪᠤ ᠮᠡᠷᠬᠡᠨ ᠢ ᠦᠬᠡᠢ ᠪᠤᠯᠤᠭᠰᠠᠨ ᠬᠤᠶᠢᠨ᠎ᠠ᠂ | ᠠᠯᠤᠨ ᠭᠤᠸ᠎ᠠ ᠪᠡᠯᠪᠡᠰᠤᠨ ᠪᠠᠶᠢᠳᠠᠯ᠎ᠠ ᠪᠠᠰᠠ ᠪᠤᠬ᠎ᠠ ᠬᠠᠳᠠᠬᠢ᠂ ᠪᠤᠭᠳᠤ ᠰᠠᠯᠵᠢ᠂ ᠪᠤᠳᠠᠨᠴᠠᠷ ᠮᠤᠩᠬᠠᠭ ᠬᠡᠬᠦ | ᠭᠤᠷᠪᠠᠨ ᠬᠦᠦ ᠲᠦᠷᠦᠪᠡ᠃ ᠡᠬᠦᠨ ᠳᠤ ᠪᠦᠬᠦᠨᠤᠳᠠᠢ᠂ ᠪᠡᠯᠬᠦᠨᠤᠳᠠᠢ ᠬᠤᠶᠠᠷ ᠬᠦᠦ ᠨᠢ᠄ ︽ᠪᠢᠳᠠᠨ ᠤ ᠡᠬᠡ | ᠪᠡᠯᠪᠡᠰᠤᠨ ᠪᠠᠶᠢᠳᠠᠯ᠎ᠠ ᠡᠨᠡ ᠭᠤᠷᠪᠠᠨ ᠬᠦᠦ ᠶᠢ ᠲᠦᠷᠦᠪᠡ᠃ ᠠᠳᠠ ᠯᠠᠪ ᠪᠢᠳᠠᠨ ᠤ ᠬᠡᠷ ᠲᠤᠳᠤᠷ᠎ᠠ ᠵᠠᠷᠤᠴᠠᠯᠠᠭᠳᠠᠵᠤ | ᠪᠠᠶᠢᠭ᠎ᠠ ᠲᠡᠷᠡ ᠮᠠᠯᠢᠭ ᠪᠠᠶᠠᠭᠤᠳ ᠤᠪᠤᠭ ᠤᠨ ᠬᠦᠮᠦᠨ ᠤ ᠬᠡᠤᠬᠡᠳ ᠪᠢᠵᠠ︾ ᠬᠡᠵᠤ ᠡᠬᠡ ᠶᠢᠨ ᠲᠠᠯᠳᠠ ᠢᠪᠢᠷ | ᠰᠢᠪᠢᠷ ᠬᠡᠯᠡᠯᠴᠠᠨ᠂ ᠭᠤᠷᠪᠠᠨ ᠲᠡᠬᠦᠦ ᠪᠠᠨ ᠲᠠᠷᠤᠯᠠᠨ ᠲᠤᠷᠤᠮᠵᠢᠯᠠᠬᠤ ᠪᠤᠯᠪᠠ᠃ ᠠᠯᠤᠨ ᠭᠤᠸ᠎ᠠ ᠡᠬᠡ ᠶᠢᠨ ᠬᠡᠷ ᠲᠤ | ᠵᠠᠷᠤᠴᠠᠯᠠᠭᠳᠠᠵᠤ ᠪᠠᠶᠢᠭ᠎ᠠ ᠮᠠᠯᠢᠭ ᠪᠠᠶᠠᠭᠤᠳ ᠤᠪᠤᠭ ᠤᠨ ᠬᠦᠮᠦᠨ ᠬᠡᠭᠴᠢ ᠪᠤᠯ᠂ ᠲᠤᠪᠤ ᠮᠡᠷᠬᠡᠨ ᠠᠮᠢᠳᠤ ᠪᠠᠶᠢᠬᠤ | ᠳᠠᠭᠠᠨ ᠭᠤᠨᠵᠢᠨ ᠪᠤᠭᠤ ᠶᠢᠨ ᠦᠷᠦᠬᠡᠰᠤᠨ ᠭᠤᠶ᠎ᠠ ᠪᠠᠷ ᠰᠤᠯᠢᠵᠤ ᠠᠪᠤᠭᠰᠨ ᠬᠦᠮᠦᠨ ᠢ ᠬᠡᠯᠡᠵᠤ ᠪᠠᠶᠢᠭ᠎ᠠ ᠶᠤᠮ᠃ | ᠲᠤᠪᠤ ᠮᠡᠷᠬᠡᠨ ᠨᠢᠬᠡᠨ ᠡᠳᠤᠷ ᠲᠤᠭᠤᠴᠠᠭ ᠦᠨᠳᠤᠷ ᠲᠡᠭᠡᠷ᠎ᠡ ᠬᠦᠷᠦᠬᠡᠯᠡᠷᠡ ᠭᠠᠷᠤᠭᠠᠳ ᠶᠠᠪᠤᠵᠤ ᠪᠠᠶᠢᠳᠠᠯ᠎ᠠ᠂ ᠤᠢ | ᠲᠤᠳᠤᠷ᠎ᠠ ᠨᠢᠬᠡᠨ ᠤᠷᠢᠶᠠᠩᠬᠠᠢ ᠬᠦᠮᠦᠨ ③ ᠭᠤᠨᠵᠢᠨ ᠪᠤᠭᠤ ᠠᠯᠠᠭᠠᠳ ᠰᠢᠷᠠᠵᠤ ᠢᠳᠡᠵᠤ ᠪᠠᠶᠢᠬᠤ ᠲᠠᠢ | ᠲᠠᠭᠠᠷᠠᠯᠳᠤᠪᠠ᠃ ᠲᠤᠪᠤ ᠮᠡᠷᠬᠡᠨ ᠲᠡᠷᠡ ᠤᠷᠢᠶᠠᠩᠬᠠᠢ ᠬᠦᠮᠦᠨ ᠤ ᠪᠤᠭᠤ ᠶᠢᠨ ᠮᠢᠬ᠎ᠠ ᠠᠴᠠ ᠰᠢᠷᠤᠯᠠᠭᠳᠠ ④ ᠬᠡᠵᠤ | ᠭᠤᠶᠤᠵᠤ ᠠᠪᠤᠭᠠᠳ ᠮᠤᠷᠢᠨ ᠳᠠᠭᠠᠨ ᠠᠴᠢᠵᠤ ᠶᠠᠪᠤᠳᠠᠯ᠎ᠠ ᠡᠰᠡᠷᠬᠦ ᠠᠴᠠ ᠨᠢ ᠬᠡᠤᠬᠡᠳ ᠬᠦᠳᠦᠯᠦᠭᠰᠡᠨ ᠨᠢᠬᠡᠨ | ᠶᠠᠳᠠᠭᠤ ᠬᠦᠮᠦᠨ ᠬᠦᠷᠴᠤ ᠢᠷᠡᠪᠠ᠃ ᠲᠤᠪᠤ ᠮᠡᠷᠬᠡᠨ ᠲᠡᠬᠦᠨ ᠠᠴᠠ᠄ | ︽ᠴᠢ ᠶᠠᠭᠤᠨ ᠬᠦᠮᠦᠨ ᠪᠤᠢ︖︾ ᠬᠡᠵᠤ ᠠᠰᠠᠭᠤᠪᠠᠯ᠂ | ︽ᠪᠢ ᠮᠠᠯᠢᠭ ᠪᠠᠶᠠᠭᠤᠳ ᠤᠨ ᠬᠦᠮᠦᠨ᠂ ᠪᠢ ᠤᠳᠤ ᠶᠠᠳᠠᠷᠠᠵᠤ ᠶᠠᠪᠤᠨ᠎ᠠ᠃ ᠴᠢ ᠲᠡᠷᠡ | ᠬᠦᠷᠦᠬᠡᠰᠤᠨ ᠤ ᠮᠢᠬ᠎ᠠ ᠠᠴᠠ ᠨᠠᠳᠠ ᠦᠭ᠂ ᠪᠢ ᠡᠨᠡ ᠬᠦᠦ ᠪᠠᠨ ᠴᠢᠮᠠᠳᠤ ᠦᠭᠬᠦᠶ᠎ᠡ︾ ᠬᠡᠪᠡ᠃ ᠲᠤᠪᠤ ᠮᠡᠷᠬᠡᠨ | ᠲᠠᠷᠤᠢ ᠵᠦᠪᠰᠢᠶᠡᠷᠡᠵᠤ᠂ ᠭᠤᠨᠵᠨ ᠪᠤᠭᠤ ᠶᠢᠨ ᠦᠷᠦᠬᠡᠰᠤᠨ ᠭᠤᠶ᠎ᠠ ᠪᠠᠷ ᠲᠠᠷᠡ ᠮᠠᠯᠢᠭ ᠪᠠᠶᠠᠭᠤᠳ ᠤᠪᠤᠭ ᠤᠨ | ᠶᠠᠳᠠᠭᠤ ᠬᠦᠮᠦᠨ ᠤ ᠬᠦᠦ ᠶᠢ ᠰᠤᠯᠢᠵᠤ ᠠᠪᠤᠭᠠᠳ ᠬᠡᠷ ᠲᠡᠭᠡᠨ ᠠᠪᠴᠢᠷᠠᠵᠤ ᠵᠠᠷᠤᠴᠠᠯᠠᠭᠰᠠᠨ ᠪᠢᠯᠡ᠂ ᠪᠦᠬᠦᠨᠤᠳᠠᠢ᠂ | ᠪᠡᠯᠬᠦᠨᠤᠳᠠᠢ ᠬᠤᠶᠠᠷ ᠡᠨᠡ ᠮᠠᠯᠢᠭ ᠪᠠᠶᠠᠭᠤᠳ ᠤᠪᠤᠭ ᠤᠨ ᠬᠦᠮᠦᠨ ᠤ ᠬᠦᠦ ᠶᠢ ᠵᠢᠭᠠᠵᠤ ᠬᠡᠯᠡᠪᠡ᠃ | ᠠᠯᠤᠨ ᠭᠤᠸ᠎ᠠ ᠡᠬᠡ ᠡᠬᠦᠨ ᠢ ᠤᠯᠵᠤ ᠮᠡᠳᠡᠬᠡᠳ ᠲᠡᠳᠠ ᠠᠬ᠎ᠠ ᠲᠡᠬᠦᠦ ᠨᠠᠷ ᠤᠨ | ᠬᠤᠭᠤᠷᠤᠨᠳᠤ ᠪᠠᠨ ᠡᠶ᠎ᠡ ᠡᠪ ᠦᠬᠡᠢ ᠶᠠᠪᠤᠳᠠᠯ ᠳᠤ ᠶᠡᠬᠡᠳᠠ ᠰᠡᠳᠬᠢᠯ ᠵᠤᠪᠠᠨᠢᠬᠤ ᠪᠤᠯᠪᠠ᠃ | ᠠᠯᠤᠨ ᠭᠤᠸ᠎ᠠ ᠡᠬᠡ ᠲᠡᠳᠠ ᠠᠬ᠎ᠠ ᠲᠡᠬᠦᠦ ᠲᠠᠪᠤᠭᠤᠯᠠ ᠶᠢ ᠴᠤᠬᠤᠮ ᠶᠠᠭᠠᠬᠢᠵᠤ ᠡᠶᠡᠳᠦᠬᠦᠯᠬᠦ | ᠪᠢᠯᠡ︖ ᠬᠡᠵᠤ ᠬᠡᠴᠢᠨᠡᠨ ᠡᠳᠤᠷ ᠪᠤᠳᠤᠭᠠᠳ ᠰᠠᠶ᠋ᠢ ᠨᠢᠬᠡᠨ ᠠᠷᠭ᠎ᠠ ᠪᠤᠳᠤᠵᠤ ᠤᠯᠪᠠ᠃ | ᠬᠠᠪᠤᠷ ᠤᠨ ᠨᠢᠬᠡᠨ ᠡᠳᠤᠷ᠂ ᠠᠯᠤᠨ ᠭᠤᠸ᠎ᠠ ᠡᠬᠡ ᠬᠠᠳᠠᠭᠰᠠᠨ ᠬᠤᠨᠢᠨ ᠮᠢᠬ᠎ᠠ ᠴᠢᠨᠠᠵᠤ | ᠪᠦᠬᠦᠨᠤᠳᠠᠢ᠂ ᠪᠡᠯᠬᠦᠨᠤᠳᠠᠢ᠂ ᠪᠤᠬ᠎ᠠ ᠬᠠᠳᠠᠬᠢ᠂ ᠪᠤᠭᠳᠤ ᠰᠠᠯᠵᠢ᠂ ᠪᠤᠳᠠᠨᠴᠠᠷ ᠮᠤᠩᠬᠠᠭ ᠲᠠᠪᠤᠨ ᠬᠦᠦ ᠪᠠᠨ | ᠲᠠᠭᠤᠳᠠᠨ ᠠᠪᠴᠢᠷᠠᠵᠤ ᠢᠳᠡᠬᠦᠯᠪᠡ᠃ ᠢᠳᠡᠵᠤ ᠪᠠᠷᠠᠭᠰᠠᠨ ᠤ ᠲᠠᠷᠠᠭ᠎ᠠ᠂ ᠠᠯᠤᠨ ᠭᠤᠸ᠎ᠠ ᠡᠬᠡ ᠲᠠᠪᠤᠨ ᠬᠦᠦ ᠪᠠᠨ | ᠵᠡᠷᠬᠡᠴᠡᠬᠦᠯᠦᠨ ᠰᠠᠭᠤᠯᠭᠠᠵᠤ᠂ ᠬᠦᠮᠦᠨ ᠪᠦᠷᠢ ᠳᠤ ᠨᠢᠵᠡᠬᠡᠳ ᠮᠦᠰᠤ ⑤ ᠦᠭᠴᠤ ︽ᠬᠤᠭᠤᠯ︾ ᠬᠡᠰᠡᠨ ᠳᠤ᠂ | ᠲᠠᠪᠤᠨ ᠬᠦᠦ ᠨᠢ ︽ᠲᠠᠰ᠂ ᠲᠠᠰ︾ ᠬᠢᠳᠡᠯ᠎ᠡ ᠪᠦᠷ ᠬᠤᠭᠤᠴᠢᠵᠤ ᠤᠷᠬᠢᠪᠠ᠃ ᠠᠯᠤᠨ ᠭᠤᠸ᠎ᠠ ᠡᠬᠡ ᠲᠠᠬᠢᠨ | ᠲᠠᠪᠤᠨ ᠮᠦᠰᠤ ᠠᠪᠴᠤ ᠬᠠᠮᠳᠤ ᠪᠠᠭᠯᠠᠭᠠᠳ ︽ᠬᠤᠭᠤᠯ︾ ᠬᠡᠵᠤ ᠦᠭᠬᠦᠭᠰᠡᠨ ᠳᠤ᠂ ᠠᠬ᠎ᠠ ᠲᠡᠬᠦᠦ ᠲᠠᠪᠤᠭᠤᠯᠠ | ᠲᠠᠷᠠᠭᠠᠯᠠᠨ ᠤᠷᠤᠯᠳᠤᠭᠠᠳ ᠬᠡᠨ ᠴᠦ ᠬᠤᠭᠤᠴᠢᠵᠤ ᠡᠰᠡ ᠴᠢᠳᠠᠪᠠ᠃ | ᠡᠬᠦᠨ ᠳᠤ ᠠᠯᠤᠨ ᠭᠤᠸ᠎ᠠ ᠡᠬᠡ᠄ ︽ᠪᠦᠬᠦᠨᠤᠳᠠᠢ᠂ ᠪᠡᠯᠬᠦᠨᠤᠳᠠᠢ ᠲᠠ ᠬᠤᠶᠠᠷ ᠨᠠᠮᠠᠢᠢ ᠡᠶᠢᠨ | ᠳᠡᠶᠢᠨ ᠬᠡᠵᠤ ᠬᠡᠯᠡᠯᠴᠡᠬᠦ ᠴᠦ ᠶᠠᠭᠠᠬᠢᠪ᠂ ᠭᠤᠷᠪᠠᠨ ᠳᠡᠬᠦᠦ ᠪᠠᠨ ᠬᠠᠷᠢᠨ ᠪᠤᠰᠤᠴᠢᠯᠠᠨ ᠦᠵᠡᠵᠤ ᠲᠠᠷᠤᠯᠠᠨ | ᠲᠤᠷᠤᠮᠵᠢᠯᠠᠬᠤ ᠴᠢᠨᠢ ᠵᠤᠬᠢᠬᠤ ᠦᠭᠡᠢ᠃ ᠲᠠ ᠨᠠᠷ ᠤᠴᠢᠷ ᠢ ᠦᠯᠤ ᠮᠡᠳᠡᠨ᠎ᠡ᠃ ᠡᠴᠢᠬᠡ ᠴᠢᠨᠢ ᠦᠭᠡᠢ ᠪᠤᠯᠤᠭᠰᠠᠨ | ᠬᠤᠶᠢᠨ᠎ᠠ᠂ ᠮᠢᠨᠤ ᠵᠡᠬᠦᠳᠤᠨ ᠳᠤ ᠰᠦᠨᠢ ᠪᠦᠷᠢ ᠨᠢᠬᠡᠨ ᠴᠠᠭᠠᠨ ᠰᠢᠷ᠎ᠠ ᠵᠢᠰᠤᠳᠠᠢ ᠬᠦᠮᠦᠨ ᠡᠷᠦᠬᠡ ᠲᠤᠳᠤᠭᠤ ᠪᠠᠷ | ⑥ ᠬᠡᠶᠢᠬᠦᠯᠦᠨ ᠤᠷᠤᠵᠤ ᠢᠷᠡᠬᠡᠳ ᠬᠡᠪᠡᠯᠢ ᠶᠢ ᠢᠯᠢᠬᠦ ᠳᠤ ᠲᠡᠬᠦᠨ ᠤ ᠬᠡᠷᠡᠯ ᠮᠢᠨᠤ ᠬᠡᠪᠡᠯᠢ ᠳᠤ ᠰᠢᠩᠬᠡᠬᠦ ᠪᠢᠯᠡ᠃ | ᠲᠡᠷᠡ ᠬᠦᠮᠦᠨ ᠨᠠᠷᠠᠨ ᠰᠠᠷᠠᠨ ᠤ ᠵᠠᠪᠰᠠᠷ ᠢᠶᠠᠷ ᠰᠢᠷ᠎ᠠ ᠨᠤᠬᠠᠢ ᠮᠡᠳᠤ ᠰᠢᠷᠪᠡᠯᠵᠠᠭᠰᠠᠭᠠᠷ ᠭᠠᠷᠴᠤ ᠤᠳᠤᠨ᠎ᠠ᠂ | ᠲᠡᠭᠡᠭᠡᠳ ᠡᠨᠡ ᠭᠤᠷᠪᠠᠨ ᠲᠡᠬᠦᠦ ᠶᠢ ᠴᠢᠨᠢ ᠤᠯᠪᠠ᠃ ᠲᠡᠬᠦᠨ ᠠᠴᠠ ᠦᠵᠡᠪᠠᠯ ᠲᠡᠭᠷᠢ ᠠᠴᠠ ᠵᠠᠶᠠᠭᠠᠭᠰᠠᠨ ᠬᠡᠤᠬᠡᠳ | ᠪᠢᠵᠡ᠂ ᠲᠡ ᠨᠠᠷ ᠲᠡᠮᠡᠢ ᠬᠡᠯᠡᠯᠴᠡᠬᠦ ᠶᠠᠭᠤᠨ︖ | ᠬᠠᠷ᠎ᠠ ᠲᠦᠷᠦᠬᠦᠳᠤ ᠬᠦᠮᠦᠨ ᠲᠠᠢ | ᠬᠠᠮᠢᠶ᠎ᠠ ᠦᠭᠡᠢ ᠠᠳᠠᠯᠢᠳᠬᠠᠵᠤ ᠶᠠᠭᠠᠬᠢᠵᠤ ᠪᠤᠯᠤᠨ᠎ᠠ | ᠬᠠᠮᠤᠭ ᠤᠨ ᠬᠠᠭᠠᠳ ᠪᠤᠯᠬᠤ ᠴᠠᠭ ᠲᠤ | ᠬᠠᠷᠠᠴᠤ ᠬᠦᠮᠦᠨ ᠰᠠᠶ᠋ᠢ ᠤᠴᠢᠷ ᠢ ᠮᠡᠳᠡᠨ᠎ᠡ ᠬᠡᠳ︾ ᠠᠯᠤᠨ ᠭᠤᠸ᠎ᠠ ᠡᠬᠡ ᠲᠡᠪᠤᠨ ᠬᠡᠤᠬᠡᠳ | ᠢᠶᠠᠨ ᠨᠢᠭᠡ ᠨᠢᠭᠡ ᠪᠠᠷ ᠰᠢᠷᠳᠡᠨ ᠪᠠᠶᠢᠵᠤ᠄ | ︽ᠲᠠ ᠠᠬ᠎ᠠ ᠲᠡᠬᠦᠦ ᠲᠠᠪᠤᠭᠤᠯᠠ ᠴᠦᠮ ᠮᠢᠨᠤ ᠬᠡᠪᠡᠯᠢ ᠠᠴᠠ ᠲᠦᠷᠦᠭᠰᠡᠨ ᠪᠢᠰᠢ ᠤᠤ︖ | ᠵᠦᠢ ᠨᠢ ᠪᠦᠬᠦᠨᠤᠳᠠᠢ᠂ ᠪᠡᠯᠬᠦᠨᠤᠳᠠᠢ ᠲᠠ ᠬᠤᠶᠠᠷ ᠪᠢᠴᠢᠬᠠᠨ ᠲᠡᠬᠦᠦ ᠨᠠᠷ ᠢᠶᠠᠨ ᠬᠠᠶᠢᠷᠠᠯᠠᠨ ᠬᠠᠷᠭᠠᠯᠵᠠᠵᠤ ᠲᠠᠮᠵᠢᠨ | ᠲᠤᠰᠠᠯᠠᠬᠤ ᠶᠤᠰᠤᠳᠠᠢ ᠪᠠᠶᠢᠳᠠᠯ᠎ᠠ᠂ ᠶᠠᠭᠤᠨ ᠳᠤ ᠦᠷᠬᠦᠯᠵᠢ ᠲᠠᠷᠤᠯᠠᠨ ᠲᠤᠷᠤᠮᠵᠢᠯᠠᠵᠤ ᠮᠢᠨᠤ ᠰᠡᠳᠬᠢᠯ ᠢ ᠵᠤᠪᠠᠭᠠᠬᠤ | ᠪᠢᠯᠡ︖ ᠲᠠ ᠨᠠᠷ ᠬᠡᠷᠪᠡ ᠬᠠᠷᠢᠯᠴᠠᠨ ᠪᠤᠰᠤᠴᠢᠯᠠᠨ ᠭᠠᠭᠴᠠ ᠭᠠᠭᠴᠠ ᠪᠠᠷ ᠰᠠᠯᠪᠠᠯ᠂ ᠶᠠᠭ ᠲᠤᠭᠠᠷ ᠤᠨ ⑦ | ᠨᠢᠵᠡᠬᠡᠳ ᠮᠦᠰᠤᠨ ᠮᠡᠳᠤ ᠬᠡᠨ ᠬᠦᠮᠦᠨ ᠳᠤ ᠬᠢᠯᠪᠠᠷᠬᠠᠨ ᠲᠡᠶᠢᠯᠦᠭᠳᠡᠨ᠎ᠡ᠃ ᠬᠡᠷᠪᠡ ᠡᠶ᠎ᠡ ᠡᠪ ᠢᠶᠠᠨ ᠨᠢᠭᠡᠳᠤᠨ | ᠬᠠᠷᠢᠯᠴᠠᠨ ᠲᠤᠰᠠᠯᠠᠵᠤ ᠶᠠᠪᠤᠪᠠᠯ᠂ ᠬᠠᠷᠢᠨ ᠡᠨᠡ ᠬᠠᠮᠳᠤ ᠪᠠᠭᠯᠠᠭᠰᠠᠨ ᠲᠠᠪᠤᠨ ᠮᠦᠰᠤ ᠮᠡᠳᠤ ᠬᠡᠨ ᠬᠦᠮᠦᠨ ᠳᠤ ᠴᠦ | ᠬᠢᠯᠪᠠᠷ ᠲᠡᠶᠢᠯᠦᠭᠳᠡᠬᠦ ᠦᠭᠡᠢ ᠪᠤᠯᠤᠨ᠎ᠠ︾ ᠬᠡᠵᠤ ᠬᠤᠯᠠ ᠪᠤᠳᠤᠵᠤ ᠬᠤᠵᠢᠮ ᠢ ᠰᠠᠨᠠᠭᠠᠯᠵᠠᠨ ᠰᠤᠷᠭᠠᠵᠤ ᠬᠡᠯᠡᠵᠠᠢ᠃ | | | | ᠲᠠᠶᠢᠯᠪᠤᠷᠢ᠄ | ① ᠬᠠᠷᠭᠤᠳᠠᠢ ᠲᠡᠷᠭᠡ — ᠲᠡᠷᠬᠡᠨ ᠤ ᠮᠤᠬᠤᠯᠠᠭ ᠲᠤ ᠪᠦᠷᠬᠦᠬᠦᠯ ᠲᠠᠭᠠᠷᠠᠭᠤᠯᠤᠭᠰᠠᠨ | ᠲᠡᠷᠬᠡ ᠶᠢ ᠬᠡᠯᠡᠨ᠎ᠡ᠃ | ② ᠪᠤᠷᠬᠠᠨ ᠪᠤᠰᠬᠠᠭᠰᠠᠨ — ᠪᠤᠷᠬᠠᠨ ᠬᠠᠯᠳᠤᠨ ᠤ ᠨᠤᠳᠤᠭ ᠢ ᠠᠩᠬ᠎ᠠ ᠡᠬᠦᠳᠴᠤ | ᠨᠡᠬᠡᠬᠡᠭᠰᠡᠨ᠃ | ③ ᠤᠷᠢᠶᠠᠩᠬᠠᠢ ᠬᠦᠮᠦᠨ — ᠤᠷᠢᠶᠠᠩᠬᠠᠢ ᠠᠶᠢᠮᠠᠭ ᠤᠨ ᠬᠦᠮᠦᠨ᠃ | ④ ᠰᠢᠷᠤᠯ ᠠᠳᠠ ︵ᠠᠳᠠᠷᠠ᠂ ᠠᠪᠴᠢᠷᠠ︶ ᠬᠡᠰᠡᠨ ᠬᠤᠶᠠᠷ ᠦᠭᠡ ᠶᠢ ᠢᠩᠬᠢᠵᠤ | ᠨᠡᠶᠢᠯᠡᠬᠦᠯᠦᠨ ᠪᠢᠴᠢᠵᠠᠢ᠂ ︽ᠠᠩ ᠤᠨ ᠬᠡᠰᠢᠭ ᠠᠴᠠ ᠦᠭ︾ ᠬᠡᠰᠡᠨ ᠤᠳᠬ᠎ᠠ ᠲᠠᠢ ᠪᠤᠶᠤ᠃ | ⑤ ᠰᠤᠮᠤᠨ ᠤ ᠡᠰᠢ᠃ | ⑥ ᠬᠡᠷ ᠤᠨ ᠡᠬᠦᠳᠠᠨ ᠤ ᠲᠡᠭᠡᠳᠤ ᠲᠠᠯ᠎ᠠ᠃ | ⑦ ᠰᠠᠶ᠋ᠢ ᠶᠢᠨ | | | ᠡᠮᠤᠨᠡᠬᠢ ᠦᠯᠢᠬᠡᠷ᠄ ᠬᠦᠳᠡᠷ ᠬᠠᠶᠢᠯᠤᠭᠤᠯᠵᠤ ᠡᠷᠬᠢᠨ ᠤ ᠬᠦᠨ ᠠᠴᠠ ᠭᠠᠷᠤᠭᠰᠠᠨ | ᠬᠤᠶᠢᠨᠠᠬᠢ ᠦᠯᠢᠬᠡᠷ᠄ ᠪᠤᠳᠠᠨᠴᠠᠷ ᠮᠤᠩᠬᠠᠭ ᠤᠨ ᠪᠤᠴᠠᠵᠤ ᠢᠷᠡᠭᠰᠡᠨ | |