| ᠲᠠᠯᠠᠢ ᠨᠠᠭᠤᠷ᠄ ᠬᠡᠰᠢᠭᠳᠡᠨ ᠬᠤᠰᠢᠭᠤᠨ ᠤ ᠠᠴᠬᠠᠭᠤᠯᠠ ︵ᠤᠳᠤ ᠲᠠᠷᠬᠠᠬᠠᠭᠤᠯᠠ ᠰᠤᠮᠤᠨ ᠳᠤ | ᠨᠡᠶᠢᠯᠡᠬᠦᠯᠵᠠᠢ︶᠂ ᠲᠠᠷᠬᠠᠬᠠᠭᠤᠯᠠ ᠰᠤᠮᠤᠨ ᠤ ᠲᠤᠮᠳᠠ ᠪᠠᠶᠢᠭ᠎ᠠ ᠨᠠᠭᠤᠷ ᠪᠤᠯᠤᠨ᠎ᠠ᠃ ᠤᠰᠤᠨ ᠤ ᠭᠠᠳᠠᠷᠭᠤ ᠨᠢ | 238 ᠺᠦᠸᠠᠳ᠋ ᠺᠢᠯᠤᠮᠧᠲᠷ ᠪᠠᠶᠢᠳᠠᠭ᠃ ᠬᠡᠰᠢᠭᠳᠡᠨ ᠬᠤᠰᠢᠭᠤᠨ ᠤ ᠬᠠᠮᠤᠭ ᠤᠨ ᠶᠡᠭᠡ ᠨᠠᠭᠤᠷ ᠪᠦᠬᠡᠳ ᠦᠪᠤᠷ | ᠮᠤᠩᠭᠤᠯ ᠤᠨ ᠲᠦᠷᠪᠡᠨ ᠶᠡᠭᠡ ᠨᠠᠭᠤᠷ ᠤᠨ ᠨᠢᠬᠡ ᠶᠤᠮ᠃ ᠵᠡᠬᠦᠨ ᠲᠠᠯ᠎ᠠ ᠨᠢ ᠬᠦᠢᠬᠡᠨ᠂ ᠪᠠᠷᠠᠭᠤᠨ ᠲᠠᠯ᠎ᠠ ᠨᠢ ᠬᠦᠨ | ᠂ ᠬᠠᠮᠤᠭ ᠬᠦᠨ ᠭᠠᠵᠠᠷ ᠨᠢ 13 ᠮᠧᠲᠷ᠂ ᠲᠤᠮᠳᠠᠴᠢ ᠪᠠᠷ 6.7 ᠮᠧᠲᠷ ᠬᠦᠨ ᠪᠠᠶᠢᠳᠠᠭ᠃ ᠨᠠᠭᠤᠷ ᠤᠨ ᠲᠤᠭᠤᠷᠢᠨ | ᠳᠤ ᠲᠠᠷᠬᠠᠬᠠᠭᠤᠯᠠ ᠰᠤᠮᠤᠨ ᠤ ᠲᠠᠭᠠᠨᠨᠠᠭᠤᠷ᠂ ᠬᠠᠰᠢᠶᠠᠳᠤ᠂ ᠬᠦᠬᠦᠷᠬᠡ᠂ ᠪᠠᠶᠠᠨᠮᠡᠨᠳᠤ᠂ ᠲᠦᠷᠦᠬᠡ ᠨᠠᠭᠤᠷ ᠭᠠᠴᠠᠭ᠎ᠠ | ᠂ ᠠᠴᠬᠠᠭᠤᠯᠠ ᠰᠤᠮᠤᠨ ᠤ ᠲᠠᠯᠠᠢ᠂ ᠬᠦᠩᠬᠡᠷ ᠭᠠᠴᠠᠭ᠎ᠠ ᠮᠠᠯᠵᠢᠨ ᠨᠤᠳᠤᠭᠯᠠᠵᠤ ᠪᠠᠶᠢᠨ᠎ᠠ᠃ | ᠭᠠᠩᠭᠠᠨ ᠨᠠᠭᠤᠷ᠄ ᠲᠠᠯᠠᠢ ᠨᠠᠭᠤᠷ ᠪᠠᠯᠭᠠᠰᠤᠨ ᠤ ᠪᠠᠷᠠᠭᠤᠨ ᠭᠠᠩᠭᠠᠨ ᠭᠠᠴᠠᠭ᠎ᠠ ᠶᠢᠨ ᠬᠠᠷᠢᠶᠠᠨ ᠳᠤ | ᠪᠠᠶᠢᠳᠠᠭ᠃ ᠤᠰᠤᠨ ᠤ ᠭᠠᠳᠠᠷᠭᠤ ᠨᠢ 17 ᠺᠦᠸᠠᠳ᠋ ᠺᠢᠯᠤᠮᠧᠲᠷ ᠪᠠᠶᠢᠳᠠᠭ ᠬᠡᠰᠢᠭᠳᠡᠨ ᠬᠤᠰᠢᠭᠤᠨ ᠤ ᠬᠤᠶᠠᠳᠤᠭᠠᠷ | ᠶᠡᠭᠡ ᠨᠠᠭᠤᠷ ᠪᠤᠯᠤᠨ᠎ᠠ᠃ ᠡᠨᠡ ᠨᠠᠭᠤᠷ ᠤᠨ ᠲᠤᠭᠤᠷᠢᠨ ᠳᠤ ᠲᠠᠯᠠᠢ ᠨᠠᠭᠤᠷ ᠪᠠᠯᠭᠠᠰᠤᠨ ᠤ ᠪᠠᠷᠠᠭᠤᠨ ᠭᠠᠩᠭᠠᠨ᠂ | ᠵᠡᠬᠦᠨ ᠭᠠᠩᠭᠠᠨ ᠬᠤᠶᠠᠷ ᠭᠠᠴᠠᠭ᠎ᠠ᠂ ᠲᠠᠷᠬᠠᠬᠠᠭᠤᠯᠠ ᠰᠤᠮᠤᠨ ᠤ ᠪᠠᠶᠠᠨᠰᠢᠯᠢ ᠭᠠᠴᠠᠭ᠎ᠠ ᠮᠠᠯᠵᠢᠨ ᠨᠤᠳᠤᠭᠯᠠᠵᠤ | ᠪᠠᠶᠢᠨ᠎ᠠ᠃ | ᠡᠨᠡ ᠬᠤᠶᠠᠷ ᠨᠠᠭᠤᠷ ᠨᠢ ᠬᠡᠰᠢᠭᠳᠡᠨ ᠬᠤᠰᠢᠭᠤᠨ ᠤ ᠵᠢᠭᠠᠰᠤᠨ ᠠᠵᠤ ᠠᠬᠤᠢ ᠶᠢᠨ ᠭᠤᠤᠯ ᠭᠠᠵᠠᠷ ᠪᠤᠯᠵᠤ | ᠪᠠᠶᠢᠨ᠎ᠠ᠃ ᠡᠨᠡ ᠬᠤᠶᠠᠷ ᠨᠠᠭᠤᠷ ᠠᠴᠠ ᠭᠠᠳᠠᠨ᠎ᠠ ᠲᠠᠷᠬᠠᠠᠠᠭᠤᠯᠠ ᠰᠤᠮᠤᠨ ᠤ ᠲᠦᠷᠦᠬᠡ ᠨᠠᠭᠤᠷ ᠭᠠᠴᠠᠭ᠎ᠠ ᠶᠢᠨ | ᠬᠠᠷᠢᠶᠠᠨ ᠳᠤ ᠪᠠᠶᠢᠬᠤ ᠲᠦᠷᠦᠬᠡ ᠨᠠᠭᠤᠷ᠂ ᠠᠴᠬᠠᠭᠤᠯᠠ ᠰᠤᠮᠤᠨ ︵ᠤᠳᠤ ᠲᠠᠷᠬᠠᠬᠠᠭᠤᠯᠠ ᠰᠤᠮᠤᠨ ᠳᠤ | ᠨᠡᠶᠢᠯᠡᠬᠦᠯᠵᠠᠢ︶ ᠤ ᠬᠠᠷᠢᠶᠠᠨ ᠳᠤ ᠪᠠᠶᠢᠬᠤ ᠪᠤᠮᠪᠤᠳᠠᠢ ᠨᠠᠭᠤᠷ᠂ ᠮᠡᠯᠡᠬᠡᠶᠢᠳᠤ ᠨᠠᠭᠤᠷ᠂ ᠪᠠᠶᠠᠨᠴᠠᠭᠠᠨ ᠰᠤᠮᠤᠨ ᠤ | ᠬᠠᠳᠠᠨᠪᠤᠯᠠᠭ ᠭᠠᠴᠠᠭ᠎ᠠ ᠶᠢᠨ ᠬᠠᠷᠢᠶᠠᠨ ᠳᠤ ᠪᠠᠶᠢᠬᠤ ᠵᠢᠭᠠᠰᠤᠳᠠᠢ ᠨᠠᠭᠤᠷ᠂ ᠬᠦᠬᠡ ᠤᠰᠤᠨ ᠨᠠᠭᠤᠷ᠂ ᠵᠢᠷᠢ ᠶᠢᠨ | ᠭᠠᠴᠠᠭ᠎ᠠ ᠶᠢᠨ ᠬᠠᠷᠢᠶᠠᠨ ᠳᠤ ᠪᠠᠶᠢᠬᠤ ᠤᠯᠠᠨᠨᠠᠭᠤᠷ᠂ ᠪᠠᠶᠠᠩᠭᠤᠤᠯ ᠰᠤᠮᠤᠨ ︵ᠤᠳᠤ ᠪᠠᠶᠠᠨᠴᠠᠭᠠᠨ ᠰᠤᠮᠤᠨ ᠳᠤ | ᠨᠡᠶᠢᠯᠡᠬᠦᠯᠵᠠᠢ︶ ᠤ ᠴᠠᠭᠠᠨ ᠤᠪᠤᠭ᠎ᠠ ᠭᠠᠴᠠᠭ᠎ᠠ ᠶᠢᠨ ᠬᠠᠷᠢᠶᠠᠨ ᠳᠤ ᠪᠠᠶᠢᠬᠤ ᠠᠭᠳᠠᠷᠭᠠᠨ ᠨᠠᠭᠤᠷ᠂ ᠲᠠᠯᠠᠢ ᠨᠠᠭᠤᠷ | ᠪᠠᠯᠭᠠᠰᠤᠨ ᠤ ᠲᠠᠷᠢᠶᠠᠬᠤᠸᠠ ᠭᠠᠴᠠᠭ᠎ᠠ ᠶᠢᠨ ᠬᠠᠷᠢᠶᠠᠨ ᠳᠤ ᠪᠠᠶᠢᠬᠤ ᠬᠦᠨᠨᠠᠭᠤᠷ᠂ ᠬᠠᠭᠤᠷᠠᠢ ᠬᠦᠷᠢᠶ᠎ᠡ ᠰᠢᠶᠠᠩ ᠤᠨ | ᠬᠠᠷᠢᠶᠠᠨ ᠳᠤ ᠪᠠᠶᠢᠬᠤ ᠶᠡᠭᠡ ᠨᠠᠭᠤᠷ ︵ᠤᠰᠤᠳᠤ ᠨᠠᠭᠤᠷ︶᠂ ᠤᠯᠠᠭᠠᠨ ᠪᠤᠳᠤᠩ ᠰᠢᠶᠠᠩ ᠤᠨ ᠬᠠᠷᠢᠶᠠᠨ ᠳᠤ | ᠪᠠᠶᠢᠬᠤ ᠤᠯᠠᠭᠠᠨ ᠪᠤᠳᠤᠩ ᠤᠨ ᠨᠠᠭᠤᠷ ︵ᠵᠠᠩᠵᠤᠨ ᠨᠠᠭᠤᠷ︶ ᠵᠡᠷᠬᠡ ᠪᠠᠶᠢᠳᠠᠭ ᠠᠴᠠ ᠭᠠᠳᠠᠨ᠎ᠠ ᠪᠦᠷᠳᠡᠩ ᠤᠨ | ᠨᠠᠭᠤᠷ᠂ ᠲᠤᠰᠬᠤᠨ ᠤ ᠨᠠᠭᠤᠷ᠂ ᠲᠠᠷᠭᠤᠨ ᠨᠠᠭᠤᠷ ᠬᠡᠬᠦ ᠪᠠᠭ᠎ᠠ ᠨᠠᠭᠤᠷ ᠴᠦᠬᠦᠷᠦᠮ ᠪᠠᠶᠢᠳᠠᠭ᠃ ᠡᠳᠡᠬᠡᠷ ᠨᠠᠭᠤᠷ | ᠴᠦᠬᠦᠷᠦᠮ ᠨᠢ ᠮᠠᠯ ᠰᠦᠷᠦᠭ ᠤᠨ ᠤᠮᠳᠠᠭᠠᠨ ᠪᠤᠯᠵᠤ᠂ ᠵᠠᠷᠢᠮ ᠨᠠᠭᠤᠷ ᠲᠤ ᠨᠢ ᠵᠢᠭᠠᠰᠤ ᠲᠡᠵᠢᠬᠡᠵᠤ᠂ ᠵᠢᠭᠠᠰᠤᠨ | ᠠᠵᠤ ᠠᠬᠤᠢ ᠶᠢ ᠬᠦᠭᠵᠢᠬᠦᠯᠵᠤ ᠪᠠᠶᠢᠨ᠎ᠠ᠃ | |