| | ᠡᠷᠳᠡ ᠤᠷᠢᠳᠤ ᠴᠠᠭ ᠲᠤ ᠶᠤᠮᠰᠠᠨᠵᠠᠢ᠃ ᠤᠮᠠᠷᠠᠳᠤ ᠵᠦᠭ ᠤᠨ ᠦᠷᠬᠡᠨ ᠠᠭᠤᠳᠠᠮ ᠲᠠᠯ᠎ᠠ | ᠨᠤᠳᠤᠭ ᠲᠤ ᠤᠯᠠᠨ ᠨᠡᠬᠦᠳᠡᠯᠴᠢᠨ ᠠᠶᠢᠮᠠᠭ ᠨᠤᠳᠤᠭᠯᠠᠵᠤ ᠪᠠᠶᠢᠵᠠᠢ᠃ ᠲᠡᠳᠠ ᠭᠤᠤᠯᠳᠠᠭᠤ ᠪᠡᠯᠴᠢᠬᠡᠷ ᠤᠰᠤ ᠶᠢ | ᠲᠠᠭᠠᠨ᠂ ᠨᠡᠬᠦᠳᠡᠯᠯᠡᠨ ᠠᠮᠢᠳᠤᠷᠠᠳᠠᠭ ᠶᠤᠮ᠃ ᠲᠡᠷᠡ ᠦᠶ᠎ᠡ ᠶᠢᠨ ᠨᠢᠭᠡᠨ ᠠᠷᠠᠳ ᠤᠨ ᠲᠠᠭᠤᠤ ᠳᠤ᠄ | ︽ᠬᠦᠬᠡ ᠲᠡᠭᠷᠢ ᠴᠡᠯᠮᠠᠶᠢᠵᠤ | ᠬᠦᠷᠦᠰᠤᠳᠤ ᠲᠡᠯᠡᠬᠡᠢ ᠨᠡᠯᠦᠶᠢᠬᠡᠳ | ᠦᠯᠢᠶᠡᠬᠦ ᠰᠠᠯᠬᠢ | ᠡᠪᠡᠰᠤᠨ ᠤ ᠲᠤᠯᠤᠭᠠᠢ ᠶᠢ ᠢᠯᠪᠢᠬᠦᠶ᠎ᠡ | ᠦᠬᠡᠷ ᠬᠤᠨᠢᠳ ᠢᠷᠡᠯᠵᠠᠨ ᠬᠠᠷᠠᠭᠳᠠᠨ᠎ᠠ︾ ① ᠬᠡᠵᠤ ᠲᠠᠭᠤᠯᠠᠳᠠᠭ᠃ ᠡᠨᠡ ᠲᠠᠭᠤᠤ ᠶᠢᠨ | ᠦᠬᠡ ᠠᠴᠠ ᠲᠠᠳᠠ ᠴᠤᠬᠤᠮ ᠶᠠᠮᠠᠷ ᠦᠶ᠎ᠡ ᠳᠤ ᠠᠮᠢᠳᠤᠷᠠᠵᠤ ᠪᠠᠶᠢᠭᠰᠠᠨ ᠢ ᠲᠦᠰᠦᠪᠯᠡᠨ ᠮᠡᠳᠡᠵᠤ ᠪᠤᠯᠤᠨ᠎ᠠ᠃ | ᠲᠡᠳᠡᠬᠡᠷ ᠨᠡᠬᠦᠳᠡᠯᠴᠢᠨ ᠠᠶᠢᠮᠠᠭ ᠤᠨ ᠲᠤᠳᠤᠷ᠎ᠠ᠂ ᠮᠠᠨ ᠤ ᠮᠤᠩᠭᠤᠯ ᠦᠨᠳᠤᠰᠤᠳᠠᠨ ᠤ | ᠡᠪᠦᠭᠡ ᠲᠡᠭᠡᠳᠤᠰ ᠴᠦ ᠪᠠᠶᠢᠵᠤ ᠪᠠᠶᠢᠭᠰᠠᠨ ᠪᠠᠶᠢᠨ᠎ᠠ᠃ ᠬᠡᠬᠦ ᠳᠡᠭᠡᠨ ᠲᠡᠷᠡ ᠦᠶ᠎ᠡ ᠳᠤ ᠮᠤᠩᠭᠤᠯ ② ᠬᠡᠳᠡᠭ ᠨᠡᠷ᠎ᠡ | ᠬᠠᠷᠠᠬᠠᠨ ᠪᠠᠶᠢᠭ᠎ᠠ ᠦᠭᠡᠢ᠃ ᠡᠨᠡ ᠨᠡᠷ᠎ᠡ ᠪᠤᠯ ᠮᠠᠨ ᠤ ᠤᠯᠤᠰ ᠤᠨ ᠲᠠᠩ ᠤᠯᠤᠰ ᠤᠨ ᠦᠶ᠎ᠡ ᠠᠴᠠ ᠰᠠᠶ᠋ᠢ ᠪᠢᠴᠢᠭ | ᠰᠤᠳᠤᠷ ᠲᠤ ᠦᠵᠡᠭᠳᠡᠭᠰᠡᠨ ᠶᠤᠮ᠃ ᠬᠡᠪᠡᠴᠤ᠂ ᠡᠨᠡ ᠲᠤᠮᠤᠭ ᠲᠤ ᠲᠡᠳᠡᠬᠡᠷ ᠨᠡᠬᠦᠳᠡᠯᠴᠢᠨ ᠠᠶᠢᠮᠠᠭ ᠤᠨ ᠲᠤᠳᠤᠷ᠎ᠠ | ᠮᠤᠩᠭᠤᠯ ᠬᠡᠳᠡᠭ ᠨᠢᠬᠡᠨ ᠪᠠᠭᠤᠷᠠᠢ ᠠᠶᠢᠮᠠᠭ ᠪᠠᠶᠢᠵᠠᠢ ᠬᠡᠵᠤ ᠶᠠᠷᠢᠳᠠᠭ᠃ | ᠨᠢᠬᠡᠨ ᠤᠳᠠᠭ᠎ᠠ᠂ ᠲᠡᠷᠡ ᠮᠤᠩᠭᠤᠯ ᠠᠶᠢᠮᠠᠭ ᠲᠡᠬᠦᠨ ᠤ ᠵᠡᠷᠬᠡᠯᠳᠡᠭᠡ ᠤᠷᠤᠰᠢᠬᠤ ᠦᠬᠡᠷ᠎ᠡ | ᠨᠢᠬᠡᠨ ᠠᠶᠢᠮᠠᠭ ᠲᠠᠢ ᠪᠠᠨ ᠡᠪᠳᠡᠷᠡᠨ ᠮᠠᠭᠤᠳᠠᠯᠴᠠᠵᠤ ᠶᠡᠭᠡ ᠠᠯᠠᠯᠳᠤᠭᠠᠨ ᠪᠤᠯᠪᠠ᠃ ᠲᠠᠷᠡ ᠦᠶ᠎ᠡ ᠶᠢᠨ ᠠᠯᠠᠯᠳᠤᠭᠠᠨ | ᠪᠤᠯ ᠲᠤᠩ ᠬᠡᠴᠡᠬᠦᠦ ᠶᠤᠮ᠂ ᠵᠠᠷᠢᠮ ᠳᠠᠭᠠᠨ ᠨᠢᠬᠡ ᠤᠳᠠᠭᠠᠨ ᠤ ᠠᠯᠠᠯᠳᠤᠭᠠᠨ ᠢᠶᠠᠷ ᠨᠢᠬᠡ ᠠᠶᠢᠮᠠᠭ ᠪᠤᠶᠤ ᠬᠡᠳᠤᠨ | ᠠᠶᠢᠮᠠᠭ ᠤᠨ ᠭᠠᠯ ᠢ ᠨᠢ ᠤᠨᠳᠠᠷᠠᠭᠠᠨ ᠭᠤᠯᠤᠮᠳᠠ ᠶᠢ ᠨᠢ ᠬᠠᠷᠠᠯᠠᠭᠤᠯᠳᠠᠭ ᠴᠦ ᠪᠤᠢ᠃ ᠲᠠᠷᠠ ᠤᠳᠠᠭᠠᠨ ᠤ | ᠠᠯᠠᠯᠳᠤᠭᠠᠨ ᠤ ᠡᠴᠤᠰ ᠲᠤ ᠮᠤᠩᠭᠤᠯ ᠠᠶᠢᠮᠠᠭ ᠪᠠᠷᠤᠭ ᠯᠡ ᠡᠨᠡ ᠪᠠᠶᠢᠳᠠᠯ ᠳᠤ ᠬᠦᠷᠴᠤ᠂ ᠪᠦᠬᠦ ᠠᠶᠢᠮᠠᠭ ᠠᠴᠠ | ᠵᠦᠪᠬᠡᠨ ᠬᠤᠶᠠᠷ ᠬᠤᠤᠰ ᠡᠷᠡᠭᠳᠠᠢ ᠡᠮᠡᠭᠳᠠᠢ ᠵᠠᠯᠠᠭᠤ ᠦᠯᠡᠳᠡᠵᠤ ᠪᠤᠰᠤᠳ ᠨᠢ ᠪᠦᠷ ᠬᠢᠳᠤᠭᠳᠠᠪᠠ᠃ | ᠲᠡᠷᠡ ᠠᠮᠢᠳᠤ ᠭᠠᠷᠤᠭᠰᠠᠨ ᠮᠤᠩᠭᠤᠯ ᠠᠶᠢᠮᠠᠭ ᠤᠨ ᠬᠤᠶᠠᠷ ᠬᠤᠤᠰ ᠡᠷᠡᠭᠳᠠᠢ ᠡᠮᠡᠭᠳᠠᠢ | ᠵᠠᠯᠠᠭᠤ ᠠᠮᠢ ᠴᠦᠯᠡᠨ ᠵᠢᠭᠤᠳᠠᠨ ᠲᠤᠳᠠᠭᠠᠭᠰᠠᠭᠠᠷ᠂ ᠬᠦᠮᠦᠨ ᠠᠮᠢᠳᠠᠨ ᠬᠦᠷᠬᠦᠶ᠎ᠡ ᠪᠡᠷᠬᠡ ᠨᠢᠬᠡᠨ ᠠᠭᠯᠠᠭ ᠠᠭᠤᠯᠠᠨ | ᠳᠤ ᠲᠤᠳᠠᠭᠠᠨ ᠤᠷᠤᠪᠠ᠃ ᠲᠡᠷᠡ ᠠᠭᠤᠯᠠ ᠲᠡᠭᠷᠢ ᠲᠤᠯᠤᠮ᠎ᠠ ᠰᠡᠬᠦᠶᠢᠨ ᠰᠦᠨᠳᠡᠷᠯᠡᠵᠤ᠂ ᠲᠦᠷᠪᠡᠨ ᠲᠠᠯ᠎ᠠ ᠪᠠᠷ ᠨᠢ | ᠬᠠᠯᠢᠯ ᠬᠠᠳᠠ ᠲᠠᠪᠬᠤᠴᠠᠨ ᠬᠠᠭᠳᠠ ᠤᠢ ᠪᠦᠷᠬᠦᠬᠡᠳ ᠠᠭᠤᠯᠠᠨ ᠳᠤ ᠤᠷᠤᠬᠤ ᠵᠠᠮ ᠮᠦᠷ ᠤᠭᠳᠤ ᠦᠭᠡᠢ ᠪᠠᠶᠢᠵᠠᠢ | ᠃ ᠲᠡᠳᠠ ᠲᠦᠷᠪᠡᠬᠦᠯᠡ ᠠᠮᠢ ᠵᠤᠯᠪᠠᠭ᠋ᠤ ᠶᠢᠨ ᠲᠦᠯᠦᠬᠡ᠂ ᠬᠠᠳᠠ ᠴᠢᠯᠠᠭᠤ ᠶᠢ ᠰᠢᠯᠵᠢᠬᠦᠯᠦᠨ ᠬᠠᠷᠭᠠᠨ᠎ᠠ ᠰᠤᠨᠳᠤᠤ | ᠶᠢ ᠲᠠᠰᠤᠳᠠᠵᠤ᠂ ᠲᠠᠪᠤᠨ ᠬᠤᠷᠤᠭᠤ ᠪᠠᠨ ᠲᠠᠮᠳᠤᠷᠠᠳᠠᠯᠠ ᠠᠷᠪᠠᠨ ᠬᠤᠷᠤᠭᠤ ᠪᠠᠨ ᠪᠠᠷᠠᠭᠳᠠᠳᠠᠯ᠎ᠠ᠂ ᠲᠤᠭᠠᠯᠠᠰᠢ | ᠦᠭᠡᠢ ᠰᠠᠭᠠᠳ ᠲᠤᠳᠬᠠᠷ ᠢ ᠲᠠᠪᠠᠨ ᠲᠤᠭᠤᠯᠵᠤ᠂ ᠠᠷᠠᠢ ᠴᠢᠮᠠᠢ ᠨᠢᠬᠡᠨ ᠨᠠᠷᠢᠨ ᠵᠤᠪᠠ ᠭᠠᠷᠭᠠᠨ ᠠᠭᠤᠯᠠᠨ ᠳᠤ | ᠲᠤᠳᠠᠭᠠᠨ ᠤᠷᠤᠪᠠ᠃ ᠠᠭᠤᠯᠠᠨ ᠳᠤ ᠤᠷᠤᠪᠠᠯ᠂ ᠦᠵᠡᠰᠠ︕ ᠠᠭᠤᠯᠠᠨ ᠤ ᠲᠤᠮᠳᠠ ᠬᠠᠷᠢᠨ ᠨᠢᠭᠡᠨ ᠦᠩ | ᠰᠢᠮ᠎ᠡ ᠪᠠᠷ ᠵᠤᠵᠠᠭᠠᠨ ᠦᠨᠢᠷ ᠰᠠᠶᠢᠬᠠᠨ ᠲᠦᠪᠰᠢᠨ ᠲᠠᠯ᠎ᠠ ᠪᠠᠶᠢᠭᠰᠠᠨ ᠠᠵᠢ᠃ ᠡᠨᠡ ᠭᠠᠵᠠᠷ ᠢ ᠬᠤᠵᠢᠮ ᠤᠨ | ᠬᠦᠮᠦᠰ ᠡᠷᠬᠢᠨ ᠤ ᠬᠦᠨ ③ ᠬᠡᠳᠡᠭ᠂ ᠲᠡᠳᠡ ᠲᠦᠷᠪᠡᠬᠦᠯᠡ᠄ ᠡᠨᠡ ᠭᠠᠵᠠᠷ ᠢ ᠮᠦᠩᠬᠡ ᠲᠡᠭᠷᠢ ᠪᠢᠳᠠᠨ ᠳᠤ | ᠬᠠᠶᠢᠷᠠᠯᠠᠪᠠ ᠬᠡᠵᠤ ᠰᠦᠰᠦᠭᠯᠡᠨ ᠪᠠᠶᠠᠷᠯᠠᠵᠤ᠂ ᠲᠠᠷᠤᠢ ᠬᠤᠶᠠᠷ ᠬᠤᠤᠰ ᠠᠶᠢᠯ ᠬᠡᠷ ᠪᠤᠯᠤᠯᠴᠠᠨ᠂ ᠡᠷᠬᠢᠨ ᠤ ᠬᠦᠨ | ᠳᠤ ᠨᠤᠳᠤᠭᠰᠢᠨ ᠰᠠᠭᠤᠪᠠ᠃ | ᠲᠡᠭᠡᠭᠡᠳ ᠲᠡᠷᠡ ᠬᠤᠶᠠᠷ ᠡᠷᠦᠬᠡ ᠠᠶᠢᠯ ᠤᠨ ᠨᠢᠭᠡ ᠨᠢ ᠨᠡᠬᠦ ᠤᠪᠤᠭᠳᠤ᠂ ᠨᠦᠬᠦᠬᠡ ᠨᠢ | ᠬᠢᠶᠡᠨ ᠤᠪᠤᠭᠳᠤ ᠪᠤᠯᠪᠠ᠃ ᠲᠡᠷᠡ ᠬᠢᠶᠡᠨ ᠤᠪᠤᠭᠳᠤ ᠢᠳᠠ ᠬᠦᠴᠦ ᠶᠡᠬᠡᠳᠠᠢ᠂ ᠬᠠᠷᠪᠤᠵᠤ ᠨᠠᠮᠨᠠᠬᠤ ᠳᠠᠭᠠᠨ | ᠭᠠᠷᠮᠠᠭᠠᠢ᠃ ᠶᠠᠮᠠᠷ ᠴᠦ ᠵᠡᠷᠯᠢᠭ ᠲᠤᠭᠰᠢᠨ ᠮᠤᠷᠢ ᠲᠡᠬᠦᠨ ᠤ ᠭᠠᠷ ᠲᠤ ᠤᠷᠤᠮᠠᠭᠴᠠ ᠲᠤᠤᠷ᠎ᠠ ᠪᠠᠨ ᠨᠤᠮᠤᠬᠠᠷᠠᠵᠤ᠂ | ᠶᠠᠮᠠᠷ ᠴᠦ ᠬᠠᠳᠠᠭᠤ ᠨᠤᠮᠤ ᠲᠡᠬᠦᠨ ᠤ ᠭᠠᠷ ᠲᠤ ᠤᠷᠤᠮᠠᠭᠴᠠ ᠠᠯᠠᠮᠠᠩ ᠰᠠᠷᠠᠨ ᠮᠡᠳᠤ ᠪᠤᠯᠳᠠᠨᠠ ᠲᠠᠳᠠᠭᠳᠠᠳᠠᠭ᠃ | ᠲᠡᠷᠡ ᠦᠷᠬᠦᠯᠵᠢ ᠨᠤᠮᠤ ᠰᠠᠭᠠᠳᠠᠭ ᠠᠭᠰᠠᠨ᠂ ᠪᠠᠯᠠᠷ ᠤᠢ ᠪᠠᠷᠳᠠᠭᠠᠳᠤ ᠬᠠᠪᠴᠢᠯ ᠢᠶᠠᠷ ᠪᠠᠷᠰ ᠴᠢᠨ᠋ᠸ᠎ᠠ ᠠᠩᠨᠠᠨ᠂ | ᠪᠠᠭᠠᠪᠠᠭᠠᠢ ᠦᠳᠡᠭᠡ ᠲᠠᠭᠤᠨ ᠶᠠᠪᠤᠳᠠᠭ ᠲᠤᠯᠠ ᠬᠢᠶᠠᠨ ᠤᠪᠤᠭᠳᠤ ᠰᠦᠰᠤ ᠬᠠᠳᠠᠭᠤ ᠡᠷᠡᠯᠬᠡᠭ ᠪᠠᠭᠠᠳᠤᠷ ᠬᠡᠵᠤ | ᠠᠯᠳᠠᠷᠰᠢᠪᠠ᠃ | ᠤᠨ ᠴᠠᠭ ᠤᠯᠠᠷᠢᠬᠤ ᠶᠢ ᠲᠠᠭᠠᠯᠳᠤᠨ᠂ ᠲᠠᠷᠠ ᠬᠤᠶᠠᠷ ᠤᠪᠤᠭ ᠢᠷᠬᠡᠨ ᠤ ᠬᠤᠶᠢᠴᠢ ᠦᠶ᠎ᠡ | ᠦᠷᠡᠵᠢᠨ ᠦᠷᠡᠵᠢᠭᠰᠡᠬᠡᠷ ᠪᠠᠰᠠ ᠤᠯᠠᠨ ᠠᠶᠢᠮᠠᠭ ᠤᠭᠰᠠᠭ᠎ᠠ ᠪᠤᠯᠤᠨ ᠰᠠᠯᠪᠤᠷᠢᠯᠠᠵᠤ᠂ ᠤᠯᠠᠮ ᠢᠶᠠᠷ ᠡᠷᠬᠢᠨ ᠤ ᠬᠦᠨ | ᠳᠤ ᠪᠠᠭᠳᠠᠵᠤ ᠶᠠᠳᠠᠬᠤ ᠳᠤ ᠬᠦᠷᠪᠡ᠃ ᠡᠬᠦᠨ ᠳᠤ ᠲᠡᠳᠡ ᠡᠨᠡ ᠪᠤᠶᠢᠳᠠ ᠪᠦᠭᠯᠡᠬᠦᠦ ᠠᠭᠤᠯᠠ ᠬᠠᠪᠴᠢᠯ ᠠᠴᠠ | ᠭᠠᠷᠴᠤ ᠦᠷᠬᠡᠨ ᠠᠭᠤᠳᠠᠮ ᠲᠠᠯ᠎ᠠ ᠨᠤᠳᠤᠭ ᠲᠠᠭᠠᠨ ᠪᠤᠴᠠᠬᠤ ᠶᠢ ᠬᠦᠰᠡᠪᠡ᠃ ᠲᠡᠳᠡ ᠡᠪᠦᠭᠡ ᠲᠡᠭᠡᠳᠤᠰ ᠤᠨ ᠢᠶᠠᠨ | ᠠᠩᠬ᠎ᠠ ᠠᠭᠤᠯᠠᠨ ᠳᠤ ᠤᠷᠤᠵᠤ ᠢᠷᠡᠭᠰᠡᠨ ᠤᠴᠢᠷ ᠢ ᠴᠡᠬᠡᠵᠢᠯᠡᠭᠰᠡᠬᠡᠷ ᠪᠤᠯᠪᠠᠴᠤ᠂ ᠡᠪᠦᠭᠡ ᠲᠡᠭᠡᠳᠤᠰ ᠤᠨ ᠬᠢᠨᠢ | ᠲᠠᠪᠤᠨ ᠬᠤᠷᠤᠭᠤ ᠶᠢ ᠲᠠᠮᠳᠤᠷᠠᠳᠠᠯᠠ᠂ ᠠᠷᠪᠠᠨ ᠬᠤᠷᠤᠭᠤ ᠪᠠᠨ ᠪᠠᠷᠠᠭᠳᠠᠳᠠᠯ᠎ᠠ ᠲᠡᠮᠡᠴᠡᠵᠤ ᠭᠠᠷᠭᠠᠭᠰᠠᠨ ᠨᠠᠷᠢᠨ ᠵᠤᠪᠠ | ᠨᠢ ᠠᠯᠢ ᠬᠡᠳᠦᠶᠢᠨ ᠡᠪᠡᠰᠤ ᠮᠤᠳᠤ ᠪᠠᠷ ᠬᠤᠴᠢᠭᠳᠠᠨ ᠬᠠᠭᠠᠭᠳᠠᠪᠠ᠃ ᠪᠦᠬᠦᠳᠡᠬᠡᠷ ᠤᠳᠤ ᠶᠠᠭᠠᠬᠢᠨ ᠠᠭᠤᠯᠠ ᠠᠴᠠ | ᠭᠠᠷᠬᠤ ᠲᠤᠬᠠᠢ ᠵᠤᠪᠠᠨᠢᠯᠳᠤᠵᠤ ᠡᠬᠢᠯᠡᠪᠡ᠃ | ᠲᠡᠭᠡᠵᠤ ᠪᠠᠶᠢᠳᠠᠯ᠎ᠠ᠂ ᠵᠤᠨ ᠤ ᠨᠢᠬᠡᠨ ᠡᠳᠤᠷ᠂ ᠬᠢᠶᠡᠨ ᠤᠪᠤᠭ ᠤᠨ ᠨᠢᠬᠡᠨ ᠬᠦᠭᠰᠢᠨ | ᠠᠩᠴᠢᠨ ᠠᠩ ᠬᠢᠵᠤ ᠶᠠᠪᠤᠵᠤ ᠪᠠᠶᠢᠭᠠᠳ ᠠᠭᠤᠯᠠᠨ ᠤ ᠲᠤᠮᠳᠠᠬᠢ ᠨᠢᠬᠡᠨ ᠰᠢᠭᠤᠢ ᠠᠴᠠ ᠬᠠᠭᠠᠰ ᠲᠤᠳᠠᠭᠤ | ᠬᠠᠶᠢᠯᠤᠭᠰᠠᠨ ᠬᠡᠳᠤᠨ ᠬᠡᠰᠡᠭ ᠬᠦᠳᠡᠷ ᠴᠢᠯᠠᠭᠤ ᠤᠯᠵᠤ ᠠᠪᠤᠪᠠ᠃ ᠬᠦᠭᠰᠢᠨ ᠠᠩᠴᠢᠨ ᠶᠡᠬᠡᠯ᠎ᠡ ᠪᠠᠶᠠᠷᠯᠠᠨ᠄ ᠠᠳᠠ | ᠤᠤᠯ ᠠᠴᠠ ᠬᠦᠮᠦᠨ ᠠᠮᠢᠳᠠᠨ ᠠᠮᠢᠳᠤᠷᠠᠵᠤ ᠪᠠᠶᠢᠭᠰᠠᠨ ᠢᠶᠠᠷ ᠪᠠᠷᠠᠬᠤ ᠦᠭᠡᠢ᠂ ᠪᠠᠰᠠ ᠬᠦᠳᠡᠷ ᠬᠠᠶᠢᠯᠤᠭᠤᠯᠵᠤ | ᠴᠢᠳᠠᠳᠠᠭ ᠪᠠᠶᠢᠵᠠᠢ ᠬᠡᠵᠤ ᠪᠤᠳᠤᠪᠠ᠃ ᠲᠡᠭᠡᠭᠡᠳ ᠬᠦᠭᠰᠢᠨ ᠠᠩᠴᠢᠨ ᠮᠠᠩᠳᠡ ᠰᠠᠩᠳᠠ ᠪᠤᠴᠠᠨ ᠢᠷᠡᠵᠤ᠂ ᠤᠯᠠᠨ ᠢ | ᠦᠨᠦᠬᠢ ᠠᠭᠤᠢ ᠶᠢᠨ ᠲᠡᠷᠬᠡᠳᠡ ᠲᠠᠭᠠᠭᠤᠯᠤᠨ ᠠᠪᠠᠴᠢᠪᠠ᠃ ᠤᠯᠠᠨ ᠢᠶᠠᠷ ᠢᠶᠠᠨ ᠲᠡᠷᠡ ᠬᠦᠳᠡᠷ ᠬᠠᠶᠢᠯᠤᠭᠤᠯᠵᠤ | ᠪᠠᠶᠢᠭᠰᠠᠨ ᠠᠭᠤᠢ ᠶᠢ ᠰᠢᠨᠵᠢᠵᠤ ᠦᠵᠡᠭᠰᠡᠬᠡᠷ᠂ ᠬᠡᠨᠡᠳᠳᠠ ᠨᠢᠬᠡᠨ ᠠᠷᠭ᠎ᠠ ᠪᠤᠳᠤᠵᠤ ᠤᠯᠪᠠ᠄ ᠡᠷᠳᠡᠨ ᠤ ᠬᠦᠮᠦᠨ | ᠬᠦᠳᠡᠷ ᠬᠠᠶᠢᠯᠤᠭᠤᠯᠵᠤ ᠴᠢᠳᠠᠵᠤ ᠪᠠᠶᠢᠳᠠᠯ᠎ᠠ᠂ ᠪᠢᠳᠠ ᠶᠠᠭᠠᠬᠢᠨ ᠠᠭᠤᠯᠠᠨ ᠤ ᠬᠦᠳᠡᠷ ᠢ ᠬᠠᠶᠢᠯᠤᠭᠤᠯᠵᠤ ᠠᠭᠤᠯᠠ ᠶᠢ | ᠶᠡᠬᠦᠷᠡᠬᠦᠯᠦᠨ ᠭᠠᠷᠴᠤ ᠪᠤᠯᠳᠠᠭ ᠦᠭᠡᠢ ᠪᠤᠢ︖ ᠲᠠᠶᠢᠮᠤ᠂ ᠡᠨᠡ ᠬᠠᠷᠢᠨ ᠰᠠᠶᠢᠨ ᠠᠷᠭ᠎ᠠ ᠮᠦᠨ᠃ ᠲᠡᠭᠡᠭᠡᠳ | ᠪᠦᠬᠦᠳᠡᠬᠡᠷ ᠬᠦᠳᠡᠷ ᠬᠠᠶᠢᠯᠤᠭᠤᠯᠤᠨ ᠠᠭᠤᠯᠠ ᠶᠢ ᠶᠡᠬᠦᠷᠡᠬᠦᠯᠵᠤ ᠭᠠᠷᠬᠤ ᠪᠠᠷ ᠵᠤᠷᠢᠭ ᠰᠢᠭᠤᠳᠴᠤ᠂ ᠬᠢᠶᠠᠨ ᠤᠪᠤᠭ | ᠤᠨ ᠬᠦᠭᠰᠢᠨ ᠠᠩᠴᠢᠨ ᠤ ᠤᠳᠤᠷᠢᠳᠤᠯᠭ᠎ᠠ ᠪᠠᠷ᠂ ᠤᠢ ᠲᠤᠳᠤᠷ᠎ᠠ ᠠᠴᠠ ᠲᠦᠯᠡᠭᠡ ᠴᠤᠭᠯᠠᠭᠤᠯᠤᠨ ᠨᠡᠬᠦᠷᠡᠰᠤ | ᠰᠢᠳᠠᠭᠠᠪᠠ᠃ ᠲᠡᠬᠢᠨ ᠪᠠᠰᠠ ᠲᠠᠯᠠᠨ ᠪᠦᠳᠦᠬᠦᠨ ᠦᠬᠡᠷ ᠠᠯᠠᠵᠤ ᠠᠷᠠᠰᠤ ᠶᠢ ᠨᠢ ᠪᠢᠳᠡᠬᠦᠦ ᠪᠠᠷ ᠦᠪᠴᠢᠬᠡᠳ᠂ | ᠲᠠᠯᠠᠨ ᠠᠷᠠᠰᠤᠨ ᠬᠦᠬᠡᠷᠬᠡ ᠬᠢᠪᠠ᠃ | ᠬᠡᠳᠤᠨ ᠡᠳᠤᠷ ᠤᠨ ᠲᠠᠷᠠᠭ᠎ᠠ᠂ ᠪᠦᠬᠦᠳᠡᠬᠡᠷ ᠪᠤᠯᠵᠤᠭᠠᠯᠠᠭᠰᠠᠨ ᠶᠤᠰᠤᠭᠠᠷ ᠬᠤᠷᠠᠨ ᠢᠷᠡᠵᠤ᠂ | ᠤᠷᠢᠳᠤ ᠰᠢᠳᠠᠭᠠᠭᠰᠠᠨ ᠨᠡᠬᠦᠷᠡᠰᠤ ᠪᠠᠨ ᠴᠦᠮ ᠢ ᠲᠡᠷᠡ ᠬᠦᠳᠡᠷ ᠬᠠᠶᠢᠯᠤᠭᠤᠯᠵᠤ ᠪᠠᠶᠢᠭᠰᠠᠨ ᠠᠭᠤᠢ ᠶᠢᠨ ᠠᠮᠠᠰᠠᠷ | ᠲᠤ ᠤᠪᠤᠭᠠᠯᠠᠨ ᠲᠠᠯᠪᠢᠵᠤ᠂ ᠰᠠᠪᠳᠠᠭ ᠨᠠᠪᠳᠠᠭ ④ ᠢ ᠲᠠᠬᠢᠵᠤ ᠪᠠᠷᠠᠭᠰᠠᠨ ᠤ ᠲᠠᠷᠠᠭ᠎ᠠ᠂ ᠨᠡᠬᠦᠷᠡᠰᠦᠨ ᠳᠡᠭᠡᠨ ᠭᠠᠯ | ᠨᠤᠴᠤᠭᠠᠪᠠ᠃ ᠲᠡᠭᠡᠭᠡᠳ ᠢᠳᠡ ᠬᠦᠴᠦ ᠲᠠᠢ ᠬᠡᠳᠦᠨ ᠵᠠᠭᠤᠨ ᠡᠷᠡᠰ ᠢ ᠰᠤᠩᠭᠤᠨ ᠭᠠᠷᠭᠠᠵᠤ᠂ ᠲᠠᠯᠠᠨ ᠠᠷᠠᠰᠤᠨ | ᠬᠦᠬᠡᠷᠬᠡ ᠶᠢ ᠡᠬᠡᠯᠵᠢᠯᠡᠨ ᠬᠦᠬᠡᠷᠬᠡᠳᠡᠪᠡ᠃ ᠤᠳᠠᠯ ᠦᠭᠡᠢ ᠭᠠᠯ ᠬᠦᠭᠵᠢᠨ᠂ ᠤᠯᠠᠭᠠᠨ ᠬᠡᠷᠡᠯ ᠲᠡᠭᠷᠢ ᠲᠤᠯᠤᠮ᠎ᠠ | ᠮᠠᠨᠳᠤᠪᠠ᠃ ᠡᠷᠬᠢᠨ ᠤ ᠬᠦᠨ ᠤ ᠬᠦᠮᠦᠰ ᠠᠭᠤᠢ ᠶᠢᠨ ᠲᠡᠷᠬᠡᠳᠡ ᠲᠤᠭᠤᠷᠢᠨ ᠵᠤᠭᠰᠤᠵᠤ᠂ ᠬᠦᠳᠡᠷ ᠴᠢᠯᠠᠭᠤ ᠶᠢ | ᠲᠦᠷᠬᠡᠨ ᠬᠠᠶᠢᠯᠤᠭᠠᠰᠠᠢ ᠬᠡᠵᠤ ᠴᠤᠷᠬᠢᠨ ᠰᠢᠷᠳᠡᠵᠤ ᠪᠠᠶᠢᠯ᠎ᠠ᠃ ᠬᠡᠯᠡᠪᠡᠯ ᠪᠠᠰᠠ ᠰᠤᠨᠢᠨ᠂ ᠲᠤᠯᠤᠭᠠᠨ ᠲᠤᠯᠤᠭ᠎ᠠ | ᠲᠦᠴᠢ ᠶᠢᠰᠦᠨ ᠬᠤᠨᠤᠭ ᠵᠤᠭᠰᠤᠯ ᠦᠭᠡᠢ ᠬᠦᠬᠡᠷᠬᠡᠳᠡᠭᠰᠡᠨ ᠴᠢᠨᠢ ᠬᠦᠳᠡᠷ ᠴᠢᠯᠠᠭᠤ ᠬᠠᠶᠢᠯᠤᠨ ᠡᠬᠦᠰᠬᠡᠵᠤ᠂ ᠡᠴᠤᠰ | ᠰᠡᠬᠦᠯ ᠳᠡᠭᠡᠨ ᠬᠦᠷᠬᠢᠷᠡᠭᠰᠡᠨ ᠲᠡᠮᠤᠷ ᠤᠨ ᠤᠷᠤᠰᠬᠠᠯ ᠪᠤᠯᠤᠨ ᠲᠠᠪᠠᠯᠭᠠᠯᠠᠵᠤ᠂ ᠬᠦᠬᠡ ᠠᠭᠤᠯᠠ ᠶᠡᠬᠦᠷᠡᠨ | ᠤᠶᠢᠴᠢᠭᠠᠳ᠂ ᠤᠳᠠᠭᠠᠨ ᠡᠳᠤᠷ ᠵᠤᠵᠠᠭᠠᠨ ᠬᠤᠨᠤᠭ ᠮᠦᠷᠦᠬᠡᠳᠴᠤ ᠪᠠᠶᠢᠭᠰᠠᠨ ᠲᠠᠯ᠎ᠠ ᠨᠤᠳᠤᠭ ᠨᠢᠳᠤᠨ ᠡᠮᠤᠨ᠎ᠡ ᠨᠢ | ᠢᠯᠡᠷᠡᠨ ᠭᠠᠷᠪᠠ᠃ ᠪᠦᠬᠦᠳᠡᠬᠡᠷ ᠲᠡᠰᠬᠡᠯ ᠦᠭᠡᠢ ᠪᠠᠶᠠᠷᠯᠠᠵᠤ᠂ ᠤᠯᠠᠮᠵᠢᠯᠠᠯᠳᠤ ᠵᠠᠩᠰᠢᠯ ᠢᠶᠠᠷ ᠡᠬᠡᠰᠢᠭᠯᠡᠨ ᠲᠠᠭᠤᠯᠠᠵᠤ | ᠲᠠᠪᠬᠡᠴᠨ ᠪᠦᠵᠢᠭᠯᠡᠭᠰᠡᠬᠡᠷ ᠡᠷᠬᠢᠨ ᠤ ᠬᠦᠨ ᠠᠴᠠ ᠨᠡᠬᠦᠨ ᠭᠠᠷᠴᠤ᠂ ᠡᠪᠦᠭᠡ ᠲᠡᠭᠡᠳᠤᠰ ᠤᠨ ᠢᠶᠠᠨ ᠤᠭ ᠨᠤᠳᠤᠭ | ᠲᠤ ᠪᠤᠴᠠᠨ ᠢᠷᠡᠵᠤ ᠲᠠᠪᠠᠳᠠᠢ ᠰᠠᠶᠢᠬᠠᠨ ᠠᠮᠢᠳᠤᠷᠠᠨ ᠰᠠᠭᠤᠵᠠᠢ᠃ ᠬᠡᠪᠡᠴᠤ ᠲᠡᠳᠠ ᠢᠳᠡᠬᠡᠰᠢᠵᠤ ᠲᠠᠰᠤᠭᠰᠠᠨ | ᠡᠷᠬᠢᠨ ᠤ ᠬᠦᠨ ᠢᠶᠠᠨ ᠶᠡᠷᠤ ᠮᠠᠷᠳᠠᠭ᠎ᠠ ᠦᠭᠡᠢ᠂ ᠦᠶ᠎ᠡ ᠶᠢᠨ ᠦᠶ᠎ᠡ ᠳᠡᠭᠡᠨ ᠤᠯᠠᠮᠵᠢᠯᠠᠨ ᠬᠡᠯᠡᠵᠤ ᠦᠭᠬᠦᠭᠰᠡᠬᠡᠷ | ᠪᠠᠶᠢᠵᠠᠢ᠃ | | | ᠲᠠᠶᠢᠯᠪᠤᠷᠢ᠄ | ① ᠡᠨᠡ ᠪᠤᠯ ᠬᠤᠶᠢᠳᠤ ᠴᠢ ︵ᠨᠡᠶᠢᠳᠠ ᠶᠢᠨ ᠤᠨ ᠲᠤᠭᠠᠯᠠᠯ ᠤᠨ 479 — 502︶ | ᠶᠢᠨ ᠲᠦᠷᠦ ᠶᠢᠨ ᠦᠶ᠎ᠡ ᠶᠢᠨ ᠨᠢᠬᠡᠨ ᠠᠷᠠᠳ ᠤᠨ ᠲᠠᠭᠤᠤ ᠶᠢᠨ ᠦᠬᠡ ᠪᠤᠯᠤᠨ᠎ᠠ᠃ | ② ︽ᠮᠤᠩᠭᠤᠯ︾ ᠬᠡᠳᠡᠭ ᠦᠬᠡ ᠴᠤᠬᠤᠮ ᠶᠠᠮᠠᠷ ᠤᠳᠬ᠎ᠠ ᠲᠠᠢ ᠪᠤᠯᠬᠤ ᠶᠢ ᠤᠳᠤ ᠬᠢᠷᠢ | ᠪᠠᠳᠤ ᠲᠤᠳᠤᠯᠠᠵᠤ ᠴᠢᠳᠠᠭ᠎ᠠ ᠦᠭᠡᠢ ᠪᠠᠶᠢᠨ᠎ᠠ᠃ ᠬᠡᠪᠡᠴᠤ ︽ᠮᠤᠩ︾ ᠪᠤᠶᠤ ︽ᠮᠤᠩᠭᠤᠯ︾ ᠬᠡᠵᠤ ᠨᠢᠬᠡᠨ ᠠᠶᠢᠮᠠᠭ | ᠤᠨ ᠨᠡᠷ᠎ᠡ ᠪᠠᠶᠢᠭᠰᠠᠨ ᠨᠢ ᠭᠠᠷᠴᠠᠭ᠎ᠠ ᠦᠭᠡᠢ ᠬᠡᠷᠡᠭ᠃ ᠡᠨᠡ ᠨᠢ ᠡᠬᠢᠯᠡᠬᠡᠳ ᠶᠠᠮᠠᠷ ᠨᠢᠬᠡᠨ ᠭᠠᠵᠠᠷ ᠨᠤᠳᠤᠭ ᠪᠤᠶᠤ | ᠠᠭᠤᠯᠠ ᠤᠰᠤᠨ ᠤ ᠨᠡᠷ᠎ᠡ ᠠᠴᠠ ᠡᠬᠦᠰᠤᠯ ᠲᠠᠢ ᠪᠠᠶᠢᠵᠤ ᠪᠤᠯᠬᠤ ᠶᠤᠮ᠃ | ③ ᠡᠷᠬᠢᠨ ᠤ ᠬᠦᠨ — ᠹᠧᠩ ᠴᠧᠩ ᠵᠢᠶᠦ᠋ᠨ ᠬᠡᠳᠡᠭ ᠬᠦᠮᠦᠨ ᠡᠨᠡ ᠭᠠᠵᠠᠷ ᠢ ᠡᠷᠬᠦᠨ᠎ᠡ | ᠭᠤᠤᠯ ᠤᠨ ᠬᠠᠪᠢ ᠳᠠᠬᠢ ᠨᠢᠬᠡᠨ ᠠᠭᠤᠯᠠ ᠬᠠᠳᠠᠨ ᠤ ᠨᠡᠷ᠎ᠡ ᠪᠤᠶᠤ ᠬᠡᠵᠡᠢ ︵︽ᠴᠢᠩᠬᠢᠰ ᠬᠠᠭᠠᠨ ᠤ ᠨᠠᠮᠳᠠᠷ︾ ᠲᠤ | ︶ | ④ ᠰᠠᠪᠳᠠᠭ ᠨᠠᠪᠳᠠᠭ — ᠠᠭᠤᠯᠠ ᠤᠰᠤᠨ ᠤ ᠡᠵᠡᠳ ᠰᠠᠬᠢᠭᠤᠯᠰᠤᠨ᠃ | | | ᠬᠤᠶᠢᠨᠠᠬᠢ ᠦᠯᠢᠬᠡᠷ᠄ ᠠᠯᠤᠨ ᠭᠤᠸ᠎ᠠ ᠡᠬᠡ ᠲᠠᠪᠤᠨ ᠮᠦᠰᠤ ᠪᠠᠷ ᠬᠡᠤᠬᠡᠳ ᠢᠶᠠᠨ | ᠰᠤᠷᠭᠠᠭᠰᠠᠨ | |