| | ᠲᠡᠯᠭᠡᠷ ᠰᠠᠶᠢᠬᠠᠨ ᠵᠤᠨ ᠤ ᠠᠮᠠᠷᠠᠯᠳᠠ ᠮᠢᠨᠢ ᠭᠦᠷᠦᠭᠡᠳ ᠢᠷᠡᠯ᠎ᠡ᠃ ᠬᠦᠳᠡᠭᠡ ᠶᠢᠨ ᠴᠡᠪᠡᠷ | ᠰᠠᠶᠢᠬᠠᠨ ᠠᠭᠠᠷ ᠢ ᠴᠡᠭᠡᠵᠢ ᠠᠭᠤᠵᠢᠷᠠᠳᠠᠯ᠎ᠠ ᠠᠮᠢᠰᠬᠤᠯᠯᠠᠨ᠂ ᠬᠤᠷᠠᠭ᠎ᠠ ᠲᠤᠭᠤᠯ ᠲᠠᠢ ᠪᠠᠨ ᠨᠤᠴᠤᠯᠳᠤᠨ᠂ ᠬᠡᠬᠡᠷ᠎ᠡ | ᠶᠢᠨ ᠴᠡᠴᠡᠭ ᠲᠡᠭᠦᠨ ᠴᠠᠭᠠᠷᠢᠭ ᠪᠤᠯᠭᠠᠨ ᠵᠡᠭᠦᠵᠤ ᠨᠠᠭᠠᠳᠬᠤ ᠴᠠᠭ ᠮᠢᠨᠢ ᠪᠤᠯᠤᠯ᠎ᠠ ᠭᠡᠵᠤ ᠪᠤᠳᠤᠬᠤ ᠪᠠᠷ ᠰᠢᠬᠢᠷ | ᠡᠮᠬᠦᠭᠰᠡᠨ ᠠᠴᠠ ᠬᠤᠯᠠ ᠢᠯᠡᠬᠦᠤ ᠠᠮᠳᠠᠳᠠᠢ ᠪᠠᠶᠢᠯ᠎ᠠ᠃ ᠲᠡᠭᠡᠭᠡᠳ ᠯᠠ ᠵᠢᠭᠠᠰᠤᠨ ᠲᠠᠯᠠᠪᠤᠷ ᠤᠨ ᠠᠶᠠᠨᠴᠢᠳ ᠤᠨ | ᠮᠠᠰᠢᠨ ᠲᠡᠷᠭᠡᠨ ᠳᠤ ᠭᠠᠷᠴᠤ ᠨᠤᠳᠤᠭ ᠲᠤ ᠪᠠᠨ ᠬᠦᠷᠭᠦ ᠶᠢ ᠶᠠᠭᠠᠷᠠᠯ᠎ᠠ᠃ | ᠠᠶᠠᠨᠴᠢᠳ ᠤᠨ ᠲᠡᠷᠭᠡ ᠨᠤᠮᠢᠨ ᠲᠠᠪᠠᠯᠭᠠᠨ ᠬᠠᠯᠢᠭᠤᠷᠠᠭᠰᠠᠨ ᠬᠦᠩᠭᠡᠷ ᠤᠨ ᠲᠠᠯ᠎ᠠ᠂ ᠠᠳᠠᠨ | ᠲᠡᠮᠡᠭᠡ ᠲᠡᠰᠢᠬᠦᠯᠦᠭᠰᠡᠨ ᠲᠤᠮᠤᠭᠳᠤ ᠨᠤᠳᠤᠭ — 《 ᠲᠡᠮᠡᠭᠡᠨ ᠬᠠᠳᠠ 》 ᠪᠠᠷ ᠦᠩᠭᠡᠷᠡᠳᠡᠭ ᠪᠤᠯᠬᠤᠷ ᠨᠤᠳᠤᠭ | ᠤᠨ ᠢᠶᠠᠨ ᠲᠡᠯᠭᠡᠷ ᠵᠤᠨ ᠤ ᠭᠦᠭᠵᠢᠯᠳᠤ ᠰᠠᠶᠢᠬᠠᠨ ᠦᠩᠭᠡ ᠲᠦᠷᠰᠤ ᠶᠢ ᠬᠠᠷᠠᠬᠤ ᠪᠠᠷ ᠰᠡᠳᠭᠢᠯ ᠭᠦᠭᠰᠡᠨ ᠪᠠᠶᠠᠷᠳᠠᠢ | ᠪᠠᠶᠢᠯ᠎ᠠ᠃ | ᠮᠢᠨᠤ ᠬᠠᠵᠠᠭᠤ ᠳᠤ ᠰᠠᠭᠤᠭᠰᠠᠨ ᠬᠤᠶᠠᠷ ᠠᠪᠠᠭ᠎ᠠ ᠤᠳᠠᠭᠠᠨ ᠠᠭᠤᠯᠵᠠᠭᠰᠠᠨ ᠦᠬᠡᠢ | ᠪᠤᠯᠤᠯᠳᠠᠢ ᠠᠮᠤᠷ ᠰᠠᠶᠢᠨ ᠢᠶᠠᠨ ᠠᠰᠠᠭᠤᠯᠴᠠᠭᠰᠠᠨ ᠢᠶᠠᠨ ᠵᠤᠭᠤᠭᠳᠠᠵᠤ ᠡᠬᠢᠯᠡᠯ᠎ᠡ᠃ | — ᠲᠠᠨ ᠤ ᠬᠢᠨ ᠤ ᠦᠨᠦ ᠵᠢᠯ ᠤᠨ ᠬᠠᠳᠤᠯᠠᠩ ᠪᠡᠯᠴᠢᠭᠡᠷ ᠶᠠᠮᠠᠷ ᠵᠡᠷᠭᠡ ᠪᠤᠢ︖ | — ᠪᠠᠷᠤᠭᠳᠠᠶᠢᠬᠠᠨ ᠯᠠ᠂ ᠡᠨᠡ ᠵᠢᠯ ᠤᠨ ᠭᠠᠩ ᠬᠡᠴᠡᠭᠦᠤ ᠪᠠᠶᠢᠨ᠎ᠠ᠃ ᠪᠤᠷᠤᠭᠠᠨ ᠦᠭᠡᠢ᠂ | ᠮᠠᠯ ᠴᠠᠳᠬᠤ ᠦᠭᠡᠢ ᠪᠠᠶᠢᠨ᠎ᠠ᠃ | — ᠠᠢ᠂ ᠡᠪᠤᠯ ᠬᠠᠪᠤᠷ ᠯᠡ ᠠᠮᠤᠷ ᠦᠭᠡᠢ᠂ ᠮᠠᠯᠴᠢᠳ ᠤᠨ ᠠᠮᠢᠳᠤᠷᠠᠯ ᠬᠡᠴᠡᠭᠦᠳᠡᠵᠤ | ᠤᠷᠤᠭᠤᠳᠠᠬᠤ ᠨᠢ ᠳ᠋ᠡ︕ | — ᠬᠠᠷᠢᠨ ᠰᠢᠳᠡ᠂ ᠦᠩᠭᠡᠷᠡᠭᠰᠡᠨ ᠡᠪᠤᠯ ᠤᠨ ᠵᠤᠳ ᠲᠤ ᠬᠠᠷᠮᠠᠨ ᠳᠠᠬᠢ 《 ᠢᠮᠡᠷᠳᠡᠭ | 》 ᠢᠶᠠᠨ ᠡᠪᠡᠰᠤ ᠪᠤᠷᠳᠤᠭᠠᠨ ᠳᠤ ᠦᠭᠴᠤ ᠲᠠᠭᠤᠰᠤᠯ᠎ᠠ ᠰᠢᠤ᠃ | — ᠬᠡᠩ᠂ ᠲᠠᠨ ᠤ ᠬᠢᠨ ᠪᠠᠰᠠ ᠦᠭᠴᠢᠬᠡᠭᠰᠡᠨ ᠰᠢᠳᠡ᠂ ᠮᠠᠨ ᠤ ᠬᠢ ᠪᠠᠰᠠ ᠬᠠᠭᠠᠰ ᠢ | ᠨᠢ ᠦᠭᠭᠦᠬᠡᠳᠦᠢ ᠪᠠᠶᠢᠭᠰᠠᠭᠠᠷ᠂ ᠦᠨᠦ ᠵᠢᠯ ᠲᠠᠬᠢᠭᠠᠳ ᠭᠠᠩᠳᠠᠭᠰᠠᠨ ᠴᠢᠨᠢ ᠪᠠᠰᠠ ᠯᠠ ᠡᠪᠠᠰᠤ ᠪᠤᠷᠳᠤᠭ᠎ᠠ | ᠬᠤᠳᠠᠯᠳᠤᠨ ᠠᠪᠴᠤ ᠦᠷᠢ ᠳᠤ ᠤᠨᠠᠬᠤ ᠨᠢ ᠡ︕ | — ᠤᠳᠤ ᠶᠠᠭᠠᠬᠢᠳᠠᠭ ᠢ ᠪᠤᠤ ᠮᠠᠳᠡ︖ | — ᠮᠠᠨ ᠤ ᠪᠠᠭ᠎ᠠ ᠳᠤ ᠶᠠᠮᠠᠷ ᠭᠤᠶᠤ ᠪᠠᠶᠢᠯ᠎ᠠ᠂ ᠪᠡᠯᠴᠢᠭᠡᠷ ᠬᠠᠳᠤᠯᠠᠩ ᠬᠡᠵᠤ ᠡᠮᠡᠭᠡᠯ ᠲᠠᠢ | ᠮᠤᠷᠢᠨ ᠤ ᠲᠦᠷᠦᠭᠡ ᠰᠢᠭᠦᠷᠤᠮᠡ ᠤᠷᠭᠤᠵᠤ᠂ ᠲᠡᠷᠡ ᠲᠡᠷᠡᠰᠤ ᠬᠤᠯᠤᠰᠤ ᠭᠡᠵᠤ ᠬᠦᠮᠦᠨ ᠠᠴᠠ ᠦᠨᠳᠦᠷ ᠪᠠᠶᠢᠵᠤ᠂ | ᠤᠷᠭ᠎ᠠ ᠶᠢᠨ ᠦᠵᠦᠭᠦᠷ ᠯᠡ ᠬᠠᠷᠠᠭᠳᠠᠳᠠᠭ ᠪᠠᠶᠢᠭᠰᠠᠨ᠂ ᠡᠪᠡᠰᠤ ᠮᠤᠳᠤ ᠢᠭᠴᠤ ᠰᠠᠬᠤᠯᠢᠭ ᠪᠠᠶᠢᠭᠰᠠᠨ ᠪᠤᠯᠬᠤᠷ | ᠬᠡᠬᠡᠷ᠎ᠡ ᠶᠢᠨ ᠠᠮᠢᠳᠠᠨ ᠴᠤ ᠤᠯᠠᠨ᠂ ᠮᠠᠨᠤᠰ ᠠᠳᠤᠭᠤ ᠪᠠᠨ ᠮᠠᠨᠠᠳᠠᠭ ᠪᠠᠶᠢᠭᠰᠠᠨ ᠪᠢᠰᠢᠤ᠃ | — ᠠᠢ᠂ ᠤᠳᠤ ᠤᠤ︖ ᠲᠦᠷᠪᠡᠨ ᠬᠦᠯᠳᠦ ᠬᠡᠬᠡᠷ᠎ᠡ ᠶᠢᠨ ᠠᠮᠢᠳᠡᠨ ᠠᠴᠠ ᠬᠤᠶᠡᠷ | ᠬᠦᠯᠳᠤ ᠨᠢ ᠬᠡᠴᠡᠭᠦᠤ ᠪᠤᠯᠵᠤ ᠰᠢᠤ᠂ ᠤᠷᠵᠢᠳᠦᠷ ᠰᠦᠨᠢ ᠪᠠᠳᠤ ᠶᠢᠨ ᠬᠤᠶᠠᠷ ᠦᠭᠡᠷ ᠨᠢ ᠠᠯᠠᠭ᠎ᠠ ᠪᠤᠯᠴᠢᠬᠠᠵᠠᠢ | ᠭᠡᠳ ᠡᠷᠢᠯ ᠪᠤᠯᠵᠤ ᠪᠠᠶᠢᠭᠰᠠᠨ ᠳ᠋ᠡ᠃ | ᠬᠤᠶᠠᠷ ᠠᠪᠠᠭ᠎ᠠ ᠶᠢᠨ ᠠᠶᠢᠯ ᠠᠶᠢᠮᠠᠭ᠂ ᠨᠤᠳᠤᠭ ᠤᠰᠤᠨ ᠤ ᠲᠤᠬᠠᠢ ᠵᠤᠭᠤᠭ | ᠦᠷᠭᠦᠯᠵᠢᠯᠡᠭᠰᠡᠭᠡᠷ᠂᠂᠂ ᠪᠢ ᠬᠤᠶᠠᠷ ᠠᠪᠠᠭ᠎ᠠ ᠶᠢᠨ ᠵᠤᠭᠤᠭ ᠢ ᠴᠢᠩᠨᠠᠭᠰᠠᠭᠠᠷ ᠪᠠᠶᠢᠵᠤ ᠨᠢᠭᠡ ᠮᠡᠳᠡᠬᠦ ᠳᠤ ︽ | ᠲᠡᠮᠡᠭᠡᠨ ᠬᠠᠳᠠ︾ ᠦᠩᠭᠡᠷᠡᠵᠤ᠂ ᠬᠦᠩᠭᠡᠷ ᠤᠨ ᠲᠠᠯ᠎ᠠ ᠬᠦᠷᠴᠢᠭᠡᠭᠰᠡᠨ ᠪᠠᠶᠢᠯ᠎ᠠ᠃ ᠬᠦᠮᠦᠨ ᠤᠯᠠᠨ ᠤ ᠬᠦᠯ ᠤᠨ | ᠲᠤᠭᠤᠰᠤ ᠪᠤᠵᠢᠬᠢᠨᠠᠭᠰᠠᠨ ᠵᠠᠬ᠎ᠠ ᠵᠡᠭᠡᠯᠢ ᠶᠢᠨ ᠦᠢᠮᠡᠬᠡᠨ ᠲᠡᠪᠵᠢᠶᠡᠨ ᠠᠴᠠ ᠵᠠᠶᠢᠯᠠᠵᠤ᠂ ᠠᠮᠤᠭᠤᠯᠠᠩ ᠲᠠᠶᠢᠪᠤᠩ᠂ | ᠨᠤᠭᠤᠭᠠᠷᠠᠨ ᠨᠡᠯᠦᠶᠢᠳᠡᠭ ᠬᠦᠩᠭᠡᠷ ᠤᠨ ᠲᠠᠯ᠎ᠠ ᠪᠠᠨ ᠬᠠᠷᠠᠵᠤ᠂ ᠨᠢᠳᠤᠨ ᠤ ᠪᠠᠨ ᠴᠢᠯᠡᠭᠡ ᠪᠠᠨ ᠭᠠᠷᠭᠠᠵᠤ᠂ | ᠨᠤᠭᠤᠭᠠᠨ ᠠᠭᠠᠷ ᠢ ᠨᠢ ᠴᠡᠭᠡᠵᠢ ᠲᠦᠭᠦᠷᠳᠡᠯ᠎ᠡ ᠠᠮᠢᠰᠬᠤᠶ᠎ᠠ ᠬᠡᠵᠤ ᠭᠦᠭᠰᠡᠨ ᠬᠦᠰᠡᠵᠤ ᠪᠠᠶᠢᠭᠰᠠᠨ ᠬᠦᠰᠡᠯ ᠮᠢᠨᠢ | ᠬᠦᠰᠡᠷᠳᠡᠯᠡ᠃ | ᠬᠦᠬᠡᠷᠦᠬᠦᠢ᠂ ᠬᠦᠩᠭᠡᠷ ᠤᠨ ᠲᠠᠯ᠎ᠠ ᠮᠢᠨᠢ︕ ᠭᠠᠩᠳᠠᠵᠤ ᠰᠢᠷᠠᠯᠠᠭᠠᠳ ᠡᠭᠡᠭᠡ ᠯᠠ ᠨᠠᠮᠤᠷ | ᠤᠨ ᠬᠢᠷᠠᠭᠤ ᠪᠠᠭᠤᠴᠢᠬᠠᠭᠰᠠᠨ ᠭᠡᠮᠡᠷ᠂ ᠬᠠᠳᠠᠵᠤ ᠬᠤᠷᠪᠤᠶᠢᠭᠰᠠᠨ ᠲᠡᠷᠡᠰᠤᠨ ᠤ ᠨᠠᠮᠠᠭ᠎ᠠ ᠤᠶᠢᠳᠬᠠᠷᠳᠠᠢ | ᠱᠠᠷᠴᠢᠭᠢᠨᠠᠨ᠎ᠠ᠃ ᠰᠢᠷ᠎ᠠ ᠬᠤᠯᠤᠭᠠᠨ᠎ᠠ᠂ ᠤᠭᠤᠳᠤᠨ᠎ᠠ ᠲᠤᠭᠤᠰᠤ ᠪᠤᠵᠢᠬᠢᠨᠠᠳᠠᠯᠠ ᠬᠦᠶᠦᠯᠳᠦᠭᠡᠳ᠂᠂᠂᠂ ᠲᠡᠷᠭᠡᠨ | ᠳᠠᠬᠢ ᠨᠤᠳᠤᠭ ᠤᠨ ᠬᠦᠮᠦᠰ ᠤᠨ ᠤᠷᠢᠳᠤᠬᠢ᠂ ᠤᠳᠤᠬᠢ ᠶᠢᠨ ᠵᠤᠭᠤᠭ ᠦᠷᠭᠦᠯᠵᠢᠯᠡᠭᠰᠡᠭᠡᠷ᠂᠂᠂᠂ | — ᠤᠳᠤ ᠴᠢᠨᠢ ᠰᠤᠨᠤᠰᠬᠤ ᠳᠤ ᠲᠠᠪᠤᠨ ᠦᠭᠡᠷ ᠢᠶᠠᠷ ᠬᠢᠵᠠᠭᠠᠷᠯᠠᠨ ᠮᠠᠯᠵᠢᠭᠤᠯᠵᠤ᠂ | ᠪᠡᠯᠴᠢᠭᠡᠷ ᠨᠤᠳᠤᠭ ᠢᠶᠠᠨ ᠰᠡᠷᠭᠦᠬᠡᠭᠦ ᠶᠤᠮ ᠬᠡᠨ᠎ᠡ᠃ | — ᠬᠠᠷᠢᠨ ᠲᠡᠬᠡᠵᠤ ᠯᠠ ᠶᠠᠷᠢᠬᠤ ᠶᠤᠮ᠂ ᠪᠡᠯᠴᠢᠭᠡᠷ ᠰᠡᠷᠭᠦᠬᠡᠬᠦ ᠨᠢ ᠴᠤ ᠰᠠᠶᠢᠨ ᠶᠠᠪᠤᠳᠠᠯ᠂ | ᠭᠡᠳᠡᠯ᠎ᠡ ᠲᠠᠪᠤᠨ ᠦᠭᠡᠷ ᠮᠠᠯᠵᠢᠭᠠᠳ ᠤᠳᠤ ᠬᠡᠤᠬᠡᠳ ᠤᠳ ᠢᠶᠠᠨ ᠶᠠᠭᠠᠬᠢᠵᠤ ᠰᠤᠷᠭᠠᠭᠤᠯᠢ ᠳᠤ ᠰᠠᠭᠤᠯᠭᠠᠬᠤ ᠪᠢᠯᠡ︖ | | — ᠤᠯᠤᠰ ᠠᠴᠠ ᠪᠡᠯᠴᠢᠭᠡᠷ ᠨᠤᠳᠤᠭ ᠰᠡᠯᠭᠦᠭᠰᠡᠨ ᠤ ᠨᠦᠬᠦᠪᠦᠷᠢ ᠮᠦᠩᠬᠦ ᠦᠭᠬᠦ ᠶᠤᠮ | ᠬᠡᠨ᠎ᠡ᠃ ᠭᠠᠶᠢᠭᠤᠢ ᠪᠠᠶᠢᠯᠬᠦᠢ ᠳ᠋ᠠ᠃ | — ᠬᠠᠷᠢᠨ ᠤᠤ︖ ᠲᠡᠬᠡᠪᠡᠯ ᠶᠡᠭᠡ ᠰᠠᠶᠢᠨ ᠳ᠋ᠡ᠃ ᠬᠡᠪᠡᠴᠤ ᠦᠨᠦᠬᠢ ᠨᠦᠬᠦᠪᠦᠷᠢ | ᠮᠦᠩᠬᠦ ᠨᠢ ᠮᠠᠯᠴᠢᠳ ᠤᠨ ᠭᠠᠷ ᠲᠤ ᠤᠷᠤᠵᠤ ᠢᠷᠡᠵᠤ ᠲᠡᠶᠢᠯᠳᠡᠭ ᠶᠤᠮ ᠤᠤ ᠳ᠋ᠠ︖ | — ᠨᠠᠮ ᠤᠨ ᠲᠦᠷᠦ ᠶᠢᠨ ᠪᠤᠳᠤᠯᠭ᠎ᠠ ᠴᠤ ᠪᠤᠯ ᠶᠡᠭᠡ ᠰᠠᠶᠢᠨ ᠰᠢᠤ᠂ ︽ᠰᠢᠨᠵᠢᠯᠡᠬᠦ | ᠤᠬᠠᠭᠠᠨᠴᠢ ᠪᠠᠷ ᠮᠠᠯᠵᠢᠵᠤ᠂ ᠪᠡᠯᠴᠢᠭᠡᠷ ᠢ ᠰᠡᠯᠬᠦᠵᠤ ᠡᠷᠦᠬᠡ ᠬᠤᠯᠪᠤᠭᠠᠯᠠᠨ ᠬᠤᠷᠰᠢᠯᠴᠠᠬᠤ︾ ᠭᠡᠵᠤ ᠤᠷᠢᠶᠠᠯᠠᠵᠤ | ᠪᠠᠶᠢᠨ᠎ᠠ ᠰᠢᠤ᠃ | — ᠡᠷᠦᠭᠡ ᠬᠤᠯᠪᠤᠭᠠᠯᠠᠨ ᠰᠢᠨᠵᠢᠯᠡᠬᠦ ᠤᠬᠠᠭᠠᠨᠴᠢ ᠪᠠᠷ ᠮᠠᠯᠵᠢᠬᠤ ᠳᠤ ᠭᠦᠷᠪᠡᠯ ᠪᠡᠯᠴᠢᠭᠡᠷ | ᠨᠤᠳᠤᠭ ᠯᠠᠪᠳᠠᠢ ᠰᠡᠷᠭᠦᠵᠤ᠂ ᠨᠡᠯᠦᠭᠡᠷ ᠨᠤᠭᠤᠭᠠᠨ ᠲᠠᠯ᠎ᠠ ᠳᠤ ᠲᠠᠪᠤᠨ ᠬᠤᠰᠢᠭᠤ ᠮᠢᠨᠢ ᠢᠷᠠᠶᠢᠯᠴᠠᠬᠤ ᠨᠢ ᠡ︕ | — ᠲᠠᠨ ᠤ ᠠᠮᠠᠨ ᠪᠡᠯᠭᠡ ᠪᠠᠷ ᠪᠤᠯᠤᠭᠠᠰᠠᠢ︕᠂᠂᠂᠂ | ᠠᠶᠠᠨᠴᠢᠳ ᠤᠨ ᠡᠨᠡ ᠲᠤᠬᠠᠢ ᠬᠠᠯᠠᠭᠤᠨ ᠶᠠᠷᠢᠯᠴᠠᠭ᠎ᠠ ᠠᠴᠠ ᠪᠢ ᠠᠪᠤ ᠶᠢᠨ ᠢᠶᠠᠨ ᠲᠡᠭᠡᠷ᠎ᠡ | ᠤᠳᠠᠭ᠎ᠠ ᠢᠷᠡᠭᠡᠳ ᠨᠠᠳᠠ ᠳᠤ ᠬᠤᠭᠤᠯᠠᠨ ᠤ ᠵᠠᠷᠤᠳᠠᠯ ᠬᠡᠵᠤ᠂ ︽ᠢᠮᠡᠷᠳᠡᠭ︾ ᠭᠠᠷᠳᠠᠭᠤᠯᠬᠤ ᠳᠤ ᠪᠠᠨ ᠬᠡᠯᠡᠵᠤ | ᠪᠠᠶᠢᠭᠰᠠᠨ ᠢ ᠰᠠᠨᠠᠪᠠ᠄ | — ᠬᠡᠤᠬᠡᠨ ᠮᠢᠨᠢ ᠪᠢᠴᠢᠭ ᠢᠶᠠᠨ ᠰᠠᠶᠢᠨ ᠰᠤᠷ᠂ ᠤᠳᠤ ᠬᠦᠳᠡᠭᠡ ᠳᠤ ᠮᠠᠯ ᠮᠠᠯᠵᠢᠬᠤ | ᠬᠡᠳᠡᠭ ᠴᠢᠨᠢ ᠠᠮᠠᠷ ᠦᠭᠡᠢ ᠪᠤᠯᠵᠤ ᠪᠠᠶᠢᠨ᠎ᠠ ᠰᠢᠤ᠃ ᠮᠠᠨ ᠤ ᠮᠠᠯᠴᠢᠨ ᠤ ᠬᠡᠤᠭᠡᠳ ᠰᠤᠶᠤᠯ ᠮᠡᠳᠡᠯᠭᠡ ᠲᠠᠢ | ᠪᠤᠯᠤᠮᠠᠨᠵᠢᠨ ᠰᠠᠶ᠋ᠢ ᠨᠤᠳᠤᠭ ᠤᠨ ᠦᠩᠬᠡ ᠲᠦᠷᠰᠤ ᠬᠤᠪᠢᠷᠠᠵᠤ ᠴᠢᠳᠡᠨ᠎ᠠ᠃ ᠨᠤᠳᠤᠭ ᠤᠨ ᠴᠢᠨᠢ ᠬᠤᠵᠢᠮ | ᠢᠷᠡᠭᠡᠳᠦᠢ ᠲᠠᠨᠤᠰ ᠤᠨ ᠮᠦᠷᠤᠨ ᠲᠡᠭᠡᠷ᠎ᠡ ᠪᠠᠶᠢᠨ᠎ᠠ ᠰᠢᠤ᠂ ᠰᠤᠶᠤᠯ ᠮᠡᠳᠡᠯᠭᠡ ᠪᠤᠯ ᠬᠦᠮᠦᠨ ᠤ ᠠᠮᠢᠳᠤᠷᠠᠯ᠂ ᠬᠤᠪᠢ | ᠵᠠᠶᠠᠭ᠎ᠠ ᠶᠢ ᠦᠭᠡᠷᠡᠴᠢᠯᠡᠳᠡᠭ ᠶᠤᠮ ᠡ᠃ | ᠤᠷᠢᠳᠤᠬᠢ ᠨᠤᠳᠤᠭ ᠢᠶᠠᠨ ᠬᠦᠰᠡᠨ ᠡᠷᠬᠢᠴᠡᠭᠦᠯᠦᠨ᠂ ᠤᠳᠤᠬᠢ ᠨᠤᠳᠤᠭ ᠢᠶᠠᠨ ᠪᠤᠳᠤᠪᠡᠯ | ᠰᠡᠭᠦᠷᠡᠰᠤ ᠠᠯᠳᠠᠨ᠂ ᠢᠷᠡᠭᠡᠳᠦᠢ ᠪᠠᠨ ᠪᠠᠷᠠᠯᠠᠪᠠᠯ ᠢᠳᠡᠭᠡᠯᠳᠡᠢ ᠪᠠᠶᠢᠭ᠎ᠠ ᠨᠤᠳᠤᠭ ᠤᠨ ᠠᠬᠠᠮᠠᠳ ᠤᠨ ᠶᠠᠷᠢᠯᠴᠠᠭ᠎ᠠ | ᠨᠠᠮ᠎ᠠ ᠶᠢ ᠬᠦᠴᠦᠳᠡᠢ ᠲᠠᠳᠠᠪᠠ᠃ | | ᠠᠩᠬ᠎ᠠ ᠬᠤᠶᠠᠷ ᠤᠨ ᠲᠦᠷᠪᠡ᠄ | ᠵᠤᠰᠠᠯᠠᠩ | ᠵᠢᠯᠤᠭᠤᠳᠤᠭᠰᠠᠨ ᠪᠠᠭᠰᠢ᠄ | ᠰᠤᠪᠤᠳ | |