| | | | | | | ᠡᠷᠳᠡᠮᠳᠡᠨ ᠪᠤ · ᠫᠧᠷᠯᠠᠢ ᠭᠤᠸᠠᠢ ᠲᠡᠭᠦᠨ ᠤ ᠤᠢᠢᠷ᠎ᠠ ᠳᠤ ᠬᠡᠪᠯᠡᠭᠦᠯᠦᠭᠰᠡᠨ ︽ | ᠮᠤᠩᠭᠤᠯᠴᠤᠳ ᠤᠨ ᠤᠶᠤᠨ ᠤ ᠰᠤᠶᠤᠯ︾ ᠭᠡᠭᠦ ᠨᠤᠮ ᠤᠨ ᠢᠶᠠᠨ ︽ᠮᠤᠩᠭᠤᠯ ᠪᠦᠬᠡ ᠶᠢᠨ ᠱᠠᠰᠢᠨ ᠤ ᠡᠭᠦᠰᠦᠯ | ᠲᠤᠭᠳᠠᠯᠴᠠᠭ᠎ᠠ ᠶᠢᠨ ᠲᠤᠬᠠᠢ ᠬᠠᠶᠢᠯᠳᠠ ᠮᠦᠷᠳᠡᠯᠬᠡ︾ ᠭᠡᠭᠦ ᠪᠦᠯᠦᠭ ᠲᠡᠭᠡᠨ ᠬᠠᠭᠤᠴᠢ ᠰᠤᠳᠤᠯᠤᠯ ᠤᠨ | ᠮᠠᠲ᠋ᠧᠷᠢᠶᠠᠯ᠂ ᠬᠠᠳᠠᠨ ᠵᠢᠷᠤᠭ ᠤᠨ ᠮᠠᠲ᠋ᠧᠷᠢᠶᠠᠯ᠂ ᠨᠠᠩ ᠮᠠᠩᠭᠤᠳ ᠤᠨ ᠭᠤᠤᠯ ᠤᠨ ᠤᠰᠤᠨ ᠲᠦᠷᠦᠭᠦᠦ ᠶᠢᠨ | ᠰᠢᠯᠢ ︵牛河梁︶ ᠶᠢᠨ ᠤᠯᠠᠭᠠᠨ ᠬᠠᠳᠠ ᠰᠤᠶᠤᠯ ᠤᠨ ᠪᠦᠬᠡ ᠶᠢᠨ ᠪᠤᠯᠠᠰᠢ ᠶᠢᠨ ᠰᠦᠷᠦᠭ᠂ | ᠲᠠᠬᠢᠯ ᠤᠨ ᠮᠠᠨᠳᠠᠯ᠂ ᠮᠠᠩᠭᠠᠷ ᠬᠠᠳᠤᠨ ᠦᠭᠦᠢ ᠪᠤᠭᠤᠷᠤᠯ ᠡᠵᠢ ᠶᠢᠨ ᠰᠦᠮ᠎ᠠ ᠶᠢᠨ ᠪᠠᠭᠤᠷᠢ ᠵᠡᠷᠬᠡ ᠡᠯᠪᠡᠭ | ᠪᠡᠶᠠᠯᠢᠭ ᠬᠠᠭᠤᠴᠢ ᠰᠤᠳᠤᠯᠤᠯ ᠤᠨ ᠮᠠᠲ᠋ᠧᠷᠢᠶᠠᠯ ᠤᠨ ᠰᠠᠭᠤᠷᠢᠨ ᠳᠡᠭᠡᠷ᠎ᠠ ᠠᠴᠠ ᠭᠠᠷ ᠤᠷᠤᠵᠤ᠂ ᠮᠤᠩᠭᠤᠯ ᠤᠨ | ᠦᠨᠳᠦᠷᠯᠢᠭ ᠬᠢᠬᠡᠳ ᠦᠪᠦᠷ ᠪᠠᠶᠢᠭᠠᠯ ᠤᠷᠤᠨ ᠤ ᠤᠵᠠᠭᠤᠷ ᠢᠷᠭᠡᠳ ᠤᠨ ᠭᠦᠮᠦᠨ ᠠᠮᠢᠳᠡᠨ ᠤ ᠰᠦᠨᠠᠰᠦᠨ ᠤ | ᠲᠤᠬᠠᠢ ᠦᠪᠡᠷᠮᠢᠴᠡ ᠤᠢᠢᠯᠠᠭᠠᠯᠳᠠ ᠶᠢ ᠬᠠᠶᠢᠵᠦ ᠮᠦᠷᠳᠡᠵᠦ ᠭᠠᠷᠭᠠᠭᠰᠠᠨ ᠪᠠᠶᠢᠨ᠎ᠠ᠃ | ᠡᠨᠡ ᠬᠠᠶᠢᠯᠳᠠ ᠶᠢᠨ ᠲᠤᠮᠳᠠ ᠠᠴᠠ ᠤᠯᠠᠭᠠᠨ ᠬᠠᠳᠠ ᠰᠤᠶᠤᠯ ᠤᠨ ᠪᠦᠬᠡ ᠶᠢᠨ ᠪᠤᠯᠠᠰᠢᠨ ᠳᠤ ᠲᠠᠭᠠᠯᠳᠤᠭᠤᠯᠤᠨ | ᠤᠷᠤᠰᠢᠭᠤᠯᠤᠭᠰᠠᠨ ᠬᠠᠰ ᠡᠳ᠋ᠯᠠᠯ ᠤᠳ ᠢ ᠨᠠᠷᠢᠨ ᠠᠵᠢᠬᠤ ᠲᠤᠮᠳᠠ ᠰᠡᠭᠡᠷᠳᠡᠨ ᠠᠮᠢᠳᠡᠨ ᠤ ᠭᠦᠪᠦᠷᠡᠯ ᠤᠨ | ᠪᠤᠶᠢᠵᠢᠯᠳᠠ ᠶᠢᠨ ᠶᠠᠪᠤᠴᠠ ᠶᠢ ᠰᠡᠶᠢᠯᠵᠦ ᠤᠷᠠᠯᠠᠵᠤ ᠨᠦᠭᠴᠢᠭᠴᠢ ᠶᠢ ᠲᠠᠭᠠᠭᠤᠯᠵᠤ ᠤᠷᠤᠰᠢᠭᠤᠯᠬᠤ ᠦᠵᠡᠭᠳᠡᠯ ᠢ | ᠬᠠᠶᠢᠵᠤ ᠤᠯᠵᠠᠢ᠃ ᠡᠶᠢᠮᠦᠷᠭᠦᠦ ᠭᠦᠪᠦᠷᠡᠯ ᠢ ᠠᠩᠴᠢᠨ ᠮᠠᠯᠴᠢᠨ ᠭᠦᠮᠦᠰ ᠡᠳᠦᠷ ᠲᠤᠳᠤᠮ ᠤᠯᠵᠤ ᠦᠵᠡᠳᠡᠭ᠂ | ᠭᠡᠳᠡᠯ᠎ᠠ ᠬᠠᠰ ᠱᠤᠭᠤᠮᠠᠯ ᠰᠡᠶᠢᠯᠦᠮᠡᠯ ᠢ ᠨᠢ ᠤᠯᠠᠭᠠᠨ ᠬᠠᠳᠠ ᠰᠤᠶᠤᠯ ᠤᠨ ᠦᠯᠡᠳᠡᠴᠡ | ᠤᠯᠳᠠᠪᠤᠷᠢ ᠨᠤᠭᠤᠳ ᠠᠴᠠ ᠤᠯᠵᠤ ᠬᠠᠷᠠᠭᠰᠠᠨ ᠪᠠᠶᠢᠨ᠎ᠠ᠃ ᠡᠨᠡ ᠨᠢ ᠵᠤᠬᠢᠶᠠᠬᠴᠢ ᠶᠢᠨ ᠰᠤᠨᠢᠷᠬᠠᠯ ᠢ ᠶᠡᠭᠡ | ᠲᠠᠳᠠᠵᠠᠢ᠃ | ᠲᠤᠬᠠᠢᠢᠯᠠᠪᠠᠯ᠂ ᠮᠤᠩᠭᠤᠯᠴᠤᠳ ᠤᠨ ᠭᠡᠯᠡᠳᠡᠭ ᠡᠳᠦᠷ ᠲᠤᠳᠤᠮ ᠬᠠᠷᠭᠤᠳᠠᠭ ᠠᠩ | ᠭᠦᠷᠦᠭᠡ᠂ ᠲᠠᠪᠤᠨ ᠬᠤᠰᠢᠭᠤ ᠮᠠᠯ ︵ ᠰᠡᠭᠡᠷᠳᠡᠨ ᠠᠮᠢᠳᠡᠨ︶ ᠤᠨ ᠴᠢᠰᠤᠨ ᠭᠡᠭᠡᠯ ᠢ ᠤᠯᠠᠭᠠᠨ ᠬᠠᠳᠠ | ᠰᠤᠶᠤᠯ ᠤᠨ ᠬᠠᠰ ᠡᠳ᠋ᠯᠡᠯ ᠳᠤ ᠱᠤᠭᠤᠵᠤ ᠪᠠᠶᠢᠨ᠎ᠠ᠃ ᠲᠡᠭᠦᠨ ᠢ ᠤᠳᠤ ᠬᠠᠭᠤᠴᠢ ᠰᠤᠳᠤᠯᠤᠯ ᠤᠨ ᠡᠷᠳᠡᠮᠳᠡᠳ ︽ | ᠬᠠᠰ ᠭᠦᠷᠢ︾ ᠬᠡᠵᠦ ᠬᠡᠯᠡᠵᠡᠬᠡᠵᠦ ᠪᠤᠢ᠃ ᠡᠶᠢᠮᠦ ᠪᠢᠳᠡᠭᠦᠦ ᠭᠡᠭᠡᠯ ᠤᠨ ᠱᠤᠭᠤᠮᠠᠯ ᠳᠡᠭᠡᠷ᠎ᠠ ᠴᠢᠰᠤᠨ ᠭᠡᠭᠡᠯ ᠤᠨ | ᠴᠢᠰᠤᠨ ᠲᠤᠤᠷ ᠨᠢ ᠬᠦᠷᠳᠡᠯ᠎ᠠ ᠮᠠᠳᠡᠭᠳᠠᠵᠦ ᠪᠠᠶᠢᠳᠠᠭ᠃ ᠵᠢᠱᠢᠶᠡᠯᠡᠪᠡᠯ᠂ ᠪᠠᠭᠠᠷᠢᠨ ᠪᠠᠷᠠᠭᠤᠨ ᠬᠤᠰᠢᠭᠤᠨ ᠤ | ᠮᠦᠽᠸᠢ ᠳᠤ ᠬᠠᠳᠠᠭᠠᠯᠠᠵᠤ ᠪᠠᠶᠢᠭ᠎ᠠ ᠨᠤᠭᠤᠭᠠᠨ ᠬᠠᠰ ᠭᠦᠷᠢ ᠪᠡ ᠲᠠᠬᠢᠶᠠᠨ ᠴᠢᠰᠤᠨ ᠴᠢᠯᠠᠭᠤᠨ ᠬᠠᠰ ᠭᠦᠷᠢ | ᠳᠡᠭᠡᠷ᠎ᠠ ᠪᠦᠷ ᠤᠯᠠᠭᠠᠨ ᠰᠤᠳᠠᠯ ᠨᠢ ᠮᠡᠳᠡᠭᠳᠡᠵᠦ ᠪᠤᠢ᠃ ᠪᠢᠳᠡᠭᠦᠦ ᠬᠡᠬᠡᠯ ᠤᠨ ᠡᠨᠡ ᠦᠶ᠎ᠠ ᠶᠢ ᠮᠤᠩᠭᠤᠯᠴᠤᠳ | ᠪᠦᠭᠡ ᠶᠢᠨ ᠱᠠᠰᠢᠨ ᠤ ᠦᠵᠡᠯᠳᠡ ᠪᠠᠷ ᠡᠭᠡ ᠶᠢᠨ ᠪᠠᠶ᠎ᠠ ᠠᠴᠠ ᠮᠢᠬ᠎ᠠ ᠴᠢᠰᠤᠨ ᠤ ᠰᠦᠨᠠᠰᠦ ᠢᠷᠡᠵᠦ ᠰᠠᠭᠤᠯ᠎ᠠ | ᠬᠡᠵᠦ ᠬᠡᠯᠡᠳᠡᠭ᠃ | ᠵᠢᠴᠢ ᠪᠠᠰᠠ ᠮᠤᠩᠭᠤᠯᠴᠤᠳ ᠤᠨ ᠬᠡᠯᠡᠳᠡᠭ ᠠᠩ ᠭᠦᠷᠦᠬᠡ᠂ ᠲᠠᠪᠤᠨ ᠬᠤᠰᠢᠭᠤ ᠮᠠᠯ ︵ | ᠰᠡᠬᠡᠷᠳᠡᠨ ᠠᠮᠢᠳᠡᠨ︶ ᠤᠨ ᠶᠠᠰᠤᠨ ᠬᠡᠬᠡᠯ ᠢ ᠴᠦ ᠤᠯᠠᠭᠠᠨ ᠬᠠᠳᠠ ᠰᠤᠶᠤᠯ ᠤᠨ ᠬᠠᠰ ᠡᠳ᠋ᠯᠡᠯ ᠳᠤ ᠱᠤᠭᠤᠵᠤ | ᠭᠠᠷᠭᠠᠭᠰᠠᠨ ᠪᠠᠶᠢᠨ᠎ᠠ᠃ ᠲᠡᠭᠦᠨ ᠢ ᠤᠳᠤ ᠬᠠᠭᠤᠴᠢ ᠰᠤᠳᠤᠯᠤᠯ ᠤᠨ ᠡᠷᠳᠡᠮᠳᠡᠳ ︽ᠬᠠᠰ ᠵᠢᠭᠠᠰᠤ︾ ᠬᠡᠵᠦ | ᠬᠡᠯᠡᠵᠡᠬᠡᠵᠦ ᠪᠤᠢ᠃ ᠦᠨᠡᠨ ᠳᠡᠭᠡᠨ ᠰᠡᠭᠡᠷᠳᠡᠨ ᠠᠮᠢᠳᠡᠨ ᠤ ᠪᠢᠳᠡᠭᠦᠦ ᠬᠡᠬᠡᠯ ︵ ᠭᠦᠪᠦᠷᠡᠯ︶ ᠶᠠᠭ ᠵᠢᠭᠠᠰᠤ ᠰᠢᠬ | ᠲᠦᠷᠰᠦ ᠲᠠᠢ ᠪᠠᠶᠢᠬᠤ ᠦᠶ᠎ᠠ ᠳᠡᠭᠡᠨ ᠮᠦᠭᠡᠷᠰᠦ ᠪᠦᠷᠢᠯᠳᠦᠵᠦ ᠡᠬᠢᠯᠡᠳᠡᠭ᠃ ᠡᠨᠡ ᠦᠶ᠎ᠡ ᠶᠢ ᠮᠤᠩᠭᠤᠯᠴᠤᠳ | ᠶᠠᠰᠤᠨ ᠭᠡᠭᠡᠯ ᠬᠡᠵᠦ ᠬᠡᠯᠡᠬᠦ ᠪᠤᠶᠤ ᠪᠦᠬᠡ ᠶᠢᠨ ᠱᠠᠰᠢᠨ ᠤ ᠦᠵᠡᠯᠳᠡ ᠪᠠᠷ ᠡᠴᠢᠬᠡ ᠶᠢᠨ ᠪᠠᠶ᠎ᠠ ᠠᠴᠠ ᠶᠠᠰᠤ | ᠴᠢᠮᠦᠭᠡᠨ ᠰᠦᠨᠠᠰᠦ ᠢᠷᠡᠵᠦ ᠰᠠᠭᠤᠯ᠎ᠠ ᠬᠡᠵᠦ ᠦᠵᠡᠳᠡᠭ᠃ | ᠮᠤᠩᠭᠤᠯᠴᠤᠳ ᠤᠨ ᠪᠦᠭᠡ ᠶᠢᠨ ᠱᠠᠰᠢᠨ ᠤ ᠦᠵᠡᠯᠳᠡ ᠪᠠᠷ ᠬᠡᠯᠡᠳᠡᠭ ᠰᠡᠭᠡᠷᠳᠡᠨ | ᠠᠮᠢᠳᠠᠨ ᠤ ᠮᠦᠩᠬᠡ ᠰᠦᠨᠠᠰᠦ ᠲᠤᠭᠳᠠᠬᠤ ᠦᠶ᠎ᠡ ᠶᠢᠨ ᠪᠢᠳᠡᠬᠦᠦ ᠬᠡᠬᠡᠯ ︵ᠭᠦᠪᠦᠷᠡᠯ︶ ᠢ ᠴᠦ ᠤᠯᠠᠭᠠᠨ ᠬᠠᠳᠠ | ᠰᠤᠶᠤᠯ ᠤᠨ ᠬᠠᠰ ᠡᠳ᠋ᠯᠠᠯ ᠳᠤ ᠱᠤᠭᠤᠵᠤ ᠭᠠᠷᠭᠠᠭᠰᠠᠨ ᠪᠠᠶᠢᠳᠠᠭ᠃ ᠲᠠᠭᠦᠨ ᠢ ᠬᠠᠭᠤᠴᠢ ᠰᠤᠳᠤᠯᠤᠯ ᠤᠨ ᠡᠷᠳᠡᠮᠳᠡᠳ | ︽ᠯᠤᠤ︾ ᠬᠡᠵᠦ ᠬᠡᠯᠡᠵᠡᠬᠡᠵᠦ ᠪᠤᠢ᠃ ᠡᠨᠡ ᠱᠠᠳᠤᠨ ᠤ ᠪᠢᠳᠡᠬᠦᠦ ᠬᠡᠬᠡᠯ ︵ ᠭᠦᠪᠤᠷᠡᠯ︶ ᠤᠨ ᠪᠤᠶᠢᠵᠢᠯᠳᠠ ᠳᠤ | ᠰᠡᠭᠡᠷᠳᠡᠨ ᠠᠮᠢᠳᠡᠨ ᠤ ᠲᠤᠯᠤᠭᠠᠢ ᠶᠢᠨ ᠲᠦᠷᠰᠦ ᠲᠤᠳᠤᠷᠠᠳᠠᠭ᠃ ᠡᠨᠡ ᠭᠦ ᠤᠨᠴᠠᠯᠢᠭ ᠢᠶᠠᠷ ᠨᠢ ᠮᠤᠩᠭᠤᠯ ᠤᠨ | ᠦᠨᠳᠦᠷᠯᠢᠭ ᠤᠨ ᠤᠵᠠᠭᠤᠷ ᠢᠷᠭᠡᠳ ᠪᠦᠭᠡ ᠶᠢᠨ ᠱᠠᠰᠢᠨ ᠤ ᠤᠨᠤᠯ ᠢᠶᠠᠷ ᠮᠦᠩᠬᠡ ᠰᠦᠨᠠᠰᠦ ᠢᠷᠡᠵᠦ ᠰᠠᠭᠤᠵᠠᠢ | ᠬᠡᠵᠦ ᠦᠵᠡᠵᠦ ᠪᠠᠶᠢᠭᠰᠠᠨ ᠪᠠᠶᠢᠨ᠎ᠠ᠃ ᠮᠤᠩᠭᠤᠯᠴᠤᠳ ᠤᠨ ᠭᠦᠮᠦᠨ ᠠᠮᠢᠳᠠᠨ ᠳᠤ ᠭᠤᠷᠪᠠᠨ ᠰᠦᠨᠠᠰᠦ ᠲᠠᠢ ᠬᠡᠬᠦ | ᠦᠵᠡᠯᠳᠡ ᠨᠢ ᠡᠨᠡ ᠮᠡᠳᠦ ᠬᠦᠪᠤᠷᠡᠯ ᠤᠨ ᠪᠤᠶᠢᠵᠢᠯᠳᠠ ᠶᠢᠨ ᠭᠤᠷᠪᠠᠨ ᠱᠠᠳᠤᠨ ᠠᠴᠠ ᠢᠷᠡᠯ ᠲᠠᠢ ᠶᠤᠮ ᠪᠠᠶᠢᠵᠠᠢ᠃ | | ᠰᠡᠬᠡᠷᠳᠡᠨ ᠠᠮᠢᠳᠠᠨ ᠤ ᠪᠢᠳᠡᠭᠦᠦ ᠬᠡᠬᠡᠯ ︵ᠭᠦᠪᠦᠷᠡᠯ︶ ᠤᠨ ᠡᠨᠡ ᠭᠤᠷᠪᠠᠳᠡᠬᠢ | ᠱᠠᠳᠤᠨ ᠠᠴᠠ ᠡᠮᠦᠨᠡᠬᠢ ᠱᠠᠳᠤᠨ ᠤ ᠪᠤᠶᠢᠵᠢᠯᠳᠠ ᠨᠢ ᠪᠦᠷ ᠠᠳᠠᠯᠢ ᠪᠠᠶᠢᠳᠠᠭ᠃ ᠡᠭᠦᠨ ᠢ ᠮᠤᠩᠭᠤᠯ ᠤᠨ | ᠦᠨᠳᠦᠷᠯᠢᠭ᠂ ᠦᠪᠦᠷ ᠪᠠᠶᠢᠭᠠᠯ ᠤᠷᠤᠨ ᠤ ᠠᠩᠴᠢᠨ ᠮᠠᠯᠴᠢᠨ ᠤᠪᠤᠭ ᠠᠶᠢᠮᠠᠭ ᠤᠨ ᠤᠵᠠᠭᠤᠷ ᠢᠷᠭᠡᠳ ᠠᠩ | ᠠᠩᠨᠠᠯ ᠪᠠ ᠮᠠᠯ ᠮᠠᠯᠵᠢᠯ ᠤᠨ ᠦᠢᠯᠡᠳᠦᠯᠬᠡ ᠲᠤᠷᠰᠢᠯᠭ᠎ᠠ ᠲᠤᠮᠳᠠ ᠠᠴᠠ ᠪᠠᠨ ᠤᠯᠵᠤ ᠮᠡᠳᠡᠭᠰᠡᠨ ᠪᠠᠶᠢᠨ᠎ᠠ᠃ | ᠵᠢᠴᠢ ᠬᠦᠪᠦᠷᠡᠯ ᠤᠨ ᠴᠢᠰᠤ ᠪᠤᠷᠢᠯᠳᠦᠬᠦ᠂ ᠶᠠᠰᠤ ᠪᠦᠷᠢᠯᠳᠦᠬᠦ᠂ ᠲᠤᠯᠤᠭᠠᠢ ᠶᠢᠨ ᠲᠦᠷᠰᠦ ᠲᠤᠳᠤᠷᠠᠬᠤ | ᠶᠠᠪᠤᠴᠠ ᠶᠢ ᠴᠦ ᠠᠩᠨᠠᠯ ᠮᠠᠯᠵᠢᠯ ᠤᠨ ᠪᠤᠳᠠᠳᠤ ᠲᠤᠷᠰᠢᠯᠭ᠎ᠠ ᠲᠤᠮᠳᠠ ᠠᠴᠠ ᠪᠠᠨ ᠤᠯᠵᠤ ᠲᠠᠨᠢᠭᠰᠠᠨ ᠪᠠᠶᠢᠨ᠎ᠠ᠃ | ᠰᠡᠭᠡᠷᠳᠡᠨ ᠠᠮᠢᠳᠡᠨ ᠤ ᠪᠢᠳᠡᠭᠦᠦ ᠭᠡᠭᠡᠯ ︵ᠬᠦᠪᠦᠷᠡᠯ︶ ᠤᠨ ᠡᠭᠦᠨ ᠠᠴᠠ ᠬᠤᠶᠢᠰᠢᠬᠢ ᠱᠠᠳᠤᠨ ᠤ ᠪᠤᠶᠢᠵᠢᠯᠳᠡ ᠨᠢ | ᠲᠤᠰ ᠲᠤᠰ ᠠᠳᠠᠯᠢ ᠦᠭᠡᠢ ᠪᠤᠯᠳᠠᠭ᠃ ᠡᠶᠢᠮᠦ ᠠᠴᠠ ᠡᠷᠳᠡ ᠤᠵᠠᠭᠤᠷ ᠲᠤ ᠡᠨᠡ ᠬᠦ ᠭᠦᠪᠦᠷᠡᠯ ᠤᠨ | ᠪᠤᠶᠢᠵᠢᠯᠳᠠ ᠶᠢ ᠰᠢᠨᠵᠢᠯᠡᠬᠦ ᠤᠬᠠᠭᠠᠨᠴᠢ ᠪᠠᠷ ᠲᠠᠶᠢᠯᠪᠤᠷᠢᠯᠠᠵᠤ ᠴᠢᠳᠠᠬᠤ ᠦᠭᠡᠢ ᠪᠠᠶᠢᠭᠰᠠᠨ ᠪᠤᠯᠬᠤᠷ ᠰᠦᠨᠠᠰᠦ | ᠰᠢᠳᠦᠯᠬᠡ ᠶᠢᠨ ᠡᠭᠦᠳᠡᠨ ᠠᠴᠠ ᠡᠬᠡ ᠠᠴᠠ ᠤᠯᠤᠭᠰᠠᠨ ᠮᠢᠬ᠎ᠠ ᠴᠢᠰᠤᠨ ᠤ ᠰᠦᠨᠠᠰᠦ᠂ ᠡᠴᠢᠬᠡ ᠠᠴᠠ ᠤᠯᠤᠭᠰᠠᠨ | ᠶᠠᠰᠤ ᠴᠢᠮᠦᠬᠡᠨ ᠤ ᠰᠦᠨᠠᠰᠦ᠂ ᠮᠦᠩᠬᠡ ᠲᠡᠭᠷᠢ ᠠᠴᠠ ᠤᠯᠭᠤᠭᠰᠠᠨ ᠮᠦᠩᠬᠡ ᠰᠦᠨᠡᠰᠦ ᠬᠡᠵᠦ ᠭᠤᠷᠪᠡᠨ | ᠰᠦᠨᠡᠰᠦ ᠪᠠᠷ ᠤᠬᠠᠭᠠᠷᠠᠵᠤ ᠤᠢᠢᠯᠠᠭᠠᠵᠤ ᠪᠠᠶᠢᠵᠠᠢ᠃ | ᠡᠭᠦᠨ ᠢ ᠤᠯᠠᠭᠠᠨ ᠬᠠᠳᠠ ᠰᠤᠶᠤᠯ ᠤᠨ ᠦᠶ᠎ᠠ ᠶᠢᠨ ᠪᠦᠬᠡ ᠶᠢᠨ ᠱᠠᠰᠢᠨ ᠤ ᠢᠳᠤᠭᠠᠨ | ᠵᠠᠶᠢᠷᠠᠩ ᠨᠠᠷ ᠨᠢᠬᠡᠨᠳᠡ ᠬᠠᠰ ᠴᠢᠯᠠᠭᠤ ᠪᠠᠷ ᠰᠡᠶᠢᠯᠵᠦ ᠭᠠᠷᠭᠠᠭᠰᠠᠨ ᠪᠤᠳᠠᠳᠤ ᠡᠳ᠋ ᠨᠢ ᠤᠯᠳᠠᠭᠰᠠᠨ ᠢᠶᠠᠷ ᠪᠤ · | ᠫᠧᠷᠯᠠᠢ ᠭᠤᠸᠠᠢ ᠪᠠᠳᠤᠳᠠᠶᠢᠬᠠᠨ ᠢᠶᠠᠷ ᠮᠤᠩᠭᠤᠯᠴᠤᠳ ᠤᠨ ᠭᠤᠷᠪᠡᠨ ᠰᠦᠨᠡᠰᠦᠨ ᠤ ᠦᠵᠡᠯᠳᠡ ᠰᠢᠨ᠎ᠠ ᠴᠢᠯᠠᠭᠤᠨ | ᠵᠡᠪᠰᠡᠭ ᠤᠨ ᠤᠯᠠᠭᠠᠨ ᠬᠠᠳᠠ ᠰᠤᠶᠤᠯ ᠤᠨ ᠦᠶ᠎ᠠ ᠳᠤ ᠲᠤᠭᠳᠠᠯᠴᠠᠭ᠎ᠠ ᠪᠠᠨ ᠤᠯᠤᠭᠰᠠᠨ ᠪᠠᠶᠢᠨ᠎ᠠ ᠬᠡᠵᠦ | ᠲᠤᠷᠠᠳᠤᠨ ᠭᠠᠷᠭᠠᠭᠰᠠᠨ ᠪᠠᠶᠢᠨ᠎ᠠ᠃ ᠲᠡᠭᠦᠨᠴᠢᠯᠡᠨ ᠡᠨᠡ ᠭᠦ ᠦᠵᠡᠯᠳᠡ ᠪᠠᠨ ᠭᠧᠷᠮᠠᠨ ᠤ ᠲᠦᠮᠡᠨ ᠪᠤᠳᠠᠰ ᠤᠨ | ᠤᠬᠠᠭᠠᠨᠳᠠᠨ ᠡ᠊ · ᠬᠠᠸ᠋ᠺᠧᠯ ︵E · Haeckel ︿海克尔﹀ 1834 — 1919︶ ᠤᠨ | ᠰᠡᠭᠡᠷᠳᠡᠨ ᠠᠮᠢᠳᠡᠨ ᠤ ᠭᠦᠪᠦᠷᠡᠯ ᠤᠨ ᠵᠢᠷᠤᠭ ᠢᠶᠠᠷ ᠴᠦ ᠲᠠᠪᠳᠠᠨ ᠨᠤᠳᠠᠯᠠᠵᠠᠢ᠃ | ᠡᠭᠦᠨ ᠤ ᠰᠠᠭᠤᠷᠢᠨ ᠳᠡᠭᠡᠷ᠎ᠠ ᠤᠩᠨᠢᠭᠤᠳ ᠬᠤᠰᠢᠭᠤᠨ ᠤ ᠰᠠᠶᠢᠴᠢ ᠶᠢᠨ ᠲᠠᠯ᠎ᠠ ᠠᠴᠠ | ᠤᠯᠳᠠᠭᠰᠠᠨ ᠤᠯᠠᠭᠠᠨ ᠬᠠᠳᠠ ᠰᠤᠶᠤᠯ ᠤᠨ ᠦᠶ᠎ᠡ ᠶᠢᠨ ︽ᠨᠤᠭᠤᠭᠠᠨ ᠬᠠᠰ ᠯᠤᠤ︾ ᠬᠡᠳᠡᠭ ᠢ ︽ᠬᠠᠰ | ᠵᠦᠯᠳᠡ︾ ᠬᠡᠵᠦ ᠨᠤᠳᠠᠯᠠᠭᠰᠠᠨ ᠪᠠᠶᠢᠨ᠎ᠠ᠃ ᠲᠠᠷᠠ ᠨᠢ ᠭᠦᠪᠦᠷᠡᠯ ᠤᠨ ᠮᠠᠶ᠋ᠢᠭ ᠢᠶᠠᠷ ᠰᠡᠶᠢᠯᠦᠭᠰᠡᠨ ᠠᠪᠡ ᠶᠢᠨ | ᠲᠡᠷᠢᠬᠦᠨ ᠱᠠᠩ ᠲᠤᠯᠤᠭᠠᠢ ᠵᠦᠯᠳᠡ ᠪᠤᠯᠬᠤ ᠨᠢ ᠲᠤᠳᠤᠷᠬᠠᠢ ᠠᠵᠢᠬᠯᠠᠬᠳᠠᠨᠠ᠃ ᠡᠨᠡ ᠨᠢ ᠲᠠᠷᠤᠢ ᠴᠢᠰᠤᠨ | ᠰᠦᠨᠠᠰᠦ᠂ ᠶᠠᠰᠤᠨ ᠰᠦᠨᠡᠰᠦ᠂ ᠮᠦᠩᠬᠡ ᠰᠦᠨᠡᠰᠦ ᠵᠡᠷᠬᠡ ᠭᠤᠷᠪᠡᠨ ᠰᠦᠨᠡᠰᠦ ᠶᠢ ᠪᠦᠷᠢᠨ ᠠᠭᠤᠯᠤᠭᠰᠠᠨ | ᠰᠦᠨᠡᠰᠦᠨ ᠤ ᠰᠦᠯᠳᠡ ᠲᠡᠮᠳᠡᠭ ᠮᠦᠨ᠃ ᠡᠶᠢᠮᠦᠷᠭᠦᠦ ᠰᠦᠯᠳᠡ ᠲᠡᠮᠳᠡᠭ — ᠵᠦᠯᠳᠡ ᠶᠢ ᠮᠤᠩᠭᠤᠯᠴᠤᠳ ︽ | ᠰᠤᠶᠤᠯ ᠤᠨ ᠶᠡᠭᠡ ᠬᠤᠪᠢᠰᠬᠠᠯ︾ ᠠᠴᠠ ᠡᠮᠦᠨ᠎ᠡ ᠪᠤᠯᠳᠠᠯ᠎ᠠ ᠠᠪᠠ ᠶᠢᠨ ᠲᠠᠷᠢᠬᠦᠨ ᠱᠠᠩ ᠪᠤᠯᠭᠠᠵᠤ ᠠᠩᠴᠢᠳ ᠲᠤ | ᠭᠦᠷᠭᠡᠭᠰᠡᠭᠡᠷ ᠪᠠᠶᠢᠪᠠ᠃ | ᠭᠡᠷᠡᠭ ᠳᠡᠭᠡᠷ᠎ᠠ ᠪᠠᠨ ᠡᠨᠡ ᠰᠡᠳᠦᠪ ᠢ ᠪᠤ · ᠫᠧᠷᠯᠠᠢ ᠭᠤᠸᠠᠢ ᠲᠤᠰ ᠴᠤᠪᠤᠷᠠᠯ | ᠪᠢᠴᠢᠭ ᠤᠨ ᠢᠶᠠᠨ ᠨᠢᠬᠡᠳᠦᠬᠡᠷ ᠪᠤᠳᠢ ︽ᠴᠢᠯᠠᠭᠤᠨ ᠵᠡᠪᠰᠡᠭ ᠤᠨ ᠦᠶ᠎ᠡ ᠶᠢᠨ ᠰᠤᠶᠤᠯ︾ ᠬᠡᠭᠦ ᠨᠤᠮ ᠳᠠᠭᠠᠨ ︽ | ᠤᠯᠠᠭᠠᠨ ᠬᠠᠳᠠ ᠶᠢᠨ ᠰᠤᠶᠤᠯ ᠤᠨ ︿ᠬᠠᠰ ᠯᠤᠤ﹀ ᠬᠡᠳᠡᠭ ᠤᠨ ᠨᠢᠭᠤᠴᠠ ᠶᠢ ᠲᠠᠶᠢᠯᠪᠤᠷᠢᠯᠠᠬᠤ ᠨᠢ︾ ᠬᠡᠳᠡᠭ | ᠵᠤᠬᠢᠶᠠᠯ ᠳᠠᠭᠠᠨ ᠪᠤᠳᠠᠳᠤ ᠠᠪᠠ ᠳᠡᠭᠡᠷ᠎ᠡ ᠦᠪᠡᠷ ᠤᠨ ᠨᠢᠳᠦ ᠪᠠᠷ ᠦᠵᠡᠭᠰᠡᠨ ᠠᠪᠡ ᠶᠢᠨ ᠲᠡᠷᠢᠬᠦᠨ ᠱᠠᠩ ︽ | ᠵᠦᠯᠳᠡ︾ ᠵᠢᠴᠢ ᠮᠤᠩᠭᠤᠯ᠂ ᠲᠠᠭᠤᠷ᠂ ᠤᠷᠴᠤᠨ᠂ ᠡᠸᠡᠩᠬᠢ ᠵᠡᠷᠬᠡ ᠤᠮᠠᠷᠠᠳᠤ ᠶᠢᠨ ᠦᠨᠳᠦᠰᠦᠳᠡᠨ ᠤ ᠲᠤᠮᠳᠠ | ᠤᠳᠤ ᠪᠤᠯᠳᠠᠯ᠎ᠠ ᠤᠷᠤᠰᠢᠵᠤ ᠪᠠᠶᠢᠭ᠎ᠠ ᠵᠦᠯᠳᠡ ᠲᠠᠬᠢᠯᠭ᠎ᠠ ᠶᠢᠨ ᠪᠠᠷᠢᠮᠳᠠ᠂ ᠡᠷᠳᠡᠮᠳᠡᠳ ᠤᠨ ᠦᠬᠦᠯᠡᠯ ᠵᠤᠬᠢᠶᠡᠯ ᠤᠨ | ᠨᠤᠳᠠᠯᠠᠯ᠂ ᠰᠤᠷᠪᠤᠯᠵᠢᠰ ᠤᠨ ᠲᠠᠮᠳᠡᠭᠯᠠᠯ ᠮᠡᠳᠦ ᠡᠯᠪᠡᠭ ᠪᠠᠶᠠᠯᠢᠭ ᠮᠠᠲ᠋ᠧᠷᠢᠶᠠᠯ ᠢᠶᠠᠷ ᠬᠠᠭᠤᠴᠢ ᠰᠤᠳᠤᠯᠤᠯ ᠤᠨ | ᠡᠳᠡᠭᠡᠳ ᠤᠨ ᠬᠡᠯᠡᠳᠡᠭ ᠡᠨᠡ ᠤᠯᠠᠭᠠᠨ ᠬᠠᠳᠠ ᠰᠤᠶᠤᠯ ᠤᠨ ︽ᠬᠠᠰ ᠯᠤᠤ︾ ᠶᠢ ︽ᠬᠠᠰ ᠵᠦᠯᠳᠠ︾ ᠬᠡᠵᠦ | ᠨᠤᠳᠠᠯᠠᠴᠢᠬᠠᠭᠰᠠᠨ ᠪᠠᠶᠢᠳᠠᠭ᠃ ᠲᠤᠰ ᠨᠤᠮ ᠤᠨ ︽ ᠤᠯᠠᠭᠠᠨ ᠬᠠᠳᠠ ᠶᠢᠨ ᠰᠤᠶᠤᠯ ᠪᠤᠯ ᠮᠤᠩᠭᠤᠯ ᠤᠨ | ᠦᠨᠳᠦᠷᠯᠢᠭ ᠤᠨ ᠬᠦᠳᠡᠭᠡ ᠳᠠᠯ᠎ᠠ ᠶᠢᠨ ᠰᠤᠶᠤᠯ ᠤᠨ ᠭᠦᠷᠢᠶᠡᠨ ᠳᠤ ᠪᠠᠭᠳᠠᠭᠳᠠᠨ᠎ᠠ︾᠂ ︽ᠤᠯᠠᠭᠠᠨ ᠬᠠᠳᠠ ᠶᠢᠨ | ᠰᠤᠶᠤᠯ ᠤᠨ ︿ᠬᠠᠰ ᠯᠤᠤ﹀ ᠬᠡᠳᠡᠭ ᠨᠢ ᠮᠤᠩᠭᠤᠯ ᠤᠨ ᠦᠨᠳᠦᠷᠯᠢᠭ ᠤᠨ ᠤᠵᠠᠭᠤᠷ ᠢᠷᠭᠡᠳ ᠤᠨ ᠰᠦᠨᠡᠰᠦ | ᠰᠢᠳᠦᠯᠬᠡ — ᠵᠦᠯᠳᠡ ᠶᠢᠨ ᠬᠡᠯᠪᠡᠷᠢ ᠲᠦᠷᠰᠦ ᠮᠦᠨ︾ ᠬᠡᠬᠦ ᠰᠡᠳᠦᠪ ᠲᠤ ᠪᠦᠷ ᠡᠨᠡ ᠲᠤᠬᠠᠢ ᠦᠭᠦᠯᠡᠭᠰᠡᠨ | ᠪᠠᠶᠢᠳᠠᠭ᠃ | ︽ᠮᠤᠩᠭᠤᠯᠴᠤᠳ ᠤᠨ ᠤᠶᠤᠨ ᠤ ᠰᠤᠶᠤᠯ︾ ᠬᠡᠭᠦ ᠨᠤᠮ ᠳᠤ ᠤᠯᠠᠭᠠᠨ ᠬᠠᠳᠠ | ᠰᠤᠶᠤᠯ ᠤᠨ ᠬᠠᠰ ᠡᠳ᠋ᠯᠡᠯ ᠳᠤ ᠮᠤᠩᠭᠤᠯᠴᠤᠳ ᠤᠨ ᠭᠤᠷᠪᠡᠨ ᠰᠦᠨᠡᠰᠦᠨ ᠤ ᠲᠤᠬᠠᠢ ᠡᠷᠳᠡᠨ ᠤ ᠤᠢᠢᠯᠠᠭᠠᠯᠳᠠ ᠶᠢ | ᠬᠠᠰ ᠱᠤᠭᠤᠮᠠᠯ ᠢᠶᠠᠷ ᠱᠤᠭᠤᠵᠤ ᠭᠠᠷᠭᠠᠬᠰᠠᠨ ᠢ ᠢᠯᠡᠷᠡᠭᠦᠯᠦᠭᠡᠳ ᠡᠨᠡ ︽ᠬᠠᠰ ᠵᠦᠯᠳᠡ︾ ᠶᠢᠨ ᠭᠤᠷᠪᠡᠨ | ᠰᠦᠨᠡᠰᠦᠨ ᠤ ᠰᠦᠯᠳᠡ ᠲᠡᠮᠳᠡᠭ ᠪᠤᠯᠬᠤ ᠪᠦᠬᠡ ᠮᠦᠷᠭᠦᠯ ᠤᠨ ᠰᠤᠶᠤᠯ ᠤᠨ ᠠᠭᠤᠯᠭ᠎ᠠ ᠶᠢ ᠨᠢ ᠮᠦᠷᠳᠡᠵᠦ | ᠨᠤᠳᠠᠯᠠᠵᠤ ᠭᠠᠷᠭᠠᠭᠰᠠᠨ ᠪᠠᠶᠢᠨ᠎ᠠ᠃ | ᠡᠶᠢᠮᠦ ᠠᠴᠠ ᠡᠨᠡ ᠬᠤᠶᠠᠷ ᠵᠦᠢᠯ ᠤᠨ ᠨᠤᠳᠠᠯᠠᠭ᠎ᠠ ᠪᠤᠯ ᠨᠢᠬᠡ ᠨᠢ ᠰᠤᠶᠤᠯ ᠤᠨ | ᠠᠭᠤᠯᠭ᠎ᠠ ᠶᠢᠨ ᠪᠦᠷᠢᠯᠳᠦᠯ ᠤᠨ ᠳᠠᠯ᠎ᠠ — ᠲᠤᠬᠠᠢᠢᠯᠠᠪᠠᠯ ᠰᠡᠭᠡᠷᠳᠡᠨ ᠠᠮᠢᠳᠡᠨ ᠤ ᠭᠦᠪᠦᠷᠡᠯ ᠤᠨ | ᠪᠤᠶᠢᠵᠢᠯᠳᠡ ᠶᠢᠨ ᠭᠤᠷᠪᠡᠨ ᠱᠠᠳᠤᠨ ᠤ ᠬᠠᠰ ᠱᠤᠭᠤᠮᠠᠯ ᠠᠴᠠ ᠬᠠᠭᠤᠴᠢ ᠰᠤᠳᠤᠯᠤᠯ ᠤᠨ ᠡᠷᠳᠡᠮᠳᠡᠳ ᠤᠨ | ᠬᠡᠯᠡᠳᠡᠭ ︽ᠬᠠᠰ ᠯᠤᠤ︾ ᠬᠡᠳᠡᠭ ᠨᠢ ᠬᠠᠰ ᠯᠤᠤ ᠪᠢᠰᠢ᠂ ᠰᠡᠭᠡᠷᠳᠡᠨ ᠠᠮᠢᠳᠡᠨ ᠤ ︽ᠲᠤᠯᠤᠭᠠᠢ ᠶᠢᠨ ᠲᠦᠷᠰᠦ | ᠲᠤᠳᠤᠷᠠᠭᠰᠠᠨ ᠭᠡᠭᠡᠯ︾ ᠪᠤᠯᠬᠤ ᠶᠢ ᠨᠤᠳᠠᠯᠠᠵᠤ ᠭᠠᠷᠭᠠᠭᠰᠠᠨ ᠪᠠᠶᠢᠨ᠎ᠠ᠃ ᠨᠦᠭᠦᠭᠡ ᠨᠢ ᠰᠤᠶᠤᠯ ᠤᠨ ᠤᠷᠴᠢᠨ — | ᠠᠩ ᠠᠩᠨᠠᠯ ᠤᠨ ᠰᠤᠶᠤᠯ ᠤᠨ ᠤᠷᠴᠢᠨ ᠤᠳᠤ ᠶᠢᠨ ᠮᠤᠩᠭᠤᠯ᠂ ᠲᠠᠭᠤᠷ᠂ ᠡᠸᠡᠩᠬᠢ᠂ ᠤᠷᠴᠤᠨ ᠵᠡᠷᠭᠡ | ᠮᠠᠯᠴᠢᠨ ᠠᠩᠴᠢᠨ ᠦᠨᠳᠦᠰᠦᠳᠡᠨ ᠤ ᠪᠤᠳᠠᠳᠤ ᠰᠤᠶᠤᠯ ᠬᠢᠭᠡᠳ ᠲᠡᠤᠭᠡ ᠶᠢᠨ ᠤᠷᠴᠢᠨ ᠳᠤ ᠠᠪᠠᠴᠢᠵᠤ ᠲᠠᠯᠪᠢᠨ | ᠨᠢᠳᠦᠨ ᠳᠤ ᠦᠵᠡᠭᠳᠡᠵᠦ ᠭᠠᠷ ᠲᠤ ᠪᠠᠷᠢᠭᠳᠠᠬᠤ ᠵᠦᠢᠯᠡᠰ ᠲᠠᠢ ᠬᠠᠷᠢᠴᠠᠭᠤᠯᠤᠨ ᠲᠠᠭᠦᠨ ᠢ ︽ᠬᠠᠰ ᠯᠤᠤ︾ | ᠪᠢᠰᠢ᠂ ︽ᠬᠠᠰ ᠵᠦᠯᠳᠡ︾ ᠪᠤᠯᠬᠤ ᠶᠢ ᠨᠤᠳᠠᠯᠠᠪᠠ᠃ ᠡᠶᠢᠮᠦ ᠠᠴᠠ ᠡᠨᠡ ᠬᠤᠶᠠᠷ ᠱᠠᠳᠤᠨ ᠤ ᠨᠤᠳᠠᠯᠠᠭ᠎ᠠ ᠪᠤᠯ | ᠰᠤᠶᠤᠯ ᠤᠨ ᠠᠭᠤᠯᠭ᠎ᠠ ᠠᠴᠠ ᠰᠤᠶᠤᠯ ᠤᠨ ᠤᠷᠴᠢᠨ ᠬᠦᠷᠳᠡᠯ᠎ᠠ ᠨᠡᠯᠢᠶᠡᠳ ᠰᠢᠨᠵᠢᠯᠡᠬᠦ ᠤᠬᠠᠭᠠᠨᠴᠢ ᠨᠤᠳᠠᠯᠠᠭ᠎ᠠ | ᠪᠤᠯᠵᠤ ᠴᠢᠳᠠᠵᠠᠢ᠃ | | | | | |