﹇ᠲᠤᠷᠠᠰᠬᠠᠯ ᠤᠨ ᠤᠪᠤᠭ᠎ᠠ﹈ ᠰᠠᠶᠢᠪᠠᠩ ᠤᠪᠤᠭ᠎ᠠ
ᠨᠡᠶᠢᠲᠡᠯᠡᠭᠰᠡᠨ ᠴᠠᠭ᠄
2014/4/29
        ᠰᠠᠶᠢᠪᠠᠩ ᠤᠪᠤᠭ᠎ᠠ — ᠲᠠᠷᠬᠠᠬᠠᠭᠤᠯᠠ ᠰᠤᠮᠤᠨ ᠤ ᠪᠠᠷᠠᠭᠤᠨ ᠬᠤᠶᠢᠨ᠎ᠠ᠂ ᠲᠠᠯᠠᠢ ᠨᠠᠭᠤᠷ ᠎ ᠠᠴᠠ ᠡᠮᠤᠨᠡᠰᠢ ᠬᠡᠳᠤᠨ ᠭᠠᠵᠠᠷ ᠤᠨ ᠠᠯᠤᠰ ᠲᠤ ᠪᠠᠶᠢᠬᠤ ᠬᠠᠶᠢᠯᠠᠰᠤ ᠪᠤᠷᠭᠠᠰᠤᠨ ᠰᠢᠭᠤᠢ ᠵᠢᠭᠳᠡᠷᠡᠭᠰᠡᠨ ᠪᠠᠶᠢᠭᠠᠯᠢ ᠎ ᠶᠢᠨ ᠦᠵᠡᠮᠵᠢ ᠪᠠᠷ ᠭᠤᠶᠢᠳᠠ ᠰᠠᠶᠢᠬᠠᠨ ᠡᠨᠡ ᠭᠠᠵᠠᠷ ᠲᠤ 1929 ᠤᠨ ᠳᠤ ᠶᠢᠰᠦᠳᠦᠬᠡᠷ ᠲᠦᠷᠢ ᠶᠢᠨ ᠪᠠᠨᠴᠢᠨ ᠪᠤᠭᠳᠠ ᠬᠡᠰᠢᠭᠳᠡᠨ ᠳᠤ ᠮᠤᠷᠢᠯᠡᠨ ᠢᠷᠡᠬᠦ ᠵᠠᠮ ᠳᠠᠭᠠᠨ ᠠᠳᠠ ᠪᠠᠭᠤᠳᠠᠯᠯᠠᠵᠠᠢ᠃ ᠠᠳᠡᠬᠢ ᠶᠢᠨ ᠠᠷᠠᠳ ᠤᠳ ᠪᠤᠭᠳᠠ ᠎ ᠶᠢᠨ ᠪᠠᠭᠤᠳᠠᠯᠯᠠᠭᠰᠠᠨ ᠭᠠᠵᠠᠷ ᠬᠡᠮᠡᠨ ᠰᠦᠰᠦᠭᠯᠡᠨ ᠴᠢᠯᠠᠭᠤ ᠪᠠᠷ ᠪᠠᠭ᠎ᠠ ᠬᠡᠯᠪᠡᠷᠢ ᠶᠢᠨ ᠰᠤᠪᠤᠷᠭ᠎ᠠ ᠴᠠᠪᠴᠢᠵᠤ ᠤᠪᠤᠭ᠎ᠠ ᠪᠤᠰᠬᠠᠵᠤ ᠲᠠᠯᠪᠢᠵᠠᠢ᠃ ᠲᠤᠰ ᠰᠤᠪᠤᠷᠭ᠎ᠠ ᠤᠪᠤᠭ᠎ᠠ ᠨᠢ ᠲᠠᠷᠤᠢ ᠲᠤᠷᠠᠰᠬᠠᠯ ᠤᠨ ᠤᠪᠤᠭ᠎ᠠ ︵ᠲᠤᠷᠠᠰᠬᠠᠯ ᠎ ᠤᠨ ᠤᠪᠤᠭ᠎ᠠ ᠬᠡᠳᠡᠭ ᠨᠢ ᠶᠠᠮᠠᠷ ᠨᠢᠬᠡᠨ ᠬᠠᠭᠠᠨ ᠪᠤᠭᠳᠠ ᠮᠡᠳᠤ ᠶᠢᠨ ᠨᠡᠷ᠎ᠡ ᠬᠦᠨᠳᠤᠳᠤ ᠬᠦᠮᠦᠰ ᠪᠠᠭᠤᠳᠠᠯᠯᠠᠵᠤ ᠦᠩᠬᠡᠷᠡᠭᠰᠡᠨ ᠭᠠᠵᠠᠷ ᠲᠤ ᠤᠪᠤᠭ᠎ᠠ ᠪᠤᠰᠬᠠᠭᠰᠠᠨ ᠢ ᠲᠤᠷᠠᠰᠬᠠᠯ ᠤᠨ ᠤᠪᠤᠭ᠎ᠠ ᠬᠡᠳᠡᠭ ︶ ᠪᠤᠯᠪᠠ᠃ ᠠᠷᠠᠳ ᠎ ᠤᠳ ᠪᠠᠰᠠ ︽ᠰᠠᠶᠢᠪᠠᠩ ᠤᠨ ᠤᠪᠤᠭ᠎ᠠ︾ ᠬᠡᠵᠤ ᠨᠡᠷᠡᠯᠡᠨ᠎ᠡ᠃       ᠨᠦᠬᠦᠬᠡ ᠨᠢᠭᠡ ᠤᠴᠢᠷ ᠨᠢ᠂ ᠡᠷᠳᠠ ᠦᠶ᠎ᠡ ᠳᠤ ᠰᠠᠶᠢᠪᠠᠩ ᠬᠡᠳᠡᠭ ᠬᠦᠮᠦᠨ ᠮᠢᠩᠭᠠᠨ ᠬᠤᠨᠢ ᠎ ᠪᠠᠨ ᠬᠦᠬᠡᠬᠡᠵᠤ ᠶᠠᠪᠤᠵᠤ ᠪᠠᠶᠢᠭᠠᠳ ᠰᠦᠨᠢ ᠶᠢᠨ ᠮᠠᠨᠠᠭᠠᠨ ᠳᠤ ᠰᠠᠯᠳᠡᠵᠤ ᠬᠤᠨᠢᠨ ᠰᠦᠷᠦᠭ ᠢᠶᠠᠨ ᠪᠦᠬᠦᠨ ᠢ ᠠᠯᠳᠠᠵᠤ ᠶᠠᠪᠤᠭᠤᠯᠵᠠᠢ᠃ ᠲᠠᠷᠠᠭ᠎ᠠ ᠦᠷᠯᠦᠬᠡ ᠨᠢ ᠤᠶᠢᠷ᠎ᠠ ᠬᠠᠪᠢ ᠶᠢᠨ ᠬᠠᠮᠤᠭ ᠤᠨ ᠦᠨᠳᠦᠷᠯᠢᠭ ᠮᠠᠩᠬᠠᠨ ᠤ ᠡᠩᠬᠡᠷ ᠲᠤ ᠬᠤᠨᠢᠳ ᠨᠢ ᠲᠤᠭ᠎ᠠ ᠶᠤᠰᠤᠭᠠᠷ ᠲᠠᠪᠠᠳᠠᠢ ᠰᠠᠶᠢᠬᠠᠨ ᠬᠡᠪᠳᠡᠵᠤ ᠪᠠᠶᠢᠪᠠ ᠬᠡᠨ᠎ᠡ᠃ ᠰᠠᠶᠢᠪᠠᠩ ᠠᠯᠳᠠᠭᠰᠠᠨ ᠬᠤᠨᠢ ᠪᠠᠨ ᠤᠯᠵᠤ ᠠᠪᠤᠭᠠᠳ ᠪᠠᠶᠠᠷᠯᠠᠬᠤ ᠶᠢᠨ ᠶᠡᠭᠡ ᠪᠠᠷ ᠪᠠᠶᠠᠷᠯᠠᠵᠤ᠂ ᠡᠨᠡᠬᠦ ᠦᠨᠳᠤᠷ ᠮᠠᠩᠬᠠᠨ ᠠᠭᠤᠯᠠ ᠶᠢᠨ ᠰᠠᠬᠢᠭᠤᠯᠰᠤᠨ ᠦᠷᠦᠰᠢᠶᠡᠯ᠎ᠡ ᠬᠡᠵᠤ ᠰᠦᠰᠦᠭᠯᠡᠨ ᠴᠢᠯᠠᠭᠤ ᠵᠦᠬᠡᠬᠡᠵᠤ ᠪᠠᠶᠢᠭᠠᠳ ᠤᠪᠤᠭ᠎ᠠ ᠪᠤᠰᠬᠠᠵᠤ ᠲᠠᠯᠪᠢᠵᠠᠢ ᠬᠡᠨ᠎ᠡ᠃ ᠢᠩᠬᠢᠭᠡᠳ ᠲᠡᠷᠡ ᠤᠪᠤᠭ᠎ᠠ ᠶᠢ ᠵᠠᠷᠢᠮ ᠨᠢ ︽ᠰᠠᠶᠢᠪᠠᠩ ᠤᠪᠤᠭ᠎ᠠ︾ ᠬᠡᠳᠡᠭ ᠬᠡᠨ᠎ᠡ᠃          ※ ᠲᠤᠰ ᠰᠦᠯᠵᠢᠶᠡᠨ ᠤ ︽ᠪᠤᠰᠤᠳ ᠬᠠᠶᠢᠷᠬᠠᠨ ᠤᠪᠤᠭᠠᠳ︾ ᠪᠤᠯᠤᠩ ᠳᠤ ᠨᠡᠶᠢᠳᠡᠯᠡᠭᠰᠡᠨ ᠤᠪᠤᠭᠠᠳ ᠠᠴᠠ ᠭᠠᠳᠠᠨ᠎ᠠ ᠪᠠᠰᠠ ᠵᠠᠩᠬᠢ ᠶᠢᠨ ᠤᠪᠤᠭ᠎ᠠ᠂ ᠬᠠᠯᠬ᠎ᠠ ᠤᠪᠤᠭ᠎ᠠ᠂ ᠬᠤᠩᠭᠤᠷ ᠤᠪᠤᠭ᠎ᠠ᠂ ᠸᠴᠢᠷ ᠤᠨ ᠤᠪᠤᠭ᠎ᠠ᠂ ᠬᠤᠤᠰ ᠤᠪᠤᠭ᠎ᠠ᠂ ᠮᠠᠨᠠᠨᠳᠤ ᠶᠢᠨ ᠤᠪᠤᠭ᠎ᠠ᠂ ᠤᠰᠤᠨ ᠤᠷᠤᠢ ᠶᠢᠨ ᠤᠪᠤᠭ᠎ᠠ᠂ ᠷᠠᠰᠢᠶᠠᠨ ᠤᠪᠤᠭ᠎ᠠ᠂ ᠰᠠᠶᠢᠨᠪᠤᠯᠠᠭ ᠤᠪᠤᠭ᠎ᠠ ᠬᠡᠳ ᠬᠤᠪᠢ ᠬᠦᠮᠦᠨ ᠤ ᠲᠠᠬᠢᠳᠠᠭ ᠤᠪᠤᠭ᠎ᠠ ᠪᠤᠶᠤ ᠵᠠᠮ ᠤᠨ ᠤᠪᠤᠭᠠᠳ ᠪᠢᠰᠢᠬᠦᠢ ᠪᠠᠶᠢᠳᠠᠭ᠂ ᠠᠳᠠ ᠲᠤᠪᠴᠢᠯᠠᠪᠠ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠤᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号