XP ᠰᠢᠰᠲ᠋ᠧᠮ ︽ᠳᠡᠳᠬᠦᠪᠦᠷᠢ ᠳᠤ ᠭᠠᠷᠴᠠᠢ︾
ᠨᠡᠶᠢᠲᠡᠯᠡᠭᠰᠡᠨ ᠴᠠᠭ᠄
2014/4/8
       ᠬᠠᠮᠤᠭ ᠤᠨ ᠤᠷᠳᠤ ᠬᠤᠭᠤᠴᠠᠭ᠎ᠠ ᠭᠡᠷᠡᠭᠯᠡᠭᠳᠡᠭᠰᠠᠨ ᠠᠵᠢᠯᠯᠬᠠᠤ ᠰᠢᠰᠲ᠋ᠧᠮ ᠭᠡᠮᠡᠭᠳᠡᠭᠰᠠᠨ XP ᠰᠢᠰᠲ᠋ᠧᠮ ᠎ ᠨᠢ 13 ᠵᠢᠯ ᠪᠤᠯᠤᠭᠠᠳ ᠡᠨᠡ ᠡᠳᠦᠷ ᠵᠢᠩᠭᠢᠨᠢ ᠪᠠᠷ ᠵᠤᠭᠰᠤᠵᠦ᠂ ︽ᠳᠡᠳᠭᠦᠪᠤᠷᠢ ᠳᠤ ᠭᠠᠷᠬᠤ︾ ᠪᠤᠯᠤᠭᠰᠠᠨ ᠢᠶᠠᠨ ᠨᠡᠶᠢᠳᠡᠯᠡᠵᠡᠢ᠃ ᠺᠤᠮᠫᠢᠦ᠋ᠲ᠋ᠧᠷ ᠤᠨ ᠫᠷᠤᠭ᠍ᠷᠠᠮ ᠬᠠᠩᠭᠠᠮᠵᠢ ᠶᠢᠨ ᠺᠤᠮᠫᠠᠨᠢ ᠨᠢ XP ᠰᠢᠰᠲ᠋ᠧᠮ ᠳᠤ ᠮᠡᠷᠬᠡᠵᠢᠯ ᠤᠨ ᠳᠤᠰᠠᠯᠠᠮᠵᠢ ᠬᠠᠩᠭᠠᠬᠤ ᠪᠠᠨ ᠵᠢᠩᠬᠢᠨᠢ ᠪᠠᠷ ᠵᠤᠭᠰᠤᠭᠰᠠᠨ᠂ ᠬᠡᠳᠦᠶᠢᠪᠡᠷ ᠴᠦᠬᠡᠨ ᠳᠤᠭᠠᠨ ᠤ ᠬᠡᠷᠡᠭᠯᠡᠭᠴᠢ ᠮᠦᠨ ᠳᠤᠰ ᠰᠢᠰᠲ᠋ᠧᠮ ᠢ ᠠᠰᠢᠭᠯᠠᠭᠰᠠᠭᠠᠷ ᠪᠠᠶᠢᠭ᠎ᠠ ᠪᠤᠯᠪᠠᠴᠤ ᠦᠷᠬᠦᠯᠵᠢᠯᠡᠨ ᠠᠰᠢᠭᠯᠠᠬᠤ ᠳᠤ ᠬᠦᠷᠪᠡᠯ ᠳᠡᠬᠦᠨ ᠤ ᠠᠶᠤᠯ ᠎ ᠲᠠᠢ ᠪᠠᠶᠢᠳᠠᠯ ᠢ ᠤᠯᠠᠮ ᠶᠡᠬᠡᠰᠬᠡᠬᠦ ᠪᠤᠯᠤᠨ᠎ᠠ ᠬᠡᠵᠤ ᠦᠨᠦᠳᠦᠷ ᠮᠡᠳᠡᠬᠡᠯᠡᠵᠡᠢ᠃ ᠤᠶᠢᠯᠠᠭᠠᠭᠰᠠᠨ ᠢᠶᠠᠷ᠂ ᠬᠡᠷᠡᠭᠯᠡᠭᠴᠢ ᠎ ᠳᠤ ᠨᠡᠩ ᠦᠨᠳᠦᠷ ᠵᠡᠷᠬᠡ ᠶᠢᠨ ᠰᠢᠰᠲ᠋ᠧᠮ ᠢ ᠠᠰᠢᠭᠯᠠᠭᠤᠯᠬᠤ ᠶᠢᠨ ᠳᠤᠰᠠᠳᠠ ᠺᠤᠮᠫᠢᠦ᠋ᠲ᠋ᠧᠷ ᠤᠨ ᠫᠷᠤᠭ᠍ᠷᠠᠮ ᠬᠠᠩᠭᠠᠮᠵᠢ ᠶᠢᠨ ᠺᠤᠮᠫᠠᠨᠢ ᠨᠢ ᠨᠢᠬᠡᠨᠳᠡ 360᠂ ᠲᠧᠩ ᠰᠢᠶᠦ᠋ᠨ ᠵᠡᠷᠬᠡ ᠲᠠᠢ ᠬᠠᠮᠳᠤᠷᠠᠨ Windows8᠎ ᠶᠢ ᠬᠢᠮᠳᠠᠷᠠᠯ ᠲᠠᠢ ᠳᠡᠰ ᠳᠡᠪᠰᠢᠬᠦᠯᠬᠦ ᠳᠦᠯᠦᠪᠯᠡᠭᠡ ᠭᠠᠷᠭᠠᠭᠠᠳ ᠪᠠᠶᠢᠨ᠎ᠠ᠂ ᠦᠨ᠎ᠡ ᠶᠢ ᠨᠢ ᠤᠭ ᠦᠨ᠎ᠡ ᠠᠴᠠ 70% ᠬᠢᠮᠳᠠᠷᠠᠭᠤᠯᠬᠤ ᠪᠠᠷ ᠪᠤᠯᠵᠠᠢ᠃ ᠦᠨᠦᠳᠦᠷ ᠺᠤᠮᠫᠢᠦ᠋ᠲ᠋ᠧᠷ ᠤᠨ ᠫᠷᠤᠭ᠍ᠷᠠᠮ ᠬᠠᠩᠭᠠᠮᠵᠢ ᠶᠢᠨ ᠺᠤᠮᠫᠠᠨᠢ ᠠᠴᠠ ︽ᠨᠦᠬᠦᠬᠡᠰᠦ ᠮᠢᠭᠮᠠᠷ ᠭᠠᠷᠠᠭ︾᠎ ᠢ ᠶᠠᠭ ᠰᠠᠶᠢᠬᠠᠨ ᠵᠠᠷᠯᠠᠭᠰᠠᠨ ᠪᠠᠶᠢᠨ᠎ᠠ᠃ ᠳᠤᠰ ᠺᠤᠮᠫᠠᠨᠢ XP ᠬᠢᠬᠡᠳ Office2003᠎ ᠳᠤ ᠬᠠᠮᠤᠭ ᠡᠴᠤᠰ ᠤᠨ ᠤᠳᠠᠭ᠎ᠠ ᠠᠶᠤᠯᠬᠦᠢ ᠰᠢᠨᠡᠳᠬᠡᠯ ᠬᠢᠬᠦ ᠪᠤᠯᠤᠨ᠎ᠠ᠃
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号