ᠨᠠᠷᠠ ᠢᠪᠡᠭᠡᠭᠰᠡᠨ ᠨᠤᠳᠤᠭ
ᠨᠡᠶᠢᠲᠡᠯᠡᠭᠰᠡᠨ ᠴᠠᠭ᠄
2014/4/29
        ︽ᠤᠨᠠᠭᠰᠠᠨ ᠰᠢᠷᠤᠢ ᠪᠤᠯ ᠠᠯᠳᠠ ᠶᠤᠮ ᠬᠡᠵᠤ᠂ ᠠᠪᠤ ᠮᠢᠨᠢ ᠰᠤᠷᠭᠠᠳᠠᠭ ᠰᠠᠨ᠂ ᠤᠤᠭᠤᠭᠰᠠᠨ ᠤᠰᠤ ᠪᠤᠯ ᠷᠠᠰᠢᠶᠠᠨ ᠶᠤᠮ ᠬᠡᠵᠤ᠂ ᠡᠵᠢ ᠮᠢᠨᠢ ᠵᠠᠬᠢᠳᠠᠭ ᠰᠠᠨ᠂᠂᠂᠂︾ ᠬᠡᠵᠤ ᠤᠨᠠᠭᠠᠨ ᠪᠠᠭ᠎ᠠ  ᠠᠴᠠ ᠪᠠᠨ ᠲᠠᠭᠤᠯᠠᠵᠤ ᠶᠠᠪᠤᠳᠠᠭ ᠡᠨᠡ ᠲᠠᠭᠤᠤ ᠪᠠᠨ ᠭᠡᠩᠰᠢᠬᠦ ᠪᠤᠯᠭᠠᠨ ᠨᠤᠳᠤᠭ ᠮᠢᠨᠢ ᠨᠢᠳᠤᠨ ᠳᠤ ᠲᠤᠳᠤᠷᠠᠳᠠᠭ ᠰᠠᠨ᠃ ᠮᠢᠨᠤ ᠲᠦᠷᠦᠭᠰᠡᠨ ᠨᠤᠳᠤᠭ ᠪᠤᠯ ᠭᠠᠳᠠᠭᠠᠳᠤ ᠲᠤᠳᠤᠭᠠᠳᠤ ᠳᠤ ᠠᠯᠳᠠᠷᠳᠠᠢ ︽ᠲᠡᠯᠡᠬᠡᠢ ᠶᠢᠨ ᠭᠠᠵᠠᠷ ᠰᠢᠨᠵᠢᠯᠯᠡᠬᠡᠨ ᠤ ᠴᠡᠴᠡᠷᠯᠢᠭ︾ ᠭᠡᠵᠤ ᠠᠯᠳᠠᠷᠰᠢᠭᠰᠠᠨ ᠲᠠᠷᠬᠠᠨ ᠦᠵᠡᠮᠵᠢᠳᠤ ᠤᠷᠤᠨ ᠭᠡᠰᠢᠭᠳᠡᠨ ᠨᠤᠳᠤᠭ ᠶᠤᠮ᠃        ᠮᠢᠨᠤ ᠨᠤᠳᠤᠭ ᠭᠡᠵᠤ ᠶᠤᠰᠤᠳᠠᠢ ᠯᠠ ᠵᠢᠷᠤᠭ ᠰᠢᠭ᠋ ᠰᠠᠶᠢᠬᠠᠨ ᠤᠷᠤᠨ ᠶᠤᠮ᠃ ᠠᠳᠡ ᠮᠠᠰᠢ ᠤᠯᠠᠨ ᠵᠤᠭᠠᠴᠠᠯ ᠤᠨ ᠭᠠᠵᠠᠷ ᠪᠠᠶᠢᠳᠠᠭ᠃ ︽ᠲᠠᠯᠠᠶᠢᠨᠠᠭᠤᠷ︾ ︽ᠲᠤᠭᠤᠭ᠎ᠠ ᠬᠠᠶᠢᠷᠬᠠᠨ︾ ︽ᠠᠰᠬᠠᠳᠤ︾ ︽ᠤᠯᠠᠭᠠᠨ ᠪᠤᠳᠤᠩ︾᠂᠂᠂᠂ ᠬᠡᠬᠦ ᠮᠡᠳᠤ ᠶᠢᠨ ᠪᠠᠶᠢᠭᠠᠯᠢ ᠶᠢᠨ ᠴᠡᠴᠡᠷᠯᠢᠭ ᠪᠠᠶᠢᠵᠤ᠂ ᠲᠡᠯᠡᠬᠡᠢ ᠶᠢᠨ ᠬᠦᠮᠦᠰ ᠤᠨ ᠠᠩᠬᠠᠷᠤᠯ ᠢ ᠲᠠᠳᠠᠵᠤ᠂ ᠨᠤᠳᠤᠭ ᠤᠨ ᠬᠦᠮᠦᠰ ᠲᠤ ᠪᠠᠨ ᠪᠠᠶᠠᠷ ᠵᠢᠷᠭᠠᠯ ᠠᠪᠴᠢᠷᠠᠵᠤ ᠪᠠᠶᠢᠳᠠᠭ᠃ ᠵᠢᠯ ᠵᠢᠯ ᠤᠨ ᠵᠢᠷᠭᠤᠭᠠᠨ ᠰᠠᠷ᠎ᠠ ᠪᠤᠯᠪᠠᠯ ᠲᠦᠮᠡ ᠲᠦᠪᠦᠴᠢᠬᠢᠨᠡᠵᠤ᠂ ᠪᠤᠮᠠ ᠪᠤᠵᠢᠬᠢᠨᠠᠭᠰᠠᠨ ᠬᠤᠳᠠ ᠶᠢᠨ ᠲᠡᠪᠵᠢᠶᠠᠨ ᠠᠴᠠ ᠢᠷᠡᠭᠰᠡᠨ ᠬᠡᠶᠢᠴᠢᠳ ᠲᠡᠷᠭᠡ ᠲᠡᠷᠭᠡ ᠪᠠᠷ ᠡᠷᠡᠬᠦᠯ ᠠᠭᠠᠷ ᠢ ᠮᠢᠨᠢ ᠠᠮᠢᠰᠬᠤᠨ ᠰᠡᠳᠬᠢᠯ ᠰᠠᠨᠠᠭ᠎ᠠ ᠪᠠᠨ ᠴᠡᠪᠡᠷᠰᠢᠬᠦᠯᠤᠨ ᠂ ᠤᠶᠢᠳᠬᠠᠷ ᠪᠤᠬᠢᠨᠢᠳᠦᠯ ᠢᠶᠠᠨ ᠲᠠᠶᠢᠯᠠᠵᠤ ︽ᠠᠷᠰᠢ ᠶᠢᠨ ᠤᠷᠤᠨ ᠳ᠋ᠠ︾ ᠬᠡᠵᠤ ᠲᠠᠩᠨᠠᠢ ᠲᠠᠰᠢᠨ ᠮᠠᠭᠳᠠᠵᠤ ᠶᠠᠭᠤ ᠪᠦᠬᠦᠨ ᠢ ᠰᠤᠨᠢᠭᠤᠴᠢᠯᠠᠳᠠᠭ᠃        ᠡᠨᠡ ᠵᠢᠯ ᠤᠨ ᠵᠢᠷᠭᠤᠭᠠᠨ ᠰᠠᠷ᠎ᠠ ᠤᠶᠢᠷᠠᠳᠤᠯ᠎ᠠ᠃ ᠠᠪᠤ ᠡᠵᠢ ᠮᠢᠨᠢ ᠶᠠᠷᠢᠯᠴᠠᠭᠠᠳ ᠦᠪᠡᠷ  ᠤᠨ ᠢᠶᠠᠨ ᠰᠢᠷ᠎ᠠ ᠭᠠᠵᠠᠷ ᠲᠡᠭᠡᠷ᠎ᠡ ᠵᠢᠭᠤᠴᠢᠯᠠᠯ ᠤᠨ ᠭᠠᠵᠠᠷ ᠭᠠᠷᠠᠭᠬᠤ ᠪᠠᠷ ᠲᠤᠭᠳᠠᠯ᠎ᠠ᠃ ᠶᠠᠮᠠᠷ ᠴᠤ ᠶᠠᠭᠤᠮ᠎ᠠ ᠶᠢ ᠬᠡᠯᠡᠬᠦ ᠳᠤ ᠠᠮᠠᠷ ᠴᠤ ᠬᠢᠬᠦ ᠳᠤ ᠬᠠᠷᠢᠨ ᠬᠡᠴᠡᠭᠦᠦ ᠶᠤᠮ ᠪᠠᠶᠢᠨ᠎ᠠ᠃ ᠶᠠᠭᠤᠨ ᠤ ᠡᠮᠤᠨ᠎ᠠ ᠮᠤᠩᠭᠤᠯ ᠭᠡᠷ ᠭᠡᠷᠡᠭᠯᠡᠨ᠎ᠡ᠃ ᠪᠠᠭ᠎ᠠ ᠳᠤ ᠪᠠᠨ ᠲᠦᠷᠪᠡ ᠪᠠᠶᠢᠬᠤ ᠭᠡᠷᠡᠭᠳᠡᠢ ᠭᠡᠨ᠎ᠡ᠃ ᠠᠪᠤ ᠮᠢᠨᠢ ᠪᠠᠯᠪᠠᠷᠬᠠᠢ ᠮᠤᠲ᠋ᠤᠷ ᠢᠶᠠᠨ ᠤᠨᠤᠭᠠᠳ ᠪᠠᠩᠬᠢ ᠳᠤ ᠬᠦᠷᠦᠯ᠎ᠠ᠃ ᠵᠢᠭᠡᠯᠡᠮᠵᠢ ᠶᠢᠨ ᠮᠦᠩᠬᠦ ᠪᠠᠨ ᠦᠭᠬᠦᠭᠡᠳ ᠪᠠᠷᠠᠴᠢᠬᠠᠭᠰᠠᠨ ᠪᠠᠶᠢᠨ᠎ᠠ᠃ ᠤᠳᠤ ᠶᠠᠭᠠᠬᠢᠨ᠎ᠠ︖︕ ᠠᠪᠤ ᠮᠢᠨᠢ ᠲᠠᠮᠠᠬᠢ ᠪᠠᠨ ᠲᠠᠳᠠᠨ᠎ᠠ᠂ ᠡᠵᠢ ᠮᠢᠨᠢ ᠭᠠᠷ ᠢᠶᠠᠨ ᠨᠤᠬᠤᠯᠠᠨ᠎ᠠ᠃ ᠠᠪᠤ ᠪᠠᠰᠠ ᠯᠠ ᠪᠠᠯᠪᠠᠷᠬᠠᠢ ᠮᠤᠲ᠋ᠤᠷ ᠢᠶᠠᠨ ᠤᠨᠤᠭᠠᠳ ᠮᠤᠷᠳᠠᠯ᠎ᠠ᠃ ᠭᠠᠴᠠᠭᠠᠨ ᠤ ᠵᠦᠪᠯᠠᠯ ᠳᠤ ᠤᠴᠢᠵᠠᠢ᠃ ︽ᠠᠷᠭ᠎ᠠ ᠪᠤᠳᠤᠵᠤ ᠦᠭᠬᠦᠶ᠎ᠠ︾ ᠭᠡᠵᠤ ᠬᠡᠯᠡᠭᠰᠡᠨ ᠭᠡᠨ᠎ᠡ᠃ ᠠᠪᠤ ᠲᠤᠭᠳᠠᠪᠦᠷᠢ ᠠᠯᠳᠠᠵᠤ ︽ᠪᠤᠷᠤ ᠲᠠᠭ᠎ᠠ ᠪᠠᠨ ᠪᠤᠰᠤᠨ ᠪᠤᠰᠤᠨ ᠵᠠᠶᠢᠳᠠᠯᠠᠨ᠎ᠠ︾᠃ ᠡᠵᠢ ᠴᠤ ᠪᠠᠶᠢᠨ ᠪᠠᠶᠢᠨ ᠰᠠᠨᠠᠭ᠎ᠠ ᠠᠯᠳᠠᠨ᠎ᠠ᠃        ᠠᠪᠤ ᠶᠢᠨ ᠡᠬᠦᠯᠡ ᠪᠦᠷᠬᠦᠭᠰᠡᠨ ᠨᠢᠭᠤᠷ ᠲᠤ ᠪᠠᠶᠠᠷ ᠤᠨ ᠢᠨᠢᠶᠡᠳᠤ ᠲᠦᠬᠦᠷᠴᠤ᠂ ᠲᠤᠮᠤ ᠲᠤᠮᠤ ᠠᠯᠬᠤᠯᠠᠨ ᠤᠷᠤᠵᠤ ᠢᠷᠡᠭᠡᠳ ︽ᠭᠠᠴᠠᠭᠠᠨ ᠲᠠᠷᠤᠭ᠎ᠠ ᠢᠷᠡᠯ᠎ᠡ᠃ ᠴᠠᠢ ᠪᠡᠯᠡᠬᠡᠨ︖︾ ᠬᠡᠵᠤ ᠬᠡᠯᠡᠪᠡ᠃ ᠡᠵᠢ ᠴᠤ ᠪᠠᠶᠠᠷᠳᠠᠢ ᠨᠢ ᠠᠷᠭ᠎ᠠ ᠦᠬᠡᠢ ᠴᠠᠢ ᠪᠠᠨ ᠴᠢᠨᠠᠳᠠᠯ᠎ᠠ ᠪᠠᠷᠠᠭ᠎ᠠ ᠰᠢᠷᠡᠭᠡ ᠪᠠᠨ ᠲᠦᠪᠬᠢᠨᠡᠬᠦᠯᠵᠤ ᠤᠴᠢᠷ ᠤᠬᠠᠭᠠᠨ ᠦᠭᠡᠢ ᠶᠠᠭᠠᠷᠠᠨ᠎ᠠ᠃ ᠬᠠᠷᠢᠨ ᠪᠢ ︽ᠰᠠᠶᠢᠨ ᠮᠠᠭᠤ ᠴᠢᠮᠡᠭᠡ ᠶᠢᠨ ᠬᠢᠨᠢ ᠠᠯᠢ ᠨᠢ ᠪᠤᠯᠬᠤ ᠶᠢ ᠭᠡᠨ ᠮᠡᠳᠡᠨ᠎ᠡ ᠪᠤᠢ︖ ᠠᠷᠠᠢ ᠡᠷᠳᠡ ᠪᠠᠶᠠᠷᠯᠠᠵᠤ ᠦᠭᠡᠢ ᠪᠢᠵᠡ ᠳ᠋ᠡ︕︾ ᠬᠡᠵᠤ ᠠᠪᠤ ᠡᠵᠢ ᠶᠢᠨ ᠢᠶᠠᠨ ᠲᠦᠯᠦᠬᠡ ᠰᠠᠨᠠᠭ᠎ᠠ ᠪᠤᠯᠤᠯ᠎ᠠ᠃ ᠠᠪᠤ ᠶᠢ ᠮᠢᠨᠢ ︽ᠤᠳᠠᠰᠤᠨ ᠨᠢᠳᠤ ᠲᠠᠢ ᠴᠤ ᠬᠤᠯᠠ ᠶᠢᠨ ᠪᠠᠷ᠎ᠠ ᠳᠤ ᠰᠠᠶᠢᠨ︾ ᠬᠡᠵᠤ ᠨᠠᠶᠢᠵᠠ ᠨᠦᠬᠦᠳ ᠤᠨ ᠬᠢᠨᠢ ᠨᠠᠭᠠᠳᠤᠮ ᠬᠢᠳᠡᠭ ᠤᠨ ᠤᠴᠢᠷ ᠢ ᠤᠳᠤ ᠯᠠ ᠤᠶᠢᠯᠠᠭᠠᠯ᠎ᠠ᠃ ᠲᠡ᠊ — ᠷᠡ ᠬᠤᠯᠠ ᠴᠡᠴᠡᠭᠳᠤ ᠶᠢᠨ ᠲᠠᠯ᠎ᠠ ᠪᠠᠷ ᠲᠠᠪᠬᠢᠭᠤᠯᠵᠤ ᠶᠠᠪᠤᠭ᠎ᠠ ᠭᠠᠴᠠᠭᠠᠨ ᠲᠠᠷᠤᠭ᠎ᠠ ᠶᠢ ᠲᠠᠨᠢᠭᠰᠠᠨ ᠢᠶᠠᠷ ᠪᠠᠷᠠᠬᠤ ᠦᠬᠡᠢ ᠮᠠᠨ ᠤ  ᠬᠢ ᠶᠢ ᠴᠢᠭᠯᠡᠵᠤ ᠶᠠᠪᠤᠭ᠎ᠠ ᠶᠢ ᠴᠤ ᠪᠠᠳᠤᠳᠠᠢ ᠨᠤᠳᠠᠯᠠᠵᠤ ᠴᠢᠳᠠᠵᠠᠢ᠃        ᠭᠠᠴᠠᠭᠠᠨ ᠲᠠᠷᠤᠭ᠎ᠠ ᠦᠨᠡᠭᠡᠷᠡᠨ ᠮᠠᠨ ᠤ ᠳᠤ ᠢᠷᠡᠵᠠᠢ᠃ ᠪᠢᠰᠢ᠂ ᠪᠢᠰᠢ᠃ ᠮᠠᠨ ᠳᠤ ᠪᠠᠶᠠᠷ  ᠤᠨ ᠴᠢᠮᠡᠭᠡ ᠢᠷᠡᠵᠠᠢ᠃ ᠰᠢᠯᠢ ᠶᠢᠨ ᠭᠤᠤᠯ ᠤᠨ ᠰᠢᠯᠤᠭᠤᠨ ᠬᠦᠭᠡ ᠬᠤᠰᠢᠭᠤᠨ ᠠᠴᠠ ᠵᠢᠷᠭᠤᠭᠠᠨ ᠬᠠᠨ᠎ᠠ ᠲᠠᠢ ᠮᠤᠩᠭᠤᠯ ᠭᠡᠷ ᠭᠤᠷᠪᠠ᠂ ᠨᠠᠢᠮᠠᠨ ᠬᠠᠨ᠎ᠠ ᠲᠠᠢ ᠮᠤᠩᠭᠤᠯ ᠭᠡᠷ ᠨᠢᠭᠡ ᠶᠢ ᠵᠠᠬᠢᠶᠠᠯᠠᠴᠢᠬᠠᠭᠰᠠᠨ ᠶᠤᠮ ᠬᠡᠨ᠎ᠡ᠃ ᠤᠳᠠᠯ ᠦᠭᠡᠢ ᠢᠷᠡᠬᠦ ᠭᠡᠨ᠎ᠡ᠃ ᠶᠠᠭᠠᠬᠢᠭᠰᠠᠨ ᠪᠠᠶᠠᠷ ᠲᠠᠢ ᠤᠴᠢᠷ ᠪᠤᠢ︖︕ ᠪᠢ ᠰᠠᠶ᠋ᠢ ᠶᠢᠨ ᠪᠤᠳᠤᠭᠰᠠᠨ ᠳᠤ ᠪᠠᠨ ᠢᠴᠢᠩᠬᠦᠷᠡᠬᠦ‍ ᠰᠢᠭ ᠪᠤᠯᠤᠯ᠎ᠠ᠃ ᠨᠢᠭᠤᠷ ᠮᠢᠨᠢ ᠨᠢᠯᠴᠢᠬᠢᠨᠡᠯ᠎ᠡ᠃        ᠭᠠᠴᠠᠭᠠᠨ ᠲᠠᠷᠤᠭ᠎ᠠ ᠪᠠᠰᠠ ᠰᠢᠷᠡᠭᠡ ᠰᠠᠨᠳᠠᠯᠢ ᠤᠯᠬᠤ᠂ ᠮᠤᠷᠢ ᠤᠨᠤᠭ᠎ᠠ ᠤᠯᠬᠤ ᠵᠡᠷᠭᠡ ᠤᠴᠢᠷ ᠤᠳ ᠢ ᠠᠪᠤ ᠲᠠᠢ ᠶᠠᠷᠢᠯᠴᠠᠵᠤ᠂ ︽ᠬᠢᠪᠡᠯ ᠨᠢᠭᠡᠮᠤᠰᠤᠨ ᠵᠡᠭᠡᠭᠡᠭᠰᠡᠨ ᠬᠢᠭᠰᠡᠨ ᠨᠢ ᠲᠡᠭᠡᠷ᠎ᠡ᠂ ᠮᠠᠨ ᠤ ᠠᠳᠡ ᠵᠤᠴᠢᠳ ᠠᠷᠪᠢᠨ᠂ ᠠᠯᠳᠠᠬᠤ ᠤᠴᠢᠷ ᠦᠭᠡᠢ᠂ ᠲᠦᠳᠡᠭ ᠭᠠᠯ ᠤᠨ ᠦᠳᠡᠰᠢᠯᠡᠭᠡ ᠡᠷᠬᠢᠯᠡᠭᠰᠡᠨ ᠴᠤ ᠪᠤᠯᠤᠨ᠎ᠠ᠂ ᠶᠠᠭᠤ ᠲᠤᠳᠠᠪᠠᠯ ᠨᠠᠮᠠᠢᠢ ᠡᠷᠢ︕︾ ᠬᠡᠵᠤ ᠵᠤᠷᠢᠭᠵᠢᠭᠤᠯᠵᠤ ᠪᠠᠶᠢᠯ᠎ᠠ᠃        ᠶᠠᠮᠠᠷ ᠶᠠᠭᠤᠮ᠎ᠠ ᠶᠢ ᠬᠢᠬᠦ ᠳᠤ ᠴᠤ ᠭᠠᠷ ᠮᠡᠭᠦᠰᠳᠡᠵᠤ ᠭᠠᠨᠵᠤᠭ᠎ᠠ ᠲᠤᠳᠠᠬᠤ ᠶᠠᠪᠤᠳᠠᠯ ᠵᠦᠩᠳᠡᠭᠡᠨ ᠪᠠᠶᠢᠳᠠᠭ ᠴᠤ ᠡᠶᠢᠮᠤ ᠰᠠᠶᠢᠬᠠᠨ ᠵᠠᠰᠠᠭ ᠤᠨ ᠬᠠᠯᠠᠮᠵᠢᠯᠠᠯ ᠲᠠᠢ ᠴᠠᠭ ᠲᠤ ᠶᠠᠭᠤᠨ ᠳᠤ ᠪᠠᠨ ᠰᠠᠨᠠᠭ᠎ᠠ ᠵᠤᠪᠠᠭ᠋ᠤ ᠪᠢᠯᠠ︕        ᠵᠤᠴᠢᠨᠰᠠᠭ ᠵᠠᠩ ᠲᠠᠢ ᠮᠠᠯᠴᠢᠨ ᠠᠪᠤ ᠡᠵᠢ ᠮᠢᠨᠢ ᠲᠦᠷᠪᠡᠨ ᠵᠦᠭ ᠠᠴᠠ ᠢᠷᠡᠭᠰᠡᠨ ᠵᠤᠴᠢᠳ  ᠢ ᠤᠯᠠᠮᠵᠢᠯᠠᠯᠳᠤ ᠰᠠᠶᠢᠬᠠᠨ ᠵᠠᠩᠰᠢᠯ ᠢᠶᠠᠷ ᠢᠶᠠᠨ ᠬᠠᠯᠠᠭᠤᠨ ᠭᠠᠷ ᠢᠶᠠᠨ ᠰᠤᠩᠭᠤᠨ ᠤᠭᠳᠤᠵᠤ᠂ ᠰᠦ ᠲᠠᠢ ᠴᠠᠢ᠂ ᠴᠢᠨᠠᠭᠰᠠᠨ ᠬᠤᠨᠢᠨ ᠮᠢᠬ᠎ᠠ᠂ ᠠᠶᠢᠷᠠᠭ ᠴᠡᠭᠡ᠂ ᠠᠮᠳᠠᠳᠠᠨ ᠤ ᠲᠡᠭᠡᠵᠢ ᠪᠠᠷ ᠢᠶᠠᠨ ᠵᠤᠴᠢᠯᠡᠨ ᠲᠠᠶᠢᠯᠵᠤ᠂ ᠡᠭᠡᠰᠢᠭᠳᠦ ᠮᠤᠷᠢᠨ ᠬᠤᠭᠤᠷ ᠢᠶᠠᠨ ᠬᠦᠭᠯᠡᠵᠤ᠂ ᠠᠨᠳᠠᠢ ᠪᠦᠵᠢᠭ ᠢᠶᠠᠨ ᠪᠦᠵᠢᠭᠯᠡᠨ᠂ ᠠᠯᠳᠠᠨ ᠬᠤᠨᠳᠠᠭ᠎ᠠ ᠪᠠᠨ ᠡᠷᠭᠦᠨ᠂ ᠲᠦᠳᠡᠭ ᠭᠠᠯ ᠢᠶᠠᠨ ᠲᠤᠭᠤᠷᠢᠨ ᠭᠠᠷ ᠭᠠᠷ ᠢᠶᠠᠨ ᠬᠤᠯᠪᠤᠯᠴᠠᠨ᠂ ᠰᠡᠳᠬᠢᠯ ᠰᠡᠳᠬᠢᠯ ᠢᠶᠠᠨ ᠤᠶᠢᠯᠠᠭᠠᠯᠴᠠᠨ ᠪᠠᠶᠠᠰᠤᠨ ᠬᠦᠭᠡᠷᠤᠯᠳᠤᠨ᠎ᠡ᠃        ᠠᠪᠤ ᠡᠵᠢ ᠲᠠᠢ ᠮᠢᠨᠢ ᠠᠳᠠᠯᠢᠬᠠᠨ ᠮᠠᠰᠢ ᠤᠯᠠᠨ ᠮᠠᠯᠴᠢᠳ ᠵᠢᠭᠤᠯᠴᠢᠯᠠᠯ ᠮᠡᠳᠤ ᠶᠢᠨ ᠭᠤᠷᠪᠠᠳᠤᠭᠠᠷ ᠠᠵᠤ ᠦᠢᠯᠡᠰ ᠡᠷᠬᠢᠯᠡᠨ ᠠᠵᠤ ᠠᠬᠤᠢ ᠶᠢᠨ ᠤᠷᠤᠯᠭ᠎ᠠ ᠪᠠᠨ ᠨᠡᠮᠡᠭᠳᠡᠭᠦᠯᠦᠭᠰᠡᠨ ᠠᠴᠠ ᠨᠤᠳᠤᠭ ᠤᠰᠤ ᠮᠢᠨᠢ ᠰᠡᠷᠭᠦᠵᠤ᠂ ᠨᠠᠷᠠ ᠨᠢ ᠨᠠᠯᠠᠶᠢᠵᠤ᠂ ᠬᠤᠷ᠎ᠠ ᠨᠢ ᠰᠡᠩᠰᠡᠷᠡᠭᠰᠡᠨ ᠦᠩᠰᠢᠭ ᠵᠢᠯ ᠦᠷᠭᠦᠯᠵᠢᠯᠡᠬᠦ ᠪᠤᠯᠵᠠᠢ᠃        ᠲᠠᠯ᠎ᠠ ᠶᠢᠨ ᠠᠭᠤᠳᠠᠮ ᠦᠷᠦᠴᠡᠨ ᠳᠠᠬᠢ ᠲᠠᠨᠠᠨ ᠴᠠᠭᠠᠨ ᠮᠤᠩᠭᠤᠯ ᠭᠡᠷ ᠤᠳ ᠴᠠᠶᠢᠯᠠᠯᠵᠠᠨ᠂ ᠲᠤᠷᠤᠨ᠎ᠠ ᠠᠴᠠ ᠮᠠᠨᠳᠤᠬᠤ ᠨᠠᠷᠠᠨ ᠤ ᠲᠤᠶᠠᠭᠠᠨ ᠳᠤ ᠤᠯᠠᠮ ᠬᠢᠯᠠᠯᠠᠵᠠᠨ ᠬᠠᠷᠠᠭᠳᠠᠨ᠎ᠠ᠃                          ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ                        ᠠᠩᠬ᠎ᠠ ᠬᠤᠶᠠᠷ ᠤᠨ ᠬᠤᠶᠠᠳᠤᠭᠠᠷ ᠠᠩᠬᠢ ᠶᠢᠨ ᠠᠯᠢᠶ᠎ᠠ                        ᠵᠢᠯᠤᠭᠤᠳᠤᠭᠰᠠᠨ ᠪᠠᠭᠰᠢ᠄ ᠰᠠᠷᠠᠭᠤᠯᠴᠢᠮᠡᠭ 
 
ᠢᠷᠡᠯᠲᠡ᠄ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号