ᠭᠠᠷ ᠤᠳᠠᠰᠤᠨ ᠳᠤ ᠨᠠᠶᠢᠳᠠᠮᠠᠳᠠᠭᠠᠢ ᠭᠡᠮ ᠤᠨ 15 ᠲᠤᠬᠢᠶ᠎ᠠ ᠲᠡᠮᠳᠡᠭ
ᠨᠡᠶᠢᠲᠡᠯᠡᠭᠰᠡᠨ ᠴᠠᠭ᠄
2014/5/11
      ᠰᠤᠳᠤᠯᠭᠠᠨ ᠠᠴᠠ ᠦᠵᠡᠪᠡᠯ᠂ ᠠᠮᠧᠷᠢᠺᠠᠴᠤᠳ ᠤᠨ ᠡᠳᠦᠷ ᠪᠦᠷᠢ ᠤᠶᠤᠯᠢᠭ ᠭᠠᠷ ᠤᠲᠠᠰᠦ ᠬᠡᠷᠡᠭᠯᠡᠬᠦ ᠲᠤᠮᠳᠠᠴᠢ ᠴᠠᠭ ᠨᠢ 5 ᠴᠠᠭ ᠠᠴᠠ ᠲᠡᠭᠡᠭᠰᠢ ᠪᠠᠶᠢᠳᠠᠭ ᠭᠡᠨ᠎ᠡ᠃ ᠭᠠᠷ ᠤᠲᠠᠰᠦ ᠬᠡᠷᠡᠭᠯᠡᠬᠦ ᠰᠢᠨᠤᠯ ᠲᠠᠢ ᠪᠤᠯᠪᠠᠯ ᠡᠷᠡᠭᠦᠯ ᠮᠡᠨᠳᠦ ᠳᠤ ᠬᠤᠤᠷ ᠬᠦᠨᠦᠭᠡᠯ ᠪᠤᠯᠤᠨ᠎ᠠ᠃ ᠡᠭᠦᠨ ᠤ ᠲᠤᠯᠠᠳᠠ᠂ ᠠᠮᠧᠷᠢᠺᠠ ᠶᠢᠨ ︽ᠾᠧᠹᠧᠨᠳᠤᠨ ᠰᠢᠤᠳᠠᠨ ᠰᠤᠨᠢᠨ︾ ᠲᠦᠷᠦᠭᠦᠭᠡᠨ ᠵᠤᠬᠢᠶᠠᠯ ᠨᠡᠶᠢᠲᠡᠯᠡᠵᠦ᠂ ︽ᠭᠠᠷ ᠤᠳᠠᠰᠤᠨ ᠳᠤ ᠨᠠᠶᠢᠳᠠᠮᠠᠳᠠᠭᠠᠢ ᠭᠡᠮ ᠤᠨ 15 ᠲᠤᠬᠢᠶ᠎ᠠ ᠲᠡᠮᠳᠡᠭ︾᠎ ᠢ ᠵᠢᠭᠰᠠᠭᠠᠵᠠᠢ᠂ ᠲᠠᠨ ᠤ ᠪᠡᠶ᠎ᠡ ᠲᠡᠭᠡᠷ᠎ᠡ ᠡᠳᠡᠭᠡᠷ ᠤᠨ ᠬᠠᠭᠠᠰ ᠠᠴᠠ ᠲᠡᠭᠡᠭᠰᠢ ᠭᠡᠮ ᠪᠠᠶᠢᠪᠠᠯ ᠭᠠᠷ ᠤᠲᠠᠰᠤᠨ ᠳᠤ ᠰᠢᠨᠤᠯ ᠲᠠᠢ ᠪᠤᠯᠤᠭᠰᠠᠨ ᠲᠠᠯᠳᠠ ᠭᠡᠮ ᠲᠠᠢ ᠪᠠᠶᠢᠬᠤ ᠨᠢ ᠲᠡᠷᠡ ᠡ᠃       1. ᠬᠠᠷᠠᠭ᠎ᠠ ᠪᠠᠯᠠᠷᠬᠠᠢᠢᠰᠢᠬᠤ᠃ ᠤᠳᠠᠭᠠᠨ ᠴᠠᠭ ᠢᠶᠠᠷ ᠭᠠᠷ ᠤᠲᠠᠰᠤᠨ ᠤ ᠬᠦᠰᠢᠭᠡ ᠶᠢ ᠱᠠᠭᠠᠢᠢᠭᠠᠳ ᠪᠠᠶᠢᠪᠠᠯ ᠠᠮᠠᠷᠬᠠᠨ ᠬᠠᠷᠠᠭ᠎ᠠ ᠪᠠᠯᠠᠷᠬᠠᠢᠢᠰᠢᠬᠤ ᠪᠠ ᠨᠢᠲᠦ ᠬᠠᠭᠤᠷᠠᠶᠢᠰᠢᠬᠤ ᠭᠡᠮ ᠲᠠᠢ ᠪᠤᠯᠤᠨ᠎ᠠ᠃       2. ᠠᠮᠤᠷ ᠲᠦᠪᠰᠢᠨ ᠰᠠᠨᠠᠭᠳᠠᠬᠤ ᠦᠭᠡᠢ᠃ ᠭᠠᠷ ᠤᠲᠠᠰᠦ ᠪᠠᠨ ᠠᠪᠤᠭᠰᠠᠨ ᠦᠭᠡᠢ ᠪᠤᠯ ᠶᠠᠭᠤ ᠬᠢᠬᠦ ᠤᠬᠠᠭᠠᠨ ᠲᠦᠬᠦᠭᠡ ᠪᠠᠨ ᠤᠯᠳᠠᠬᠤ ᠦᠭᠡᠢ ᠠᠶᠢᠳᠠᠰ ᠬᠦᠷᠦᠨ᠎ᠡ᠃       3. ᠪᠠᠶᠢᠨ ᠲᠠᠬᠢᠨ ᠤᠬᠤᠷ ᠴᠢᠮᠡᠭᠡ ᠶᠠᠪᠤᠭᠤᠯᠬᠤ᠃ ᠠᠵᠢᠯᠯᠠᠵᠦ ᠪᠠᠶᠢᠭᠰᠠᠨ ᠴᠤ ᠲᠡᠷᠡ᠂ ᠠᠮᠠᠷᠠᠵᠦ ᠪᠠᠶᠢᠭᠰᠠᠨ ᠴᠤ ᠲᠡᠷᠡ᠂ ᠲᠠᠩᠳᠠ ᠭᠠᠷ ᠤᠲᠠᠰᠦ ᠪᠠᠷ ᠢᠶᠠᠨ ᠡᠯᠧᠺᠲᠷᠤᠨ ᠰᠢᠤᠳᠠᠨ ᠤ ᠵᠦᠢᠯ ᠪᠤᠶᠤ ᠤᠬᠤᠷ ᠴᠢᠮᠡᠭᠡ ᠶᠠᠪᠤᠭᠤᠯᠬᠤ ᠲᠤᠷᠠᠲᠠᠢ᠂ ᠴᠢᠨᠠᠭᠰᠢᠯᠠᠪᠠᠯ ᠬᠠᠵᠠᠭᠤᠳᠠᠬᠢ ᠬᠦᠮᠦᠨ ᠳᠡᠭᠡᠨ ᠪᠠᠰᠠ ᠶᠠᠪᠤᠭᠤᠯᠳᠠᠭ᠃       4. ᠲᠤᠯᠤᠭᠠᠢ ᠡᠪᠡᠳᠬᠦ᠃ ᠤᠳᠠᠭᠠᠨ ᠴᠠᠭ ᠢᠶᠠᠷ ᠭᠠᠷ ᠤᠲᠠᠰᠦ ᠬᠡᠷᠡᠭᠯᠡᠪᠡᠯ ᠲᠤᠯᠤᠭᠠᠢ ᠡᠪᠡᠳᠬᠦ᠂ ᠶᠠᠳᠠᠷᠠᠵᠦ ᠲᠠᠮᠢᠷᠳᠠᠬᠤ᠂ ᠴᠢᠨᠠᠭᠰᠢᠯᠠᠪᠠᠯ ︽ᠵᠦᠨᠦᠭᠰᠢᠬᠦ︾ ︵ᠲᠦᠷ ᠴᠠᠭ ᠪᠠᠶᠢᠳᠠᠭ ᠢᠶᠠᠨ ᠮᠠᠷᠲᠠᠬᠤ︶ ᠪᠠᠶᠢᠳᠠᠯ ᠭᠠᠷᠤᠨ᠎ᠠ᠃       5. ᠵᠦᠭ ᠴᠢᠭ ᠢᠶᠠᠨ ᠰᠠᠶᠢᠨ ᠮᠡᠳᠡᠬᠦ ᠦᠭᠡᠢ ᠪᠤᠯᠬᠤ᠃ ᠬᠠᠮᠢᠭ᠎ᠠ ᠬᠦᠷᠦᠭᠰᠡᠨ ᠴᠤ ᠭᠠᠵᠠᠷ ᠤᠨ ᠵᠢᠷᠤᠭ ᠎ ᠤᠨ ᠪᠠᠶᠢᠷᠢ ᠲᠤᠭᠲᠠᠭᠠᠯᠲᠠ ᠠᠴᠠ ᠰᠠᠯᠵᠦ ᠴᠢᠳᠠᠬᠤ ᠦᠭᠡᠢ᠂ ᠵᠠᠮ ᠮᠦᠷ ᠢ ᠴᠡᠭᠡᠵᠢᠯᠠᠬᠦ ᠦᠭᠡᠢ ᠪᠤᠯᠤᠨ᠎ᠠ᠃       6. ᠭᠠᠷ ᠤᠲᠠᠰᠦ ᠪᠠᠨ ᠲᠡᠷ᠎ᠡ ᠶᠢᠨ ᠢᠶᠠᠨ ᠲᠡᠷᠭᠡᠳᠡ ᠲᠠᠯᠪᠢᠬᠤ᠃ ᠵᠠᠷᠢᠮ ᠬᠦᠮᠦᠰ ᠭᠠᠷ ᠤᠲᠠᠰᠦ ᠪᠠᠨ ᠪᠡᠶ᠎ᠡ ᠠᠴᠠ ᠪᠠᠨ ᠰᠠᠯᠭᠠᠬᠤ ᠦᠭᠡᠢ᠂ ᠰᠦᠨᠢ ᠤᠨᠳᠠᠬᠤ ᠳᠠᠭᠠᠨ ᠴᠤ ᠲᠡᠷ᠎ᠡ ᠶᠢᠨ ᠢᠶᠠᠨ ᠲᠡᠷᠭᠡᠳᠡ ᠲᠠᠯᠪᠢᠳᠠᠭ᠃ ᠰᠤᠳᠤᠯᠭᠠᠨ ᠠᠴᠠ ᠦᠵᠡᠪᠡᠯ᠂ ᠭᠠᠷ ᠤᠲᠠᠰᠦ ᠪᠠᠨ ᠪᠡᠶ᠎ᠡ ᠠᠴᠠ ᠪᠠᠨ ᠲᠡᠩᠳᠡᠭᠦᠦ ᠤᠢᠢᠷᠠᠬᠠᠨ ᠪᠠᠶᠢᠯᠭᠠᠪᠠᠯ ᠠᠮᠠᠷᠬᠠᠨ ᠤᠨᠳᠠᠵᠦ ᠲᠡᠶᠢᠯᠬᠦ ᠦᠭᠡᠢ ᠪᠤᠯᠵᠦ᠂ ᠤᠨᠲᠠᠬᠤ ᠶᠠᠰᠦ ᠴᠢᠨᠠᠷ ᠢ ᠨᠦᠯᠦᠭᠡᠯᠡᠨ᠎ᠡ᠃       7 ᠭᠠᠷ ᠤᠲᠠᠰᠤᠨ ᠤ ᠲᠤᠷᠭᠢᠬᠤ ᠲᠠᠭᠤᠨ ᠲᠠᠩᠳᠠ ᠰᠤᠨᠤᠰᠳᠠᠬᠤ᠃ ᠭᠠᠷ ᠤᠲᠠᠰᠦ ᠨᠢ ᠲᠠᠭᠤ ᠭᠠᠷᠤᠭᠰᠠᠨ ᠦᠭᠡᠢ᠂ ᠴᠢᠨᠠᠭᠰᠢᠯᠠᠪᠠᠯ ᠭᠠᠷ ᠤᠲᠠᠰᠦ ᠪᠠᠨ ᠪᠡᠶ᠎ᠡ ᠳᠡᠭᠡᠨ ᠠᠪᠤᠭᠰᠠᠨ ᠦᠭᠡᠢ ᠠᠲᠠᠯ᠎ᠠ ᠭᠠᠷ ᠤᠲᠠᠰᠦ ᠨᠢ ᠲᠤᠤᠭᠠᠷᠴᠤ ᠪᠠᠶᠢᠬᠤ ᠪᠤᠶᠤ ᠲᠤᠷᠭᠢᠵᠦ ᠪᠠᠶᠢᠬᠤ ᠮᠡᠲᠦ ᠰᠠᠨᠠᠭᠳᠠᠳᠠᠭ᠂ ᠡᠨᠡ ᠨᠢ ᠭᠠᠷ ᠤᠲᠠᠰᠤᠨ ᠳᠤ ᠰᠢᠨᠦᠵᠦ ᠰᠤᠭᠲᠤᠭᠤᠷᠠᠭᠠᠳ ᠬᠡᠢ ᠰᠡᠷᠡᠯ ᠭᠠᠷᠴᠤ ᠪᠠᠶᠢᠬᠤ ᠨᠢ ᠲᠡᠷᠡ᠃       8. ᠵᠤᠷᠯᠤᠩ ᠳᠤ ᠴᠤ ᠭᠠᠷ ᠤᠲᠠᠰᠦ ᠪᠠᠨ ᠠᠪᠴᠤ ᠤᠷᠤᠬᠤ᠃ ᠵᠤᠷᠯᠤᠩ ᠳᠤ ᠤᠷᠤᠭᠰᠠᠨ ᠴᠤ ᠲᠡᠷᠡ᠂ ᠬᠤᠨᠤᠬᠤ ᠦᠷᠦᠭᠡ ᠳᠡᠭᠡᠨ ᠤᠷᠤᠭᠰᠠᠨ ᠴᠤ ᠲᠡᠷᠡ᠂ ᠡᠳᠦᠷᠵᠢᠨ ᠰᠦᠨᠢᠵᠢᠨ ᠭᠠᠷ ᠤᠲᠠᠰᠦ ᠪᠠᠨ ᠪᠡᠶ᠎ᠡ ᠠᠴᠠ ᠪᠠᠨ ᠰᠠᠯᠭᠠᠬᠤ ᠦᠭᠡᠢ᠃ ᠵᠤᠷᠯᠤᠩ ᠳᠤ ᠴᠤ ᠭᠠᠷ ᠤᠲᠠᠰᠦ ᠪᠠᠨ ᠠᠪᠴᠤ ᠤᠷᠤᠬᠤ ᠨᠢ ᠲᠦᠢᠯ ᠤᠨ ᠠᠷᠢᠭᠤᠨ ᠴᠡᠪᠡᠷ ᠪᠤᠰᠤ ᠪᠠᠶᠢᠳᠠᠭ᠃       9. ᠡᠷᠡᠬᠡᠢ ᠬᠤᠷᠤᠭᠤ ᠶᠢᠨ ᠠᠷᠬᠠᠭ ᠲᠠᠢ ᠪᠤᠯᠬᠤ᠃ ᠤᠳᠠᠭᠠᠨ ᠴᠠᠭ ᠢᠶᠠᠷ ᠭᠠᠷ ᠤᠲᠠᠰᠤ ᠪᠠᠷ ᠰᠦᠯᠵᠢᠶᠡᠨ ᠳᠡᠭᠡᠷ᠎ᠡ ᠭᠠᠷᠬᠤ ᠪᠤᠶᠤ ᠤᠬᠤᠷ ᠴᠢᠮᠡᠭᠡ ᠶᠠᠪᠤᠭᠤᠯᠤᠭᠠᠳ ᠪᠠᠶᠢᠪᠠᠯ ᠬᠤᠷᠤᠭᠤᠨ ᠤ ᠦᠵᠦᠭᠦᠷ ᠮᠢᠨᠴᠦᠭᠦᠷᠡᠨ ᠡᠪᠡᠳᠤᠨ᠎ᠠ᠃ ᠠᠨᠠᠭᠠᠬᠤ ᠤᠬᠠᠭᠠᠨ ᠳᠡᠭᠡᠷ᠎ᠡ ᠡᠭᠦᠨ ᠢ ᠡᠷᠡᠬᠡᠢ ᠬᠤᠷᠤᠭᠤᠨ ᠤ ᠰᠢᠷᠪᠤᠰᠤᠨ ᠲᠤᠭᠲᠤᠢ ᠶᠢᠨ ᠦᠷᠪᠢᠰᠦᠯ ᠭᠡᠳᠡᠭ᠃       10. ᠠᠮᠲᠠᠲᠦ ᠢᠳᠡᠭᠡᠨ ᠢᠳᠡᠭᠰᠡᠨ ᠢᠶᠠᠨ ᠰᠡᠭᠦᠳᠡᠷᠯᠡᠬᠦ᠃ ᠬᠤᠭᠤᠯᠠ ᠢᠳᠡᠬᠦ ᠠᠴᠠ ᠪᠠᠨ ᠡᠮᠤᠨ᠎ᠡ ᠵᠠᠪᠠᠯ ᠰᠦᠯᠵᠢᠶᠡᠨ ᠳᠡᠭᠡᠷ᠎ᠡ ᠰᠠᠶᠢᠨ ᠨᠠᠶᠢᠵᠢ ᠲᠠᠢ ᠪᠠᠨ ᠠᠮᠲᠠᠲᠦ ᠬᠤᠭᠤᠯᠠ ᠢᠳᠡᠭᠰᠡᠨ ᠢᠶᠠᠨ ᠰᠡᠭᠦᠳᠡᠷᠯᠡᠳᠡᠭ᠃       11. ᠬᠠᠷᠠᠴᠠ ᠪᠠᠷ ᠢᠶᠠᠨ ᠰᠠᠨᠠᠭ᠎ᠠ ᠪᠠᠨ ᠮᠡᠳᠡᠯᠴᠡᠬᠦ ᠲᠤᠷ᠎ᠠ ᠦᠭᠡᠢ᠃ ᠲᠠᠩᠳᠠ ᠭᠠᠷ ᠤᠲᠠᠰᠦ ᠬᠡᠷᠡᠭᠯᠡᠳᠡᠭ ᠎ ᠠᠴᠠ ᠪᠤᠯᠵᠦ ᠬᠦᠮᠦᠨ ᠬᠦᠮᠦᠨ ᠤ ᠬᠤᠭᠤᠷᠤᠨᠳᠤᠬᠢ ᠬᠠᠷᠠᠴᠠ ᠤᠴᠠᠷᠠᠯᠳᠤᠬᠤ ᠲᠤᠬᠢᠶᠠᠯ ᠪᠠᠭᠠᠰᠴᠤ᠂ ᠴᠢᠨᠠᠭᠰᠢᠯᠠᠪᠠᠯ ᠪᠤᠰᠤᠳ ᠲᠠᠢ ᠬᠠᠷᠠᠴᠠ ᠮᠦᠷᠭᠦᠯᠳᠦᠬᠦ ᠦᠶ᠎ᠡ ᠳᠤ ᠡᠪ ᠦᠭᠡᠢ ᠤᠷᠬᠢᠳᠠᠭ᠃       12. ᠲᠤᠲᠤᠨᠤ ᠨᠠᠶᠢᠵᠢ ᠲᠠᠢ ᠪᠠᠨ ᠴᠤᠭᠯᠠᠷᠠᠨ ᠰᠠᠭᠤᠬᠤ ᠤᠳᠠᠭ᠎ᠠ ᠴᠦᠬᠡᠷᠡᠬᠦ᠃ ᠲᠤᠲᠤᠨᠤ ᠨᠠᠶᠢᠵᠢ ᠲᠠᠢ ᠎ ᠪᠠᠨ ᠭᠤᠷᠪᠠᠨ ᠰᠠᠷ᠎ᠠ ᠵᠤᠭᠤᠭᠳᠠᠭᠰᠠᠨ ᠦᠭᠡᠢ᠂ ᠨᠡᠶᠢᠭᠡᠮ ᠤᠨ ᠬᠠᠷᠢᠯᠴᠠᠭᠠᠨ ᠤ ᠰᠦᠯᠵᠢᠶᠡᠨ ᠳᠡᠭᠡᠷ᠎ᠡ ᠯᠡ ᠨᠢᠭᠡ ᠨᠢᠭᠡᠨ ᠤ ᠪᠠᠨ ᠪᠠᠶᠢᠳᠠᠯ ᠢ ᠤᠢᠢᠯᠠᠭᠠᠳᠠᠭ᠃       13. ᠤᠲᠠᠰᠤᠨ ᠤ ᠨᠤᠮᠧᠷ ᠢᠶᠠᠨ ᠴᠡᠭᠡᠵᠢᠯᠡᠵᠦ ᠲᠡᠶᠢᠯᠬᠦ ᠦᠬᠡᠢ᠃ ᠤᠲᠠᠰᠤᠨ ᠤ ᠨᠤᠮᠧᠷ ᠢ ᠲᠠᠩᠳᠠ ᠭᠠᠷ ᠤᠲᠠᠰᠤᠨ ᠳᠤ ᠬᠠᠳᠠᠭᠠᠯᠠᠭᠠᠳ ᠪᠠᠶᠢᠳᠠᠭ ᠪᠤᠯᠬᠤᠷ ᠭᠠᠷ ᠤᠨ ᠤᠲᠠᠰᠦ ᠴᠠᠬᠢᠯᠭᠠᠨ ᠦᠭᠡᠢ ᠪᠤᠶᠤ ᠪᠡᠶ᠎ᠡ ᠳᠡᠭᠡᠨ ᠦᠭᠡᠢ ᠦᠶ᠎ᠡ ᠳᠤ᠂ ᠤᠲᠠᠰᠤᠨ ᠤ ᠨᠤᠮᠧᠷ ᠢ ᠪᠦᠷ ᠮᠡᠳᠡᠬᠦ ᠦᠭᠡᠢ ᠪᠤᠯᠳᠠᠭ᠃       14. ᠠᠯᠬᠤᠨ ᠶᠠᠪᠤᠵᠦ ᠪᠠᠶᠢᠭᠠᠳ ᠴᠤ ᠭᠠᠷ ᠤᠲᠠᠰᠦ ᠪᠠᠷ ᠢᠶᠠᠨ ᠨᠠᠭᠠᠳᠬᠤ᠃ ᠭᠠᠷ ᠤᠲᠠᠰᠦ ᠪᠠᠨ ᠤᠷᠤᠯᠳᠤᠬᠤ ᠶᠢᠨ ᠲᠠᠭᠠᠤ ᠲᠡᠷᠭᠡ ᠵᠢᠯᠤᠭᠤᠳᠬᠤ᠂ ᠠᠵᠢᠯᠯᠠᠬᠤ ᠪᠤᠶᠤ ᠠᠯᠬᠤᠨ ᠶᠠᠪᠤᠬᠤ ᠵᠡᠷᠭᠡ ᠨᠢ ᠲᠡᠷᠭᠡᠳᠡᠬᠢ ᠬᠡᠷᠡᠭ ᠪᠤᠳᠠᠰ ᠢ ᠲᠤᠩ ᠠᠮᠠᠷᠬᠠᠨ ᠤᠮᠳᠤᠭᠠᠢᠢᠯᠠᠬᠤ ᠲᠤᠯᠠ ᠰᠠᠨᠠᠮᠰᠠᠷ ᠦᠭᠡᠢ ᠬᠡᠷᠡᠭ ᠪᠤᠶᠤ ᠴᠢᠨᠠᠭᠰᠢᠯᠠᠪᠠᠯ ᠠᠮᠢ ᠨᠠᠰᠤᠨ ᠤ ᠠᠶᠤᠯ ᠭᠠᠷᠤᠨ᠎ᠠ᠃       15. ᠨᠢᠷᠤᠭᠤ ᠪᠦᠭᠲᠦᠷ ᠪᠤᠯᠬᠤ᠃ ᠤᠷᠲᠦ ᠴᠠᠭ ᠢᠶᠠᠷ ᠭᠠᠷ ᠤᠲᠠᠰᠦ ᠬᠡᠷᠡᠭᠯᠡᠬᠦ ᠮᠠᠭᠤ ᠲᠠᠳᠬᠠᠯ ᠠᠴᠠ ᠪᠤᠯᠵᠦ ᠨᠢᠷᠤᠭᠤ ᠪᠦᠭᠲᠦᠷ ᠵᠡᠷᠭᠡ ᠮᠠᠭᠤ ᠬᠡᠪ ᠪᠠᠶᠢᠳᠠᠯ ᠭᠠᠷᠤᠨ᠎ᠠ᠃
 
ᠢᠷᠡᠯᠲᠡ᠄ ︽ᠰᠢᠨᠵᠢᠯᠡᠬᠦ ᠤᠬᠠᠭᠠᠨ ᠠᠮᠢᠳᠤᠷᠠᠯ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号