﹇ᠲᠤᠷᠠᠰᠬᠠᠯ ᠤᠨ ᠤᠪᠤᠭ᠎ᠠ﹈ ᠰᠠᠶᠢᠪᠠᠩ ᠤᠪᠤᠭ᠎ᠠ
ᠨᠡᠶᠢᠲᠡᠯᠡᠭᠰᠡᠨ ᠴᠠᠭ᠄
2014/4/29
        ᠰᠠᠶᠢᠪᠠᠩ ᠤᠪᠤᠭ᠎ᠠ — ᠲᠠᠷᠬᠠᠬᠠᠭᠤᠯᠠ ᠰᠤᠮᠤᠨ ᠤ ᠪᠠᠷᠠᠭᠤᠨ ᠬᠤᠶᠢᠨ᠎ᠠ᠂ ᠲᠠᠯᠠᠢ ᠨᠠᠭᠤᠷ  ᠠᠴᠠ ᠡᠮᠤᠨᠡᠰᠢ ᠬᠡᠳᠤᠨ ᠭᠠᠵᠠᠷ ᠤᠨ ᠠᠯᠤᠰ ᠲᠤ ᠪᠠᠶᠢᠬᠤ ᠬᠠᠶᠢᠯᠠᠰᠤ ᠪᠤᠷᠭᠠᠰᠤᠨ ᠰᠢᠭᠤᠢ ᠵᠢᠭᠳᠡᠷᠡᠭᠰᠡᠨ ᠪᠠᠶᠢᠭᠠᠯᠢ  ᠶᠢᠨ ᠦᠵᠡᠮᠵᠢ ᠪᠠᠷ ᠭᠤᠶᠢᠳᠠ ᠰᠠᠶᠢᠬᠠᠨ ᠡᠨᠡ ᠭᠠᠵᠠᠷ ᠲᠤ 1929 ᠤᠨ ᠳᠤ ᠶᠢᠰᠦᠳᠦᠬᠡᠷ ᠲᠦᠷᠢ ᠶᠢᠨ ᠪᠠᠨᠴᠢᠨ ᠪᠤᠭᠳᠠ ᠬᠡᠰᠢᠭᠳᠡᠨ ᠳᠤ ᠮᠤᠷᠢᠯᠡᠨ ᠢᠷᠡᠬᠦ ᠵᠠᠮ ᠳᠠᠭᠠᠨ ᠠᠳᠠ ᠪᠠᠭᠤᠳᠠᠯᠯᠠᠵᠠᠢ᠃ ᠠᠳᠡᠬᠢ ᠶᠢᠨ ᠠᠷᠠᠳ ᠤᠳ ᠪᠤᠭᠳᠠ  ᠶᠢᠨ ᠪᠠᠭᠤᠳᠠᠯᠯᠠᠭᠰᠠᠨ ᠭᠠᠵᠠᠷ ᠬᠡᠮᠡᠨ ᠰᠦᠰᠦᠭᠯᠡᠨ ᠴᠢᠯᠠᠭᠤ ᠪᠠᠷ ᠪᠠᠭ᠎ᠠ ᠬᠡᠯᠪᠡᠷᠢ ᠶᠢᠨ ᠰᠤᠪᠤᠷᠭ᠎ᠠ ᠴᠠᠪᠴᠢᠵᠤ ᠤᠪᠤᠭ᠎ᠠ ᠪᠤᠰᠬᠠᠵᠤ ᠲᠠᠯᠪᠢᠵᠠᠢ᠃ ᠲᠤᠰ ᠰᠤᠪᠤᠷᠭ᠎ᠠ ᠤᠪᠤᠭ᠎ᠠ ᠨᠢ ᠲᠠᠷᠤᠢ ᠲᠤᠷᠠᠰᠬᠠᠯ ᠤᠨ ᠤᠪᠤᠭ᠎ᠠ ︵ᠲᠤᠷᠠᠰᠬᠠᠯ  ᠤᠨ ᠤᠪᠤᠭ᠎ᠠ ᠬᠡᠳᠡᠭ ᠨᠢ ᠶᠠᠮᠠᠷ ᠨᠢᠬᠡᠨ ᠬᠠᠭᠠᠨ ᠪᠤᠭᠳᠠ ᠮᠡᠳᠤ ᠶᠢᠨ ᠨᠡᠷ᠎ᠡ ᠬᠦᠨᠳᠤᠳᠤ ᠬᠦᠮᠦᠰ ᠪᠠᠭᠤᠳᠠᠯᠯᠠᠵᠤ ᠦᠩᠬᠡᠷᠡᠭᠰᠡᠨ ᠭᠠᠵᠠᠷ ᠲᠤ ᠤᠪᠤᠭ᠎ᠠ ᠪᠤᠰᠬᠠᠭᠰᠠᠨ ᠢ ᠲᠤᠷᠠᠰᠬᠠᠯ ᠤᠨ ᠤᠪᠤᠭ᠎ᠠ ᠬᠡᠳᠡᠭ ︶ ᠪᠤᠯᠪᠠ᠃ ᠠᠷᠠᠳ  ᠤᠳ ᠪᠠᠰᠠ ︽ᠰᠠᠶᠢᠪᠠᠩ ᠤᠨ ᠤᠪᠤᠭ᠎ᠠ︾ ᠬᠡᠵᠤ ᠨᠡᠷᠡᠯᠡᠨ᠎ᠡ᠃       ᠨᠦᠬᠦᠬᠡ ᠨᠢᠭᠡ ᠤᠴᠢᠷ ᠨᠢ᠂ ᠡᠷᠳᠠ ᠦᠶ᠎ᠡ ᠳᠤ ᠰᠠᠶᠢᠪᠠᠩ ᠬᠡᠳᠡᠭ ᠬᠦᠮᠦᠨ ᠮᠢᠩᠭᠠᠨ ᠬᠤᠨᠢ  ᠪᠠᠨ ᠬᠦᠬᠡᠬᠡᠵᠤ ᠶᠠᠪᠤᠵᠤ ᠪᠠᠶᠢᠭᠠᠳ ᠰᠦᠨᠢ ᠶᠢᠨ ᠮᠠᠨᠠᠭᠠᠨ ᠳᠤ ᠰᠠᠯᠳᠡᠵᠤ ᠬᠤᠨᠢᠨ ᠰᠦᠷᠦᠭ ᠢᠶᠠᠨ ᠪᠦᠬᠦᠨ ᠢ ᠠᠯᠳᠠᠵᠤ ᠶᠠᠪᠤᠭᠤᠯᠵᠠᠢ᠃ ᠲᠠᠷᠠᠭ᠎ᠠ ᠦᠷᠯᠦᠬᠡ ᠨᠢ ᠤᠶᠢᠷ᠎ᠠ ᠬᠠᠪᠢ ᠶᠢᠨ ᠬᠠᠮᠤᠭ ᠤᠨ ᠦᠨᠳᠦᠷᠯᠢᠭ ᠮᠠᠩᠬᠠᠨ ᠤ ᠡᠩᠬᠡᠷ ᠲᠤ ᠬᠤᠨᠢᠳ ᠨᠢ ᠲᠤᠭ᠎ᠠ ᠶᠤᠰᠤᠭᠠᠷ ᠲᠠᠪᠠᠳᠠᠢ ᠰᠠᠶᠢᠬᠠᠨ ᠬᠡᠪᠳᠡᠵᠤ ᠪᠠᠶᠢᠪᠠ ᠬᠡᠨ᠎ᠡ᠃ ᠰᠠᠶᠢᠪᠠᠩ ᠠᠯᠳᠠᠭᠰᠠᠨ ᠬᠤᠨᠢ ᠪᠠᠨ ᠤᠯᠵᠤ ᠠᠪᠤᠭᠠᠳ ᠪᠠᠶᠠᠷᠯᠠᠬᠤ ᠶᠢᠨ ᠶᠡᠭᠡ ᠪᠠᠷ ᠪᠠᠶᠠᠷᠯᠠᠵᠤ᠂ ᠡᠨᠡᠬᠦ ᠦᠨᠳᠤᠷ ᠮᠠᠩᠬᠠᠨ ᠠᠭᠤᠯᠠ ᠶᠢᠨ ᠰᠠᠬᠢᠭᠤᠯᠰᠤᠨ ᠦᠷᠦᠰᠢᠶᠡᠯ᠎ᠡ ᠬᠡᠵᠤ ᠰᠦᠰᠦᠭᠯᠡᠨ ᠴᠢᠯᠠᠭᠤ ᠵᠦᠬᠡᠬᠡᠵᠤ ᠪᠠᠶᠢᠭᠠᠳ ᠤᠪᠤᠭ᠎ᠠ ᠪᠤᠰᠬᠠᠵᠤ ᠲᠠᠯᠪᠢᠵᠠᠢ ᠬᠡᠨ᠎ᠡ᠃ ᠢᠩᠬᠢᠭᠡᠳ ᠲᠡᠷᠡ ᠤᠪᠤᠭ᠎ᠠ ᠶᠢ ᠵᠠᠷᠢᠮ ᠨᠢ ︽ᠰᠠᠶᠢᠪᠠᠩ ᠤᠪᠤᠭ᠎ᠠ︾ ᠬᠡᠳᠡᠭ ᠬᠡᠨ᠎ᠡ᠃          ※ ᠲᠤᠰ ᠰᠦᠯᠵᠢᠶᠡᠨ ᠤ ︽ᠪᠤᠰᠤᠳ ᠬᠠᠶᠢᠷᠬᠠᠨ ᠤᠪᠤᠭᠠᠳ︾ ᠪᠤᠯᠤᠩ ᠳᠤ ᠨᠡᠶᠢᠳᠡᠯᠡᠭᠰᠡᠨ ᠤᠪᠤᠭᠠᠳ ᠠᠴᠠ ᠭᠠᠳᠠᠨ᠎ᠠ ᠪᠠᠰᠠ ᠵᠠᠩᠬᠢ ᠶᠢᠨ ᠤᠪᠤᠭ᠎ᠠ᠂ ᠬᠠᠯᠬ᠎ᠠ ᠤᠪᠤᠭ᠎ᠠ᠂ ᠬᠤᠩᠭᠤᠷ ᠤᠪᠤᠭ᠎ᠠ᠂ ᠸᠴᠢᠷ ᠤᠨ ᠤᠪᠤᠭ᠎ᠠ᠂ ᠬᠤᠤᠰ ᠤᠪᠤᠭ᠎ᠠ᠂ ᠮᠠᠨᠠᠨᠳᠤ ᠶᠢᠨ ᠤᠪᠤᠭ᠎ᠠ᠂ ᠤᠰᠤᠨ ᠤᠷᠤᠢ ᠶᠢᠨ ᠤᠪᠤᠭ᠎ᠠ᠂ ᠷᠠᠰᠢᠶᠠᠨ ᠤᠪᠤᠭ᠎ᠠ᠂ ᠰᠠᠶᠢᠨᠪᠤᠯᠠᠭ ᠤᠪᠤᠭ᠎ᠠ ᠬᠡᠳ ᠬᠤᠪᠢ ᠬᠦᠮᠦᠨ ᠤ ᠲᠠᠬᠢᠳᠠᠭ ᠤᠪᠤᠭ᠎ᠠ ᠪᠤᠶᠤ ᠵᠠᠮ ᠤᠨ ᠤᠪᠤᠭᠠᠳ ᠪᠢᠰᠢᠬᠦᠢ ᠪᠠᠶᠢᠳᠠᠭ᠂ ᠠᠳᠠ ᠲᠤᠪᠴᠢᠯᠠᠪᠠ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠤᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号