ᠬᠡᠰᠢᠭᠳᠡᠨ ᠤ ᠭᠤᠤᠯ ᠭᠤᠷᠤᠬ᠎ᠠ
ᠨᠡᠶᠢᠲᠡᠯᠡᠭᠰᠡᠨ ᠴᠠᠭ᠄
2014/5/12
      ⒈ ᠲᠤᠳᠤᠭᠠᠳᠤ ᠤᠷᠤᠰᠬᠠᠯᠳᠤ ᠭᠤᠤᠯ       ᠬᠦᠩᠬᠡᠷ ᠤᠨ ᠭᠤᠤᠯ᠄ ᠬᠡᠰᠢᠭᠳᠡᠨ ᠬᠤᠰᠢᠭᠤᠨ ᠤ ᠪᠠᠶᠠᠨᠴᠠᠭᠠᠨ ᠰᠤᠮᠤᠨ ᠤ ᠵᠢᠷᠢ ᠤᠨ ᠭᠠᠴᠠᠭ᠎ᠠ ᠶᠢᠨ ᠬᠠᠷᠢᠶᠠᠨ ᠤ ᠬᠤᠩᠭᠤ ᠠᠭᠤᠯᠠ ᠨᠢᠷᠤᠭᠤ ᠶᠢᠨ ᠴᠠᠮᠬᠠᠭ ᠠᠴᠠ ᠡᠬᠢ ᠠᠪᠴᠤ ᠪᠠᠶᠠᠨ ᠵᠢᠷᠦᠬᠡ ᠤᠪᠤᠭᠠᠨ ᠤ ᠠᠷᠤ ᠪᠠᠷ ᠪᠠᠷᠠᠭᠤᠨᠰᠢ ᠤᠷᠤᠰᠴᠤ᠂ ᠪᠠᠶᠠᠨ ᠵᠢᠷᠦᠬᠡ ᠤᠪᠤᠭᠠᠨ ᠤ ᠭᠤᠤᠯ᠂ ᠲᠠᠯ᠎ᠠ ᠲᠦᠷᠦᠬᠦᠦ ᠶᠢᠨ ᠠᠷᠤ ᠶᠢᠨ ᠤᠯᠠᠭᠠᠨ ᠪᠤᠯᠠᠭ᠂ ᠪᠦᠯᠢᠶᠡᠨ ᠠᠴᠠ ᠡᠬᠢ ᠠᠪᠤᠭᠰᠠᠨ ᠪᠡᠬᠡᠳᠠᠢ ᠭᠤᠤᠯ᠂ ᠴᠠᠭᠠᠨ ᠤᠪᠤᠭᠠᠨ ᠤ ᠨᠠᠮᠤᠭ ᠤᠨ ᠡᠬᠢ ᠠᠪᠤᠭᠰᠠᠨ ᠬᠠᠷ᠎ᠠ ᠭᠤᠤᠯ ᠵᠡᠷᠬᠡ ᠨᠢ ᠭᠦᠩᠬᠡᠷ ᠤᠨ ᠭᠤᠤᠯ ᠳᠤ ᠤᠷᠤᠰᠬᠠᠯ ᠨᠠᠶᠢᠯᠡᠵᠤ᠂ ᠬᠡᠰᠢᠭᠳᠡᠨ ᠬᠤᠰᠢᠭᠤᠨ ᠤ ᠬᠠᠮᠤᠭ ᠤᠨ ᠶᠡᠭᠡ ᠲᠤᠳᠤᠭᠠᠳᠤ ᠤᠷᠤᠰᠬᠠᠯᠳᠤ ᠭᠤᠤᠯ ᠪᠤᠯᠵᠤ᠂ ᠲᠠᠯᠠᠢ ᠨᠠᠭᠤᠷ ᠲᠤ ᠴᠢᠳᠬᠤᠵᠤ᠂ ᠲᠠᠯᠠᠢ ᠨᠠᠭᠤᠷ ᠤᠨ ᠠᠮᠢᠳᠤ ᠤᠰᠤᠨ ᠤ ᠭᠤᠤᠯ ᠢᠷᠡᠯᠳᠡ ᠪᠤᠯᠵᠤ ᠪᠠᠶᠢᠨ᠎ᠠ᠃       ᠲᠤᠯᠢ ᠭᠤᠤᠯ᠄ ᠲᠠᠯᠠᠢ ᠨᠠᠭᠤᠷ ᠰᠤᠮᠤᠨ ᠤ ᠬᠠᠨᠳᠠᠬ᠎ᠠ ︵ᠬᠠᠨᠳᠤᠬᠤ︶ ᠭᠠᠴᠠᠭ᠎ᠠ ᠢᠶᠠᠷ ᠦᠵᠦᠬᠦᠷ ᠡᠯᠡᠰᠦᠨ ᠎ ᠤ ᠪᠠᠷᠠᠭᠤᠨᠳᠠᠬᠢ ᠨᠠᠮᠤᠭ ᠠᠴᠠ ᠡᠬᠢ ᠠᠪᠴᠤ ︵ᠡᠷᠳᠡ ᠳᠡᠭᠡᠨ ᠬᠤᠩᠭᠤ ᠠᠭᠤᠯᠠ ᠶᠢᠨ ᠨᠢᠷᠤᠭᠤ᠂ ᠦᠩᠬᠦᠷᠢᠬᠦ ᠶᠢᠨ ᠲᠠᠪᠠᠭᠠᠨ ᠤ ᠠᠷᠤ ᠠᠴᠠ ᠡᠬᠢ ᠠᠪᠴᠤ ᠪᠠᠶᠢᠵᠠᠢ︶ ᠭᠠᠩᠭᠠᠨ ᠨᠠᠭᠤᠷ ᠲᠤ ᠴᠢᠳᠬᠤᠵᠤ᠂ ᠭᠠᠩᠭᠠᠨ ᠨᠠᠭᠤᠷ ᠤᠨ ᠠᠮᠢᠳᠤ ᠤᠰᠤᠨ ᠤ ᠭᠤᠤᠯ ᠢᠷᠡᠯᠳᠠ ᠪᠤᠯᠵᠤ ᠪᠠᠶᠢᠨ᠎ᠠ᠃       ᠰᠢᠷ᠎ᠠ ᠶᠢᠨ ᠭᠤᠤᠯ᠄ ᠭᠠᠩᠭᠠᠨ ᠨᠠᠭᠤᠷ ᠠᠴᠠ ᠡᠬᠢ ᠠᠪᠴᠤ ᠲᠠᠯᠠᠢ ᠨᠠᠭᠤᠷ ᠲᠤ ᠴᠢᠳᠬᠤᠵᠤ᠂ ᠲᠠᠯᠠᠢ ᠨᠠᠭᠤᠷ ᠤᠨ ᠠᠮᠢᠳᠤ ᠤᠰᠤᠨ ᠤ ᠬᠤᠶᠠᠳᠤᠭᠠᠷ ᠢᠷᠡᠯᠳᠡ ᠪᠤᠯᠵᠤ ᠪᠠᠶᠢᠨ᠎ᠠ᠃       ᠰᠢᠷᠭᠤᠭ᠎ᠠ ᠶᠢᠨ ᠭᠤᠤᠯ ︵ᠨᠢᠩᠵᠢᠨ ᠭᠤᠤᠯ︶᠄ ᠲᠠᠷᠬᠠᠬᠠᠭᠤᠯᠠ ᠰᠤᠮᠤᠨ ᠤ ᠲᠤᠰᠬᠤᠨ ᠭᠠᠴᠠᠭ᠎ᠠ ᠶᠢᠨ ᠴᠠᠩᠳᠤ ᠶᠢᠨ ᠤᠪᠤᠭ᠎ᠠ ︵ᠶᠦᠩ ᠠᠨ ᠭᠠᠩ ᠬᠡᠵᠤ ︽ᠵᠢᠩᠫᠧᠩ ᠰᠢᠶᠠᠨ ᠤ ᠲᠡᠤᠬᠡ ᠲᠡᠮᠳᠡᠭᠯᠡᠯ︾᠎ ᠳᠤ ᠲᠡᠮᠳᠡᠭᠯᠡᠵᠤ ᠪᠠᠶᠢᠨ᠎ᠠ︶᠎ ᠶᠢᠨ ᠵᠡᠬᠦᠨ ᠡᠮᠤᠨ᠎ᠡ ᠨᠠᠮᠤᠭ ᠠᠴᠠ ᠡᠬᠢ ᠠᠪᠴᠤ ᠪᠠᠶᠢᠭ᠎ᠠ ᠰᠢᠷᠭᠤᠭ᠎ᠠ ᠶᠢᠨ ᠭᠤᠤᠯ ︵ᠶᠧ ᠵᠤ᠋ ᠾᠧ — ᠵᠡᠷᠯᠢᠭ ᠭᠠᠭ᠋ᠠᠶᠢᠳᠤ ᠶᠢᠨ ᠭᠤᠤᠯ ᠬᠡᠵᠤ ︽ᠵᠢᠩᠫᠧᠩ ᠰᠢᠶᠠᠨ ᠤ ᠲᠡᠤᠬᠡ ᠲᠡᠮᠳᠡᠭᠯᠡᠯ︾᠎ ᠳᠤ ᠲᠡᠮᠳᠡᠭᠯᠡᠵᠤ ᠪᠠᠶᠢᠨ᠎ᠠ︶᠂ ᠲᠤᠤᠷ᠎ᠠ ᠤᠷᠤᠰᠬᠠᠯ ᠳᠤ ᠨᠢᠩᠵᠢᠨ ᠭᠤᠤᠯ ︵ᠯᠢᠶᠠᠨᠽᠢ ᠶᠢᠨ ᠭᠤᠤᠯ︶᠂ ᠬᠦᠬᠦᠷᠬᠡ ᠰᠦᠮ᠎ᠡ ᠶᠢᠨ ᠪᠠᠷᠠᠭᠤᠨ ᠲᠠᠢ ᠭᠤᠷᠪᠠᠨ ᠭᠠᠵᠠᠷ ᠵᠠᠶᠢᠳᠠᠢ ᠡᠯᠡᠰᠤ ᠮᠠᠩᠬᠠᠨ ᠠᠴᠠ ᠡᠬᠢ ᠠᠪᠴᠤ ᠪᠠᠶᠢᠭ᠎ᠠ ᠬᠦᠬᠦᠷᠬᠡ ᠶᠢᠨ ᠭᠤᠤᠯ ᠨᠢ ᠵᠡᠬᠦᠨᠰᠢ ᠤᠷᠤᠰᠴᠤ ᠨᠢᠩᠵᠢᠨ ᠭᠤᠤᠯ ᠳᠤ ᠤᠷᠤᠰᠬᠠᠯ ᠨᠡᠶᠢᠯᠡᠵᠤ ᠲᠠᠯᠠᠢ ᠨᠠᠭᠤᠷ ᠲᠤ ᠴᠢᠳᠬᠤᠵᠤ ᠪᠠᠶᠢᠨ᠎ᠠ᠃       ᠬᠤᠭᠤᠯᠠᠢ ᠶᠢᠨ ᠭᠤᠤᠯ᠄ ᠲᠠᠷᠬᠠᠬᠠᠭᠤᠯᠠ ᠰᠤᠮᠤᠨ ᠤ ᠲᠦᠷᠦᠬᠡ ᠨᠠᠭᠤᠷ ᠭᠠᠴᠠᠭ᠎ᠠ ᠶᠢᠨ ᠲᠦᠷᠦᠬᠡ ᠨᠠᠭᠤᠷ ᠎ ᠤᠨ ᠠᠮᠠ ᠠᠴᠠ ᠡᠬᠢ ᠠᠪᠴᠤ᠂ ᠪᠠᠶᠠᠨᠮᠡᠨᠳᠤ ᠭᠠᠴᠠᠭ᠎ᠠ ᠶᠢᠨ ᠭᠠᠯᠳᠠᠰᠤᠳᠠᠢ ᠶᠢᠨ ᠰᠢᠭᠤᠢ ᠠᠴᠠ ᠤᠨᠳᠤᠷᠴᠤ ᠪᠠᠶᠢᠭ᠎ᠠ ᠭᠠᠯᠳᠠᠰᠤᠳᠠᠢ ᠶᠢᠨ ᠪᠤᠯᠠᠭ ᠲᠠᠢ ᠤᠷᠤᠰᠬᠠᠯ ᠨᠡᠶᠢᠯᠡᠵᠤ ᠲᠠᠯᠠᠢ ᠨᠠᠭᠤᠷ ᠲᠤ ᠴᠢᠳᠬᠤᠵᠤ ᠪᠠᠶᠢᠨ᠎ᠠ᠃       ᠡᠨᠡ ᠲᠠᠪᠤᠨ ᠭᠤᠤᠯ ᠨᠢ ᠬᠡᠰᠢᠭᠳᠡᠨ ᠬᠤᠰᠢᠭᠤᠨ ᠤ ᠲᠠᠯᠠᠢ ᠨᠠᠭᠤᠷ ᠤᠨ ᠠᠮᠢᠳᠤ ᠤᠰᠤᠨ ᠤ ᠢᠷᠡᠯᠳᠠ ᠶᠢ ᠬᠠᠩᠭᠠᠵᠤ᠂ ᠲᠠᠯᠠᠢ ᠨᠠᠭᠤᠷ ᠤᠨ ᠵᠢᠭᠠᠰᠤᠨ ᠠᠵᠤ ᠠᠬᠤᠢ ᠶᠢ ᠶᠡᠭᠡ ᠪᠠᠷ ᠬᠦᠭᠵᠢᠬᠦᠯᠬᠦ᠂ ᠭᠤᠤᠯ ᠲᠠᠭᠠᠤ ᠤᠷᠤᠨ ᠤ ᠮᠠᠯ ᠠᠵᠤ ᠠᠬᠤᠢ ᠶᠢ ᠬᠦᠭᠵᠢᠬᠦᠯᠬᠦ ᠳᠤ ᠠᠰᠤᠷᠤ ᠶᠡᠭᠡ ᠦᠢᠯᠡᠳᠤᠯ ᠦᠵᠡᠬᠦᠯᠵᠤ ᠪᠠᠶᠢᠨ᠎ᠠ᠃       ⒉ ᠭᠠᠳᠠᠭᠠᠳᠤ ᠤᠷᠤᠰᠬᠠᠯᠳᠤ ᠭᠤᠤᠯ ᠭᠤᠷᠤᠬ᠎ᠠ       ᠰᠢᠷ᠎ᠠ ᠮᠦᠷᠡᠨ ᠭᠤᠤᠯ᠄ ᠬᠡᠰᠢᠭᠳᠡᠨ ᠬᠤᠰᠢᠭᠤᠨ ᠤ ᠪᠡᠷᠭᠡ ᠬᠤᠷᠬᠤᠨ ᠬᠡᠬᠦ ᠭᠠᠵᠠᠷ ᠠᠴᠠ ᠡᠬᠢ ᠠᠪᠴᠤ ︵ᠪᠠᠰᠠ ᠬᠠᠭᠤᠷᠠᠢ ᠬᠦᠷᠢᠶ᠎ᠡ ᠶᠢᠨ ᠪᠠᠢ ᠼᠤᠤ ᠭᠸᠤ ᠠᠴᠠ ᠡᠬᠢ ᠠᠪᠳᠠᠭ ᠬᠡᠳᠡᠭ︶᠂ ᠬᠡᠰᠢᠭᠳᠡᠨ ᠤ ᠲᠤᠮᠳᠠ ᠪᠡᠶ᠎ᠡ ᠪᠠᠷ ᠬᠦᠨᠳᠠᠯᠡᠨ 130 km ᠤᠷᠤᠰᠴᠤ᠂ ᠤᠩᠨᠢᠭᠤᠳ᠂ ᠪᠠᠭᠠᠷᠢᠨ ᠪᠠᠷᠠᠭᠤᠨ ᠬᠤᠰᠢᠭᠤᠨ ᠤ ᠵᠠᠭᠠᠭ ᠢᠶᠠᠷ ᠵᠡᠬᠦᠨ ᠡᠮᠤᠨᠡᠰᠢ ᠤᠷᠤᠰᠴᠠᠢ᠃ ᠰᠢᠷ᠎ᠠ ᠮᠦᠷᠡᠨ ᠤ ᠭᠤᠤᠯ ᠨᠢ ᠬᠡᠰᠢᠭᠳᠡᠨ ᠤ ᠬᠠᠮᠤᠭ ᠤᠨ ᠶᠡᠭᠡ ᠭᠤᠤᠯ ᠪᠤᠯᠬᠤ ᠪᠦᠬᠡᠳ ᠯᠢᠶᠤᠤ ᠾᠧ ᠭᠤᠤᠯ ᠤᠨ ᠡᠬᠢ ᠪᠤᠯᠤᠨ᠎ᠠ᠃ ᠰᠢᠷ᠎ᠠ ᠮᠦᠷᠡᠨ ᠭᠤᠤᠯ ᠳᠤ ᠬᠡᠰᠢᠭᠳᠡᠨ ᠤ ᠮᠠᠰᠢ ᠤᠯᠠᠨ ᠭᠤᠤᠯ ᠭᠤᠷᠤᠬ᠎ᠠ ᠤᠷᠤᠰᠬᠠᠯ ᠨᠡᠶᠢᠯᠡᠵᠠᠢ᠃ ᠡᠬᠦᠨ ᠳᠤ ᠬᠤᠩ ᠱᠠᠨ ᠽᠢ ᠰᠢᠶᠠᠩ ᠤᠨ ᠬᠠᠷᠢᠶᠠᠨ ᠤ ᠤᠰᠤᠳᠤ ᠲᠦᠷᠪᠡᠨ ᠠᠭᠤᠯᠠ ᠶᠢᠨ ᠠᠷᠤ ᠬᠤᠷᠮᠤᠢ ᠠᠴᠠ ᠡᠬᠢ ᠠᠪᠴᠤ ᠪᠠᠶᠢᠭ᠎ᠠ ᠤᠯᠠᠨ ᠭᠤᠤᠯ ᠭᠤᠷᠤᠬ᠎ᠠ ᠨᠡᠶᠢᠯᠡᠭᠰᠡᠨ ᠰᠠᠷᠢᠭ ᠤᠨ ᠭᠤᠤᠯ ᠪᠠ ᠶᠡᠭᠡ ᠬᠤᠭᠤᠯᠠᠶᠢᠳᠤ ︵ᠳ᠋ᠠ ᠺᠸᠤ ᠲᠸᠤ︶᠎ ᠶᠢᠨ ᠭᠤᠤᠯ᠂ ᠪᠠᠭ᠎ᠠ ᠬᠤᠭᠤᠯᠠᠶᠢᠳᠤ ︵ᠰᠢᠶᠤᠤ ᠺᠸᠤ ᠲᠸᠤ︶᠎ ᠶᠢᠨ ᠭᠤᠤᠯ᠂ ᠭᠤᠸᠠᠩ ᠰᠢᠩ ᠶᠤᠸᠠᠨ ᠰᠢᠶᠠᠩ ᠤᠨ ᠲᠤᠯᠤᠨᠤᠳᠤ ᠠᠴᠠ ᠡᠬᠢ ᠠᠪᠴᠤ ᠪᠠᠶᠢᠭ᠎ᠠ ᠲᠠᠷᠴᠢ ᠶᠢᠨ ᠭᠤᠤᠯ ︵ᠪᠠᠰᠠ ᠵᠤᠤᠬ᠎ᠠ ᠶᠢᠨ ᠭᠤᠤᠯ ᠬᠡᠳᠡᠭ︶᠂ ᠲᠢᠶᠠᠨ ᠱᠧᠩ ᠬᠤᠤ ᠰᠢᠶᠠᠩ ᠤᠨ ᠮᠡᠯᠡᠬᠡᠶᠢᠳᠤ ᠭᠤᠤ ᠶᠢᠨ ᠡᠬᠢᠨ ᠲᠤᠭᠤᠭ᠎ᠠ ᠬᠠᠶᠢᠷᠬᠠᠨ ᠤ ᠠᠷᠤ ᠠᠴᠠ ᠡᠬᠢ ᠠᠪᠴᠤ ᠪᠠᠶᠢᠭ᠎ᠠ ᠮᠡᠯᠡᠬᠡᠶᠢᠳᠤ ᠶᠢᠨ ᠭᠤᠤᠯ᠂ ᠯᠢᠦ ᠯᠢᠨ ᠰᠢᠶᠠᠩ ᠎ ᠤᠨ ᠶᠡᠭᠡ ᠲᠤᠭᠤᠭ᠎ᠠ ᠶᠢᠨ ᠭᠤᠤ ᠶᠢᠨ ᠲᠤᠭᠤᠭ᠎ᠠ ᠶᠢᠨ ᠬᠠᠶᠢᠷᠬᠠᠨ ᠤ ᠵᠡᠬᠦᠨ ᠡᠮᠤᠨ᠎ᠡ ᠬᠤᠷᠮᠤᠢ ᠠᠴᠠ ᠡᠬᠢ ᠠᠪᠴᠤ ᠪᠠᠶᠢᠭ᠎ᠠ ᠶᠡᠭᠡ ᠲᠤᠭᠤᠭ᠎ᠠ ᠶᠢᠨ ᠭᠤᠤᠯ᠂ ᡁᠢ ᠷᠦᠢ ᠰᠢᠶᠠᠩ ᠤᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠠᠷᠤ ᠬᠤᠷᠮᠤᠢ ᠶᠢᠨ ᠪᠠᠶᠢᠴᠠ ᠨᠠᠭᠤᠷ ᠠᠴᠠ ᠡᠬᠢ ᠠᠪᠴᠤ ᠪᠠᠶᠢᠭ᠎ᠠ ᠪᠠᠶᠢᠴᠠ ᠶᠢᠨ ᠭᠤᠤᠯ᠂ ᠦᠶᠡᠷ ᠤᠨ ᠭᠤᠤᠯ᠂ ᠬᠦᠨᠳᠡᠯᠡᠨ ᠤ ᠭᠤᠤᠯ ᠨᠢ ᠪᠠᠶᠢᠴᠠ ᠶᠢᠨ ᠭᠤᠤᠯ ᠲᠠᠢ ᠤᠷᠤᠰᠬᠠᠯ ᠨᠡᠶᠢᠯᠡᠵᠠᠢ᠃ ᠪᠠᠶᠢᠴᠠ ᠶᠢᠨ ᠭᠤᠤᠯ ᠨᠢ ᠬᠡᠰᠢᠭᠳᠡᠨ ᠬᠤᠰᠢᠭᠤᠨ ᠤ ᠬᠤᠶᠠᠳᠤᠭᠠᠷ ᠶᠡᠭᠡ ᠭᠤᠤᠯ ᠪᠤᠯᠤᠨ᠎ᠠ᠃ ᠱᠠᠩ ᠲᠸᠤ ᠰᠢᠶᠠᠩ ᠤᠨ ᠤᠰᠤᠨ ᠲᠦᠷᠦᠬᠦᠦ ︵ᠱᠦᠢ ᠲᠸᠤ︶᠎ ᠠᠴᠠ ᠡᠬᠢ ᠠᠪᠴᠤ ᠪᠠᠶᠢᠭ᠎ᠠ ᠲᠤᠮᠳᠠ ᠬᠦᠨᠳᠠᠢ ᠶᠢᠨ ᠭᠤᠤᠯ᠂ ᠱᠠᠩ ᠲᠸᠤ ᠰᠢᠶᠠᠩ ᠤᠨ ᠲᠤᠤᠷ᠎ᠠ ᠤᠰᠤᠨ ᠲᠦᠷᠦᠬᠦᠦ ︵ᠰᠢᠶᠠ ᠱᠦᠢ ᠲᠸᠤ︶᠎ ᠠᠴᠠ ᠡᠬᠢ ᠠᠪᠴᠤ ᠪᠠᠶᠢᠭ᠎ᠠ ᠬᠦᠨᠳᠠᠢ ᠶᠢᠨ ᠭᠤᠤᠯ ᠨᠢ ᠲᠤᠮᠳᠠ ᠬᠦᠨᠳᠠᠢ ᠶᠢᠨ ᠭᠤᠤᠯ ᠲᠠᠢ ᠤᠷᠤᠰᠬᠠᠯ ᠨᠡᠶᠢᠯᠡᠵᠠᠢ᠃ ᠰᠢᠨ ᠺᠠᠢ ᠳ᠋ᠢ ᠰᠢᠶᠠᠩ ᠤᠨ ᠲᠡᠭᠡᠷ᠎ᠡ ᠰᠠᠷᠠᠩ ᠤᠨ ᠭᠤᠤ ᠠᠴᠠ ᠡᠬᠢ ᠠᠪᠴᠤ ᠪᠠᠶᠢᠭ᠎ᠠ ᠤᠷᠢᠳᠤ ᠬᠦᠨᠳᠠᠢ ᠶᠢᠨ ᠭᠤᠤᠯ ︵ᠸᠧᠢ ᠲᠠᠩ ᠾᠧ︶᠂ ᠬᠡᠰᠢᠭᠳᠡᠨ ᠪᠤᠯᠤᠨ ᠤᠩᠨᠢᠭᠤᠳ ᠬᠤᠰᠢᠭᠤᠨ ᠤ ᠵᠠᠭᠠᠭ ᠢᠶᠠᠷ ᠤᠷᠤᠰᠴᠤ᠂ ᠲᠤ ᠴᠧᠩᠽᠢ ᠪᠠᠯᠭᠠᠰᠤᠨ ᠤ ᠬᠠᠷᠢᠶᠠᠨ ᠲᠤᠳᠤᠷ᠎ᠠ ᠲᠤᠮᠳᠠ ᠬᠦᠨᠳᠠᠢ ᠶᠢᠨ ᠭᠤᠤᠯ ᠲᠠᠢ ᠤᠷᠤᠰᠬᠠᠯ ᠨᠡᠶᠢᠯᠡᠵᠡᠢ᠃ ᠲᠡᠭᠡᠷ᠎ᠡ ᠬᠡᠯᠡᠭᠰᠡᠨ ᠰᠠᠷᠢᠭ᠂ ᠶᠡᠭᠡ ᠬᠤᠭᠤᠯᠠᠶᠢᠳᠤ᠂ ᠪᠠᠭ᠎ᠠ ᠬᠤᠭᠤᠯᠠᠶᠢᠳᠤ᠂ ᠲᠠᠷᠴᠢ᠂ ᠮᠡᠯᠡᠬᠡᠶᠢᠳᠤ᠂ ᠶᠡᠭᠡ ᠲᠤᠭᠤᠭ᠎ᠠ᠂ ᠪᠠᠶᠢᠴᠠ᠂ ᠲᠤᠮᠳᠠ ᠬᠦᠨᠳᠠᠢ ᠶᠢᠨ ᠭᠤᠤᠯ ᠵᠡᠷᠬᠡ ᠨᠠᠢᠮᠠᠨ ᠭᠤᠤᠯ ᠨᠢ ᠰᠢᠷ᠎ᠠ ᠮᠦᠷᠡᠨ ᠭᠤᠤᠯ ᠲᠠᠢ ᠡᠮᠤᠨ᠎ᠡ ᠲᠠᠯ᠎ᠠ ᠠᠴᠠ ᠲᠤᠰ ᠲᠤᠰ ᠤᠷᠤᠰᠬᠠᠯ ᠨᠡᠶᠢᠯᠡᠵᠠᠢ᠃ ᠰᠠᠨ ᠢ ᠰᠢᠶᠠᠩ ᠤᠨ ᠤᠰᠤᠨ ᠲᠦᠷᠦᠬᠦᠦ ︵ᠱᠦᠢ ᠲᠸᠤ︶᠎ ᠠᠴᠠ ᠡᠬᠢ ᠠᠪᠴᠤ ᠪᠠᠶᠢᠭ᠎ᠠ ᠤᠰᠤᠨ ᠲᠦᠷᠦᠬᠦᠦ ᠶᠢᠨ ᠭᠤᠤᠯ᠂ ᠲᠤᠯᠤᠭᠠᠨ ᠤᠪᠤᠭ᠎ᠠ ᠶᠢᠨ ᠭᠤᠤᠯ᠂ ᠤᠪᠤᠭᠠᠨ ᠤ ᠵᠡᠬᠦᠨ ᠡᠮᠤᠨ᠎ᠡ ᠬᠤᠷᠮᠤᠢ ᠶᠢᠨ ᠪᠤᠷᠭᠠᠰᠤᠳᠠᠢ ᠭᠤᠤ ᠠᠴᠠ ᠡᠬᠢ ᠲᠠᠢ ᠪᠤᠷᠭᠠᠰᠤᠳᠠᠢ ᠭᠤᠤᠯ ᠲᠠᠢ ᠤᠷᠤᠰᠬᠠᠯ ᠨᠡᠶᠢᠯᠡᠵᠠᠢ᠂ ᠬᠤᠩᠭᠤ ᠠᠭᠤᠯᠠ ᠨᠢᠷᠤᠭᠤ ᠶᠢᠨ ᠬᠦᠬᠡᠷᠡᠬᠦ ᠶᠢᠨ ᠲᠠᠪᠠᠭ᠎ᠠ ᠶᠢᠨ ᠵᠡᠬᠦᠨ ᠡᠮᠤᠨ᠎ᠡ ᠬᠤᠷᠮᠤᠢ ᠠᠴᠠ ᠡᠬᠢ ᠠᠪᠴᠤ ᠪᠠᠶᠢᠭ᠎ᠠ ᠬᠦᠬᠡᠷᠡᠬᠦ ᠶᠢᠨ ᠭᠤᠤᠯ᠂ ᠬᠤᠩᠭᠤ ᠠᠭᠤᠯᠠ ᠨᠢᠷᠤᠭᠤ ᠶᠢᠨ ᠦᠩᠬᠦᠷᠢᠬᠦ ᠶᠢᠨ ᠲᠠᠪᠠᠭᠠᠨ ᠤ ᠬᠤᠷᠮᠤᠢ ᠠᠴᠠ ᠡᠬᠢ ᠠᠪᠴᠤ ᠪᠠᠶᠢᠭ᠎ᠠ ᠦᠩᠬᠦᠷᠢᠬᠦ ᠶᠢᠨ ᠭᠤᠤᠯ᠂ ᠲᠤᠯᠤᠭᠠᠨ ᠤᠪᠤᠭ᠎ᠠ᠂ ᠬᠦᠬᠡᠷᠡᠬᠦ᠂ ᠦᠩᠬᠦᠷᠢᠬᠦ ᠶᠢᠨ ᠭᠤᠷᠪᠠᠨ ᠭᠤᠤᠯ ᠤᠰᠤᠨ ᠲᠦᠷᠦᠬᠦᠦ ᠶᠢᠨ ᠭᠤᠤᠯ ᠲᠠᠢ ᠤᠷᠤᠰᠬᠠᠯ ᠨᠡᠶᠢᠯᠡᠵᠤ᠂ ᠬᠡᠷ ᠭᠤᠤᠯ ᠬᠡᠵᠤ ᠨᠡᠷᠡᠶᠢᠳᠦᠭᠳᠡᠬᠡᠳ᠂ ᠪᠢᠷᠠᠭᠤ ᠪᠠᠯᠭᠠᠰᠤᠨ ᠤ ᠪᠠᠷᠠᠭᠤᠨ ᠡᠮᠤᠨ᠎ᠡ ᠪᠡᠶ᠎ᠡ ᠪᠠᠷ ᠵᠡᠬᠦᠨ ᠡᠮᠤᠨᠡᠰᠢ ᠤᠷᠤᠰᠴᠤ᠂ ᠰᠢᠨ᠎ᠡ ᠰᠦᠮ᠎ᠡ ᠰᠢᠶᠡᠩ ᠤᠨ ᠬᠠᠷᠢᠶᠠᠨ ᠤ ᠲᠠᠶᠢᠵᠢ ᠶᠢᠨ ᠲᠠᠪᠠᠭᠠᠨ ᠤ ᠡᠮᠤᠨ᠎ᠡ ᠬᠤᠷᠮᠤᠢ ᠎ ᠠᠴᠠ ᠡᠬᠢ ᠠᠪᠴᠤ ᠪᠠᠶᠢᠭ᠎ᠠ ᠲᠠᠶᠢᠵᠢ ᠶᠢᠨ ᠭᠤᠤᠯ᠂ ᠵᠤᠤᠬ᠎ᠠ ᠶᠢᠨ ᠭᠤᠤᠯ ︵ᠮᠢᠨ ᠵᠤ᠋ ᠭᠠᠴᠠᠭ᠎ᠠ︶᠎ ᠲᠠᠢ ᠤᠷᠤᠰᠬᠠᠯ ᠨᠡᠶᠢᠯᠡᠵᠤ ᠪᠢᠷᠠᠭᠤ ᠪᠠᠯᠭᠠᠰᠤᠨ ᠤ ᠲᠤᠮᠳᠠᠭᠤᠷ ᠤᠷᠤᠰᠴᠤ᠂ ᠪᠢᠷᠠᠭᠤ ᠪᠠᠯᠭᠠᠰᠤᠨ ᠤ ᠡᠮᠤᠨ᠎ᠡ ᠮᠠᠨᠢ ᠶᠢᠨ ᠵᠢᠷᠭᠤᠭᠠᠨ ᠦᠰᠦᠭᠳᠤ ᠠᠭᠤᠯᠠ ᠶᠢᠨ ᠪᠠᠷᠠᠭᠤᠨᠳᠠᠢ ᠬᠡᠷ ᠭᠤᠤᠯ ᠲᠠᠢ ᠤᠷᠤᠰᠬᠠᠯ ᠨᠡᠶᠢᠯᠡᠵᠤ᠂ ᠪᠢᠷᠠᠭᠤ ᠭᠤᠤᠯ ᠬᠡᠵᠤ ᠨᠡᠷᠡᠶᠢᠳᠦᠭᠳᠡᠬᠡᠳ ᠡᠮᠤᠨᠡᠰᠢ ᠤᠷᠤᠰᠴᠤ ᠾᠧ ᠨᠡᠨ ᠳ᠋ᠢᠶᠠᠨ ᠰᠢᠶᠠᠩ ᠢ ᠲᠠᠮᠵᠢᠤ᠂ ᠾᠧ ᠨᠠᠨ ᠳ᠋ᠢᠶᠠᠨ ᠰᠢᠶᠠᠩ ᠤᠨ ᠬᠤᠪᠳᠤ ᠶᠢᠨ ᠭᠤᠤ ᠶᠢᠨ ᠡᠬᠢᠨ ᠠᠴᠠ ᠡᠬᠢ ᠠᠪᠴᠤ ᠪᠠᠶᠢᠭ᠎ᠠ ᠬᠤᠪᠳᠤ ᠶᠢᠨ ᠬᠠᠷ᠎ᠠ ᠤᠰᠤᠨ ᠭᠤᠤᠯ᠃ ᠰᠢᠨ ᠵᠢᠩ ᠰᠢᠶᠠᠩ ᠤᠨ ᠶᠡᠭᠡ ᠬᠠᠭᠤᠷᠠᠢ ᠶᠢᠨ ᠨᠠᠷᠢᠨ ᠭᠤᠤ ᠶᠢᠨ ᠡᠬᠢᠨ ᠠᠴᠠ ᠡᠬᠢ ᠠᠪᠴᠤ ᠶᠡᠭᠡ ᠬᠠᠭᠤᠷᠠᠢ ᠶᠢᠨ ᠭᠤᠤᠯ ᠵᠡᠬᠦᠨ ᠡᠮᠤᠨᠡᠰᠢ ᠤᠷᠤᠰᠴᠤ᠂ ᠰᠢᠨ ᠵᠢᠩ ᠰᠢᠶᠠᠩ ᠤᠨ ᠲᠦᠷᠬᠡᠨ ᠲᠦᠷᠦᠬᠦᠦ ᠠᠴᠠ ᠡᠬᠢ ᠠᠪᠴᠤ ᠪᠠᠶᠢᠭ᠎ᠠ ᠬᠠᠭᠠᠯᠭ᠎ᠠ ᠶᠢᠨ ᠭᠤᠤ ᠶᠢᠨ ᠭᠤᠤᠯ ᠡᠮᠤᠨᠡᠰᠢ ᠤᠷᠤᠰᠴᠤ᠂ ᠰᠢᠷ᠎ᠠ ᠮᠦᠷᠡᠨ ᠭᠤᠤᠯ ᠤᠨ ᠬᠤᠶᠢᠳᠤ ᠲᠠᠯ᠎ᠠ ᠠᠴᠠ ᠲᠤᠰ ᠲᠤᠰ ᠤᠷᠤᠰᠬᠠᠯ ᠨᠡᠶᠢᠯᠡᠵᠠᠢ᠃       ᠭᠠᠯᠳᠠᠰᠤᠳᠠᠢ ᠶᠢᠨ ᠭᠤᠤᠯ᠄ ᠷᠠᠰᠢᠶᠠᠨ ᠲᠠᠪᠠᠭᠠᠨ ︵ᠳ᠋ᠠ ᠪᠠ ᠯᠢᠶᠠᠩ︶᠎ ᠤ ᠵᠡᠬᠦᠨ ᠠᠴᠠ ᠡᠬᠢ ᠠᠪᠴᠤ ᠭᠠᠯᠳᠠᠰᠤᠳᠠᠢ ᠷᠠᠰᠢᠶᠠᠨ ᠪᠠᠯᠭᠠᠰᠤ ᠶᠢᠨ ᠡᠮᠤᠨᠡᠬᠦᠷ ᠵᠡᠬᠦᠨᠰᠢ ᠢᠤᠢ ᠵᠸᠤ ᠳ᠋ᠢ ᠪᠠᠯᠭᠠᠰᠤ ᠶᠢᠨ ᠯᠢᠦ ᠵᠢᠶᠠ ᠶᠢᠩᠽᠢ ᠭᠠᠴᠠᠭ᠎ᠠ ᠶᠢ ᠲᠠᠮᠵᠢᠨ᠂ ᠮᠤᠰᠬᠢᠭᠤ ᠰᠢᠶᠠᠩ ᠤᠨ ᠬᠠᠷᠢᠶᠠᠨ ᠤ ᠬᠤᠩᠭᠤ ᠠᠭᠤᠯᠠ ᠨᠢᠷᠤᠭᠤ ᠶᠢᠨ ᠬᠤᠩᠭᠤ ᠠᠭᠤᠯᠠ ᠎ ᠶᠢᠨ ᠡᠮᠤᠨ᠎ᠡ ᠬᠤᠷᠮᠤᠢ ᠠᠴᠠ ᠡᠬᠢ ᠠᠪᠴᠤ ᠪᠠᠶᠢᠭ᠎ᠠ ᠮᠤᠰᠢᠬᠢᠭᠤ ᠶᠢᠨ ᠭᠤᠤᠯ ᠢᠤᠢ ᠵᠸᠤ ᠳ᠋ᠢ ᠪᠠᠯᠭᠠᠰᠤ ᠪᠠᠷ ᠲᠠᠮᠵᠢᠨ ᠯᠤ᠋ ᠵᠢᠶᠠ ᠳ᠋ᠢᠶᠠᠨ ᠲᠤᠰᠬᠤᠨ ᠤ ᠵᠡᠬᠦᠨᠳᠠᠢ ᠭᠠᠯᠳᠠᠰᠤᠳᠠᠢ ᠶᠢᠨ ᠭᠤᠤᠯ ᠳᠤ ᠤᠷᠤᠰᠬᠠᠯ ᠨᠡᠶᠢᠯᠡᠵᠤ ᠭᠠᠯᠳᠠᠰᠤᠳᠠᠢ ᠷᠠᠰᠢᠶᠠᠨ ᠤ ᠭᠤᠤᠯ ᠬᠡᠵᠤ ᠨᠡᠷᠡᠶᠢᠳᠦᠭᠳᠡᠵᠤ᠂ ᠰᠢᠨ ᠯᠢ ᠽᠦᠨ ᠲᠤᠰᠬᠤᠨ ᠢ ᠲᠠᠮᠵᠢᠨ ᠯᠢᠨᠰᠢ ᠰᠢᠶᠠᠨ ᠎ ᠳᠤ ᠤᠷᠤᠰᠤᠨ ᠤᠷᠤᠨ᠎ᠠ᠃       ᠪᠠᠷᠠᠭᠤᠨ ᠰᠠᠯᠠᠭ᠎ᠠ ᠶᠢᠨ ᠭᠤᠤᠯ᠄ ᠲᠢᠶᠠᠨ ᠾᠧ ᠶᠤᠸᠠᠨ ᠰᠢᠶᠠᠩ ᠤᠨ ᠪᠠᠷᠠᠭᠤᠨ ᠰᠠᠯᠠᠭ᠎ᠠ ᠬᠡᠬᠦ ᠭᠤᠤ ᠶᠢᠨ ᠡᠬᠢᠨ ᠠᠴᠠ ᠡᠬᠢ ᠠᠪᠴᠤ᠂ ᠲᠤᠰ ᠰᠢᠶᠠᠩ ᠤᠨ ᠲᠤᠮᠳᠠᠭᠤᠷ ᠤᠷᠤᠰᠴᠤ ᠰᠢᠶᠤᠤ ᠶᠢᠩ ᠫᠠᠨ ᠲᠤᠰᠬᠤᠨ ᠢ ᠲᠠᠮᠵᠢᠨ ᠯᠢᠨᠰᠢ ᠰᠢᠶᠠᠨ ᠤ ᠲᠦᠩ ᠪᠦ᠋᠂ ᠰᠢᠨ ᠯᠢᠨ ᠪᠠᠯᠭᠠᠰᠤ ᠪᠠᠷ ᠲᠠᠮᠵᠢᠨ᠂ ᠪᠠᠭᠠᠷᠢᠨ ᠪᠠᠷᠠᠭᠤᠨ ᠬᠤᠰᠢᠭᠤᠨ ᠤ ᠴᠠᠭᠠᠨ ᠮᠦᠷᠡᠨ ᠭᠤᠤᠯ ᠳᠤ ᠤᠷᠤᠰᠬᠠᠯ ᠨᠡᠶᠢᠯᠡᠵᠠᠢ᠃       ᠲᠦᠷᠬᠡᠨ ᠭᠤᠤᠯ᠄ ᡁᠢ ᠷᠦᠢ ᠪᠠᠯᠭᠠᠰᠤ ᠶᠢᠨ ᠬᠠᠷᠢᠶᠠᠨ ᠤ ᠰᠠᠶᠢᠬᠠᠨ ᠬᠠᠶᠢᠷᠬᠠᠨ ᠤ ᠵᠤ ᠶᠢᠨ ᠪᠠᠷᠠᠭᠤᠨ ᠬᠤᠷᠮᠤᠢ ᠠᠴᠠ ᠡᠬᠢ ᠠᠪᠴᠤ᠂ ᠬᠡᠰᠢᠭᠳᠡᠨ ᠪᠤᠯᠤᠨ ᠾᠧᠪᠸᠢ ᠮᠤᠵᠢ ᠶᠢᠨ ᠮᠠᠨᠵᠤ ᠮᠤᠩᠭᠤᠯ ᠦᠨᠳᠤᠰᠤᠳᠠᠨ ᠤ ᠦᠪᠡᠷᠳᠡᠬᠡᠨ ᠵᠠᠰᠠᠬᠤ ᠰᠢᠶᠠᠨ ᠤ ᠬᠢᠯᠢ ᠶᠢᠨ ᠵᠠᠭᠠᠭ ᠢᠶᠠᠷ ᠪᠠᠷᠠᠭᠤᠨ ᠡᠮᠤᠨᠡᠰᠢ ᠤᠷᠤᠰᠴᠤ᠂ ᠤᠯᠠᠭᠠᠨ ᠪᠤᠳᠤᠩ ᠰᠢᠶᠠᠩ ᠤᠨ ᠤᠷᠢᠳᠤ ᠶᠢᠨ ᠲᠠᠯ᠎ᠠ ᠶᠢᠨ ᠵᠡᠬᠦᠨ ᠡᠮᠤᠨ᠎ᠡ ᠠᠴᠠ ᠡᠬᠢ ᠠᠪᠴᠤ ᠪᠠᠶᠢᠭ᠎ᠠ ᠵᠤᠭᠳᠤᠷ ᠤᠨ ᠭᠤᠤᠯ᠂ ᠲᠦᠷᠬᠡᠨ ᠭᠤᠤᠯ ᠳᠤ ᠤᠷᠤᠰᠬᠠᠯ ᠨᠡᠶᠢᠯᠡᠬᠡᠳ ᠰᠢᠯᠢ ᠶᠢᠨ ᠭᠤᠤᠯ ᠠᠶᠢᠮᠠᠭ ᠤᠨ ᠲᠤᠯᠤᠨ ᠨᠠᠭᠤᠷ ᠰᠢᠶᠠᠨ ᠤ ᠬᠢᠯᠢ ᠎ ᠳᠤ ᠤᠷᠤᠵᠠᠢ᠃       ᠪᠠᠭ᠎ᠠ ᠵᠢᠷᠢ ᠶᠢᠨ ᠭᠤᠤᠯ᠄ ᠤᠤᠯ ᠤᠨ ᠪᠠᠶᠠᠩᠭᠤᠤᠯ ᠰᠤᠮᠤᠨ ︵ᠤᠳᠤ ᠪᠠᠶᠠᠨᠴᠠᠭᠠᠨ ᠰᠤᠮᠤᠨ ᠳᠤ ᠨᠡᠶᠢᠯᠡᠬᠦᠯᠵᠠᠢ︶᠎ ᠤ ᠬᠠᠷᠢᠶᠠᠨ ᠤ ᠬᠤᠩᠭᠤ ᠠᠭᠤᠯᠠ ᠨᠢᠷᠤᠭᠤ ᠶᠢᠨ ᠠᠰᠬᠠᠳᠤ ᠶᠢᠨ ᠠᠷᠤ ᠦᠪᠦᠷ ᠠᠴᠠ ᠡᠬᠢ ᠠᠪᠴᠤ᠂ ᠲᠤᠭᠤᠭ᠎ᠠ ᠪᠤᠯᠤᠨ ᠨᠠᠮᠵᠢᠭ᠎ᠠ ᠶᠢᠨ ᠬᠤᠶᠠᠷ ᠭᠤᠤᠯ ᠲᠠᠢ ᠨᠡᠶᠢᠯᠡᠵᠤ ᠪᠠᠶ᠋ᠬᠠᠠᠭᠤᠯᠠ ᠶᠢᠨ ᠭᠤᠤᠯ ᠬᠡᠵᠤ ᠨᠡᠷᠡᠶᠢᠳᠦᠭᠳᠡᠬᠡᠳ᠂ ᠤᠯᠠᠭᠠᠨ ᠡᠷᠬᠢ ᠶᠢᠨ ᠬᠦᠨᠳᠡᠢ ᠪᠠᠷ ᠵᠡᠬᠦᠨ ᠬᠤᠶᠢᠰᠢ ᠤᠷᠤᠰᠴᠤ᠂ ᠤᠤᠯ ᠤᠨ ᠪᠠᠶᠠᠩᠭᠤᠤᠯ ᠰᠤᠮᠤᠨ ᠤ ᠵᠢᠷᠦᠬᠡ ᠶᠢᠨ ᠡᠬᠢᠨ ᠠᠴᠠ ᠡᠬᠢ ᠠᠪᠴᠤ ᠪᠠᠶᠢᠭ᠎ᠠ ᠵᠢᠷᠦᠬᠡ ᠶᠢᠨ ᠭᠤᠤᠯ᠂ ᠪᠠᠶ᠋ᠬᠠᠠᠭᠤᠯᠠ ᠶᠢᠨ ᠭᠤᠤᠯ ᠎ ᠲᠠᠢ ᠤᠷᠤᠰᠬᠠᠯ ᠨᠡᠶᠢᠯᠡᠵᠤ ᠪᠠᠶᠠᠨ ᠭᠤᠤᠯ ︵ᠪᠠᠰᠠ ᠪᠠᠭ᠎ᠠ ᠵᠢᠷᠢ ᠶᠢᠨ ᠭᠤᠤᠯ ᠬᠡᠳᠡᠭ︶ ᠬᠡᠵᠤ ᠨᠡᠷᠡᠶᠢᠳᠦᠭᠳᠡᠬᠡᠳ ᠬᠡᠰᠢᠭᠳᠡᠨ ᠬᠤᠰᠢᠭᠤᠨ ᠤ ᠬᠤᠩᠭᠤᠷ ᠤᠪᠤᠭᠠᠨ ᠤ ᠪᠠᠷᠠᠭᠤᠨ ᠪᠡᠶ᠎ᠡ ᠪᠠᠷ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠬᠢᠯᠢ ᠳᠤ ᠤᠷᠤᠵᠠᠢ᠃       ᠠᠭᠳᠠᠷᠭᠠᠨ ᠭᠤᠤᠯ ︵ᠭᠤᠰᠢᠮᠠᠭ ᠤᠨ ᠭᠤᠤᠯ︶᠄ ᠤᠤᠯ ᠤᠨ ᠪᠠᠶᠠᠩᠭᠤᠤᠯ ᠰᠤᠮᠤᠨ ᠤ ᠬᠠᠷᠢᠶᠠᠨ ᠤ ᠵᠡᠬᠦᠨ ᠶᠡᠭᠡ ᠬᠠᠶᠢᠷᠬᠠᠨ ᠤ ᠪᠠᠷᠠᠭᠤᠨ ᠬᠤᠶᠢᠨᠠᠬᠢ ᠮᠤᠶᠢᠯᠳᠤ ᠠᠴᠠ ᠡᠬᠢ ᠠᠪᠴᠤ ᠪᠠᠶᠢᠭ᠎ᠠ ᠮᠤᠶᠢᠯᠳᠤ ᠶᠢᠨ ᠭᠤᠤᠯ ᠵᠡᠬᠦᠨ ᠬᠤᠶᠢᠰᠢ ᠤᠷᠤᠰᠴᠤ᠂ ᠵᠡᠬᠦᠨ ᠶᠡᠭᠡ ᠬᠠᠶᠢᠷᠬᠠᠨ ᠤ ᠠᠷᠤ ᠶᠢᠨ ᠬᠤᠷᠮᠤᠢ ᠠᠴᠠ ᠡᠬᠢ ᠠᠪᠴᠤ ᠪᠠᠶᠢᠭ᠎ᠠ ᠶᠤ ᠭᠤᠤ ᠎ ᠶᠢᠨ ᠭᠤᠤᠯ᠂ ᠮᠤᠶᠢᠯᠳᠤ ᠶᠢᠨ ᠭᠤᠤᠯ ᠠᠭᠳᠠᠷᠭᠠᠨ ᠨᠠᠭᠤᠷ ︵ᠠᠭᠳᠠ ᠡᠷᠬᠦᠬᠦ ᠨᠠᠭᠤᠷ︶᠎ ᠲᠤ ᠴᠢᠳᠬᠤᠵᠤ᠂ ᠠᠭᠳᠠᠷᠭᠠᠨ ᠨᠠᠭᠤᠷ ᠠᠴᠠ ᠭᠠᠳᠠᠭᠰᠢ ᠤᠷᠤᠰᠴᠤ ᠪᠠᠶᠢᠭ᠎ᠠ ᠠᠭᠳᠠᠷᠭᠠᠨ ᠭᠤᠤᠯ ︵ᠭᠤᠰᠢᠮᠠᠭ ᠤᠨ ᠭᠤᠤᠯ︶ ᠬᠡᠰᠢᠭᠳᠡᠨ ᠬᠤᠰᠢᠭᠤᠨ ᠤ ᠬᠤᠩᠭᠤᠷ ᠤᠪᠤᠭᠠᠨ ᠤ ᠵᠡᠬᠦᠨ ᠪᠡᠶ᠎ᠡ ᠪᠠᠷ ᠤᠷᠤᠰᠤᠨ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠤ ᠬᠢᠯᠢ ᠳᠤ ᠤᠷᠤᠵᠠᠢ᠃       ᠶᠡᠭᠡ ᠵᠢᠷᠢ ᠶᠢᠨ ᠭᠤᠤᠯ᠄ ᠪᠠᠶᠠᠨᠴᠠᠭᠠᠨ ᠰᠤᠮᠤᠨ ᠤ ᠵᠢᠷᠢ ᠶᠢᠨ ᠭᠠᠴᠠᠭ᠎ᠠ ᠶᠢᠨ ᠬᠡᠪᠴᠢᠶᠡᠨ ᠳᠠᠬᠢ ᠬᠤᠩᠭᠤ ᠠᠭᠤᠯᠠ ᠨᠢᠷᠤᠭᠤ ᠶᠢᠨ ᠪᠠᠷᠠᠭᠤᠨ ᠬᠤᠶᠢᠨᠠᠬᠢ ᠬᠤᠷᠮᠤᠢ ᠠᠴᠠ ᠡᠬᠢ ᠤᠷᠤᠰᠬᠠᠯ ᠲᠠᠢ ᠬᠤᠳᠠᠨᠳᠤ ᠶᠢᠨ ᠭᠤᠤᠯ ︵ᠵᠢᠷᠢ ᠶᠢᠨ ᠭᠤᠤᠯ ᠬᠡᠳᠡᠭ︶ ᠵᠢᠷᠢ᠂ ᠡᠩᠬᠡᠷᠪᠤᠯᠠᠭ ᠬᠤᠶᠠᠷ ᠭᠠᠴᠠᠭ᠎ᠠ ᠶᠢ ᠲᠠᠮᠵᠢᠨ ᠵᠡᠬᠦᠨ ᠬᠤᠶᠢᠰᠢ ᠤᠷᠤᠰᠴᠤ᠂ ᠤᠤᠪᠤᠯᠠᠭ ᠭᠠᠴᠠᠭ᠎ᠠ ᠶᠢᠨ ᠬᠡᠪᠴᠢᠶᠡᠨ ᠳᠠᠬᠢ ᠬᠤᠩᠭᠤ ᠠᠭᠤᠯᠠ ᠨᠢᠷᠤᠭᠤ ᠶᠢᠨ ᠲᠠᠯᠠᠢ ᠶᠢᠨ ᠲᠦᠪᠰᠢᠨ ᠠᠴᠠ ᠲᠡᠭᠡᠭᠰᠢ 1832m ᠡᠷᠬᠦᠭᠳᠡᠭᠰᠡᠨ ᠦᠨᠳᠦᠷᠯᠢᠭ ᠤᠨ ᠠᠷᠤ ᠬᠤᠷᠮᠤᠢ ᠠᠴᠠ ᠡᠬᠢ ᠠᠪᠴᠤ ᠪᠠᠶᠢᠭ᠎ᠠ ᠤᠷᠳᠤ ᠪᠤᠯᠠᠭ᠂ ᠨᠠᠷᠢᠨ ᠪᠤᠯᠠᠭ ᠬᠤᠶᠠᠷ ᠨᠡᠶᠢᠯᠡᠵᠤ ᠨᠠᠷᠢᠨ ᠭᠤᠤᠯ ︵ᠪᠠᠰᠠ ᠤᠤᠪᠤᠯᠠᠭ ᠭᠤᠤᠯ ᠬᠡᠳᠡᠭ︶ ᠬᠡᠵᠤ ᠨᠡᠷᠡᠶᠢᠳᠦᠭᠳᠡᠬᠡᠳ᠂ ᠮᠦᠬᠦᠴᠢᠨ ᠤ ᠤᠪᠤᠬᠠᠢ ᠬᠡᠬᠦ ᠭᠠᠵᠠᠷ ᠠᠴᠠ ᠡᠬᠢ ᠠᠪᠴᠤ ᠪᠠᠶᠢᠭ᠎ᠠ ᠬᠠᠶᠢᠯᠠᠰᠤᠳᠤ ᠶᠢᠨ ᠪᠤᠯᠠᠭ᠂ ᠬᠤᠩᠭᠤ ᠠᠭᠤᠯᠠ ᠨᠢᠷᠤᠭᠤ ᠠᠴᠠ ᠤᠰᠤᠳᠤ ᠠᠴᠠ ᠡᠬᠢ ᠠᠪᠴᠤ ᠪᠠᠶᠢᠭ᠎ᠠ ᠪᠠᠶᠠᠨᠪᠤᠯᠠᠭ᠂ ᠡᠨᠡ ᠬᠤᠶᠠᠷ ᠪᠤᠯᠠᠭ ᠪᠠᠷᠠᠭᠤᠨ ᠬᠤᠶᠢᠰᠢ ᠤᠷᠤᠰᠴᠤ᠂ ᠨᠠᠷᠢᠨ ᠭᠤᠤᠯ ᠭᠤᠷᠪᠠ ᠨᠢ ᠶᠡᠭᠡ ᠵᠢᠷᠢ ᠶᠢᠨ ᠭᠤᠤᠯ ᠳᠤ ᠤᠷᠤᠰᠬᠠᠯ ᠨᠡᠶᠢᠯᠡᠵᠤ᠂ ᠤᠤᠳᠤᠬᠤᠢ ᠶᠢᠨ ᠭᠤᠤᠯ ᠬᠡᠵᠤ ᠨᠡᠷᠡᠶᠢᠳᠦᠭᠳᠡᠬᠡᠳ ᠤᠤᠯ ᠤᠨ ᠪᠠᠶᠠᠩᠭᠤᠤᠯ ᠰᠤᠮᠤᠨ ᠤ ᠬᠦᠬᠡᠰᠢᠯᠢ᠂ ᠤᠤᠳᠤᠬᠤᠢ ᠬᠤᠶᠠᠷ ᠭᠠᠴᠠᠭ᠎ᠠ ᠎ ᠶᠢ ᠲᠠᠮᠵᠢᠨ ᠵᠡᠬᠦᠨ ᠬᠤᠶᠢᠰᠢ ᠤᠷᠤᠰᠴᠤ ᠬᠡᠰᠢᠭᠳᠡᠨ ᠬᠤᠰᠢᠭᠤᠨ ᠤ ᠪᠡᠬᠡᠵᠢᠩ ᠲᠤᠪᠤᠭ ᠤᠨ ᠪᠠᠷᠠᠭᠤᠨ ᠪᠡᠶ᠎ᠡ ᠪᠠᠷ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤᠨ ᠳᠤ ᠤᠷᠤᠵᠠᠢ᠃       ᠰᠢᠯᠢ ᠶᠢᠨ ᠭᠤᠤᠯ᠄ ᠪᠠᠶᠠᠨᠴᠠᠭᠠᠨ ᠰᠤᠮᠤᠨ ᠤ ᠵᠢᠷᠢ ᠶᠢᠨ ᠭᠠᠴᠠᠭ᠎ᠠ ᠶᠢᠨ ᠪᠦᠬᠡ ᠶᠢᠨ ᠲᠤᠯᠤᠭᠠᠢ ︵ᠪᠠᠰᠠ ᠪᠤᠬ᠎ᠠ ᠶᠢᠨ ᠲᠤᠯᠤᠭᠠᠢ ᠬᠡᠳᠡᠭ︶ ᠠᠭᠤᠯᠠ ᠶᠢᠨ ᠡᠮᠤᠨᠡᠬᠢ ᠤᠯᠠᠨ ᠨᠠᠭᠤᠷ ᠠᠴᠠ ᠡᠬᠢ ᠠᠪᠴᠤ᠂ ᠪᠠᠷᠠᠭᠤᠨ ᠬᠤᠶᠢᠰᠢ ᠤᠷᠤᠰᠴᠤ᠂ ᠪᠠᠶᠠᠨᠴᠠᠭᠠᠨ ᠰᠤᠮᠤᠨ ᠤ ᠬᠠᠳᠠᠨᠪᠤᠯᠠᠭ ᠭᠠᠴᠠᠭ᠎ᠠ ᠶᠢᠨ ᠬᠤᠰᠤᠳᠠᠢ ᠶᠢᠨ ᠡᠬᠢᠨ ᠠᠴᠠ ᠡᠬᠢ ᠠᠪᠴᠤ ᠪᠠᠶᠢᠭ᠎ᠠ ᠬᠤᠰᠤᠳᠠᠢ ᠶᠢᠨ ᠭᠤᠤᠯ ᠪᠠ ᠬᠠᠳᠠᠨ ᠪᠤᠯᠠᠭ ᠤᠨ ᠤᠷᠤᠰᠬᠠᠯ ᠤᠮᠠᠷ᠎ᠠ ᠠᠴᠠ ᠰᠢᠯᠢ ᠶᠢᠨ ᠭᠤᠤᠯ ᠲᠠᠢ ᠤᠷᠤᠰᠬᠠᠯ ᠨᠡᠶᠢᠯᠡᠵᠤ᠂ ᠬᠠᠳᠠᠨᠪᠤᠯᠠᠭ ᠭᠠᠴᠠᠭ᠎ᠠ ᠪᠠ ᠲᠠᠯᠠᠢ ᠨᠠᠭᠤᠷ ᠰᠤᠮᠤᠨ ᠤ ᠲᠠᠷᠢᠶᠠᠬᠤᠸᠠ ᠭᠠᠴᠠᠭ᠎ᠠ ᠶᠢᠨ ᠲᠤᠮᠳᠠᠭᠤᠷ ᠤᠷᠤᠰᠴᠤ ᠪᠠᠶᠢᠭᠠᠳ᠂ ᠰᠢᠯᠢ ᠶᠢᠨ ᠭᠤᠤᠯ ᠠᠶᠢᠮᠠᠭ ᠤᠨ ᠪᠠᠶᠠᠨᠰᠢᠯᠢ ᠮᠠᠯᠵᠢᠬᠤ ᠲᠠᠯᠠᠪᠠᠢ ᠶᠢᠨ ᠶᠡᠭᠡ ᠠᠭᠤᠯᠠ ᠶᠢᠨ ᠵᠡᠬᠦᠨᠳᠡᠬᠢ ᠬᠡᠰᠢᠭᠳᠡᠨ ᠤ ᠬᠤᠸᠠ ᠬᠤᠰᠢᠭᠤ ᠶᠢᠨ ᠪᠠᠷᠠᠭᠤᠨ ᠢᠶᠠᠷ ᠰᠢᠯᠢ ᠶᠢᠨ ᠭᠤᠤᠯ ᠠᠶᠢᠮᠠᠭ ᠤᠨ ᠠᠪᠠᠭᠠᠨᠠᠷ ᠬᠤᠰᠢᠭᠤᠨ ᠳᠤ ᠤᠷᠤᠵᠠᠢ᠃
 
ᠢᠷᠡᠯᠲᠡ᠄ ︽ᠬᠡᠰᠢᠭᠳᠡᠨ ᠤ ᠡᠷᠳᠡᠨ ᠡᠳᠦᠬᠡ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号