ᠬᠡᠰᠢᠭᠳᠡᠨ ᠬᠤᠰᠢᠭᠤᠨ ᠤ ᠰᠤᠶᠤᠯ ᠲᠡᠤᠬᠡ ᠶᠢᠨ ᠲᠤᠶᠢᠮᠤ ᠪᠠᠶᠢᠳᠠᠯ
ᠨᠡᠶᠢᠲᠡᠯᠡᠭᠰᠡᠨ ᠴᠠᠭ᠄
2014/4/28
        ᠬᠡᠰᠢᠭᠳᠡᠨ ᠬᠤᠰᠢᠭᠤᠨ ᠤ ᠰᠤᠶᠤᠯ ᠤᠨ ᠬᠦᠭᠵᠢᠯᠳᠠ ᠨᠢ ᠮᠠᠰᠢ ᠡᠷᠳᠡ ᠤᠴᠢᠷ ᠠᠴᠠ ᠰᠤᠶᠤᠯ ᠲᠡᠤᠬᠡ ᠶᠢᠨ ᠲᠤᠷᠠᠰᠬᠠᠯᠳᠤ ᠵᠦᠢᠯ ᠴᠦ ᠨᠠᠯᠢᠶᠡᠳ ᠡᠯᠪᠡᠭ ᠶᠤᠮ᠃ ᠬᠠᠳᠠᠭᠠᠯᠠᠨ ᠲᠡᠯᠭᠡᠭᠳᠡᠵᠤ ᠪᠠᠶᠢᠭ᠎ᠠ ᠲᠡᠤᠬᠡ ᠶᠢᠨ ᠲᠤᠷᠠᠰᠬᠠᠯᠳᠤ ᠵᠦᠢᠯ 3300 ᠭᠠᠷᠤᠢ ᠪᠠᠶᠢᠵᠤ᠂ ᠡᠬᠦᠨ ᠤ ᠲᠤᠳᠤᠷ᠎ᠠ ᠨᠢᠬᠡᠳᠤᠬᠡᠷ ᠲᠡᠰ ᠤᠨ ᠬᠤᠪᠤᠷ ᠴᠤᠬᠠᠭ ᠡᠳ᠋ ᠠᠷᠪᠠ ᠭᠠᠷᠤᠢ ᠵᠦᠢᠯ ᠪᠠᠶᠢᠳᠠᠭ᠃ ᠦᠪᠡᠷᠳᠡᠬᠡᠨ ᠵᠠᠰᠠᠬᠤ ᠤᠷᠤᠨ ᠤ ᠲᠡᠤᠬᠡ ᠶᠢᠨ ᠲᠤᠷᠠᠰᠬᠠᠯᠳᠤ ᠵᠦᠢᠯ ᠤᠨ ᠬᠠᠮᠠᠭᠠᠯᠠᠯᠳᠠ ᠶᠢᠨ ᠤᠷᠤᠨ ᠢᠶᠠᠷ ᠵᠢᠭᠰᠠᠭᠠᠭᠳᠠᠭᠰᠠᠨ ᠨᠢᠬᠡᠴᠢ ᠪᠤᠯ᠄ ᠲᠤᠰ ᠬᠤᠰᠢᠭᠤᠨ ᠤ ᠬᠢᠯᠢ ᠲᠤᠳᠤᠷ᠎ᠠ 179 ᠺᠢᠯᠤᠮᠧᠲᠷ ᠰᠤᠨᠤᠯᠵᠠᠵᠤ ᠪᠦᠬᠦᠢ ᠠᠯᠳᠠᠨ ᠤᠯᠤᠰ ᠤᠨ ᠤᠳᠠᠰᠤᠨ ᠬᠡᠷᠡᠮ᠂ ᠲᠠᠯᠤᠨᠠᠭᠤᠷ ᠤᠨ ᠬᠦᠪᠡᠬᠡᠨ ᠳᠠᠬᠢ ᠶᠢᠩ ᠴᠠᠩ ᠴᠦᠯᠬᠡ ᠶᠢᠨ ᠪᠠᠭᠤᠷᠢ ᠪᠠᠶᠢᠳᠠᠭ᠂ 1975 ᠤᠨ ᠠᠴᠠ ᠨᠠᠭᠠᠰᠢ ᠤᠳᠠᠰᠤᠨ ᠬᠡᠷᠡᠮ ᠎ ᠤᠨ ᠪᠠᠭᠤᠷᠢ᠂ ᠪᠦᠭᠳᠤᠷ ᠬᠦᠬᠦᠷᠬᠡ ᠵᠡᠷᠬᠡ 33 ᠤᠷᠤᠨ ᠨᠢᠬᠡᠴᠢ ᠶᠢ ᠬᠤᠰᠢᠭᠤᠨ ᠤ ᠲᠡᠰ ᠤᠨ ᠲᠡᠤᠬᠡ ᠶᠢᠨ ᠲᠤᠷᠠᠰᠬᠠᠯᠳᠤ ᠵᠦᠢᠯ ᠤᠨ ᠬᠠᠮᠠᠭᠠᠯᠠᠯᠳᠠ ᠶᠢᠨ ᠤᠷᠤᠨ① ᠬᠡᠵᠤ ᠤᠳᠠᠯᠠᠪᠠ᠃         ᠶᠢᠩ ᠴᠠᠩ ᠴᠦᠯᠬᠡ ᠶᠢᠨ ᠪᠠᠭᠤᠷᠢ᠄ ᠲᠠᠷᠬᠠᠬᠠᠭᠤᠯᠠ ᠰᠤᠮᠤᠨ ᠤ ᠲᠠᠯᠤᠨᠠᠭᠤᠷ ᠤᠨ ᠬᠦᠪᠡᠬᠡᠨ ᠎ ᠳᠤ ᠪᠠᠶᠢᠨ᠎ᠠ᠃ ᠶᠢᠩ ᠴᠠᠩ ᠴᠦᠯᠬᠡ ᠶᠢ ᠶᠤᠸᠠᠨ ᠤᠯᠤᠰ ᠤᠨ ᡁᠢ ᠶᠤᠸᠠᠨ ᠤ ᠲᠤᠯᠤᠳᠤᠭᠠᠷ ᠤᠨ ︵1271︶ ᠎ ᠳᠤ ᠡᠬᠢᠯᠡᠨ ᠪᠠᠶᠢᠭᠤᠯᠪᠠ᠃ ᠲᠤᠬᠠᠢ ᠶᠢᠨ ᠦᠶ᠎ᠡ ᠳᠤ ᠶᠢᠩ ᠴᠠᠩ ᠤᠷᠳᠤᠨ ᠬᠡᠮᠡᠭᠳᠡᠵᠤ ᠪᠠᠶᠢᠵᠠᠢ᠃ ᡁᠢ ᠶᠤᠸᠠᠨ ᠤ ᠬᠤᠷᠢᠨ ᠬᠤᠶᠠᠳᠤᠭᠠᠷ ᠤᠨ ᠳᠤ ᠲᠡᠪᠰᠢᠬᠦᠯᠦᠬᠡᠳ ᠴᠦᠯᠬᠡ ᠪᠤᠯᠭᠠᠵᠤ᠂ ᠳ᠋ᠠᠢ ᠰᠡᠴᠡᠨ ᠤ ᠬᠤᠩᠬᠢᠷᠠᠳ ᠤᠨ ᠰᠠᠭᠤᠷᠢᠨ ᠬᠤᠳᠠ ᠪᠤᠯᠭᠠᠪᠠ᠃ ᠶᠤᠸᠠᠨ ᠤᠯᠤᠰ ᠤᠨ ᠰᠡᠬᠦᠯᠴᠢ ᠶᠢᠨ ᠤᠬᠠᠭᠠᠨᠳᠤ ᠬᠠᠭᠠᠨ ᠲᠤᠭᠤᠨᠲᠡᠮᠤᠷ ᠶᠡᠭᠡ ᠨᠡᠶᠢᠰᠯᠡᠯ ᠠᠴᠠ ᠤᠬᠤᠷᠢᠨ ᠭᠠᠷᠴᠤ ᠶᠢᠩ ᠴᠠᠩ ᠳᠤ ᠤᠷᠤᠰᠢᠨ ᠪᠡᠶ᠎ᠡ ᠲᠠᠯᠳᠠᠯᠠᠵᠤ ᠪᠠᠶᠢᠭᠰᠠᠨ ᠢᠶᠠᠨ ᠬᠤᠶᠠᠷ ᠵᠢᠯ ᠰᠢᠬᠠᠮ ᠪᠤᠯᠤᠭᠠᠳ ᠡᠪᠡᠳᠴᠢᠨ ᠢᠶᠠᠷ ᠠᠳᠠ ᠲᠡᠭᠷᠢ ᠳᠤ ᠬᠠᠯᠢᠪᠠ᠃ ᠠᠶᠤᠰᠢᠷᠢᠳᠠᠷ᠎ᠠ ᠶᠢᠩ ᠴᠠᠩ ᠳᠤ ᠬᠠᠭᠠᠨ ᠰᠠᠭᠤᠷᠢᠨ ᠵᠠᠯᠭᠠᠮᠵᠢᠯᠠᠭᠰᠠᠨ ᠢ ᠬᠢᠳᠠᠳ ᠤᠨ ᠲᠡᠤᠬᠡᠨ ᠪᠢᠴᠢᠭ ᠲᠤ ᠤᠮᠠᠷᠠᠳᠤ ᠶᠤᠸᠠᠨ ᠤᠯᠤᠰ ᠬᠡᠳᠡᠭ᠃ ᠮᠢᠩ ᠤᠯᠤᠰ ᠤᠨ ᠡᠬᠢᠨ ᠤ ᠦᠶ᠎ᠡ ᠳᠤ ᠶᠢᠩ ᠴᠠᠩ ᠬᠠᠷᠠᠭᠤᠯ ᠢ ᠪᠠᠶᠢᠭᠤᠯᠵᠤ᠂ ᠮᠢᠩ ᠤᠯᠤᠰ ᠤᠨ ᠴᠧᠩᠽᠤ ᠬᠠᠭᠠᠨ ᠵᠤ᠋ ᠳ᠋ᠢ ᠤᠮᠠᠷᠠᠰᠢ ᠲᠠᠶᠢᠯᠠᠬᠤ ᠳᠠᠭᠠᠨ ᠡᠨᠡᠬᠦᠷ ᠲᠦᠷᠪᠠᠨᠳᠠ ᠦᠩᠭᠡᠷᠡᠭᠰᠡᠨ ᠠᠴᠠ ᠶᠢᠩ ᠴᠠᠩ ᠬᠡᠳᠡᠭ ᠨᠡᠷ᠎ᠡ ᠶᠢ ᠴᠡᠪᠡᠷᠯᠡᠨ ᠲᠦᠪᠰᠢᠳᠬᠡᠬᠦ ᠪᠠᠯᠠᠭᠤᠨ ᠬᠡᠵᠤ ᠦᠬᠡᠷᠡᠴᠢᠯᠡᠪᠡ᠃ ᠡᠨᠡ ᠬᠤᠳᠠ ᠲᠠᠶᠢᠨ ᠤ ᠲᠦᠢᠮᠡᠷ ᠲᠤ ᠰᠦᠢᠳᠴᠠᠢ᠃        ᠤᠯᠠᠭᠠᠨᠪᠤᠳᠤᠩ ᠤᠨ ᠲᠠᠶᠢᠨ ᠤ ᠪᠠᠭᠤᠷᠢ᠄ ᠡᠨᠡᠬᠦ ᠪᠠᠭᠤᠷᠢ ᠨᠢ ᠤᠯᠠᠭᠠᠨᠪᠤᠳᠤᠩ ᠰᠢᠶᠠᠩ ᠤᠨ ᠬᠢᠯᠢ ᠲᠤᠳᠤᠷ᠎ᠠ ᠪᠠᠶᠢᠨ᠎ᠠ᠃ ᠤᠯᠠᠭᠠᠨᠪᠤᠳᠤᠩ ᠠᠭᠤᠯᠠ ᠠᠴᠠ 1.5 ᠺᠢᠯᠦᠮᠧᠲᠷ ᠵᠠᠶᠢᠳᠠᠢ 0.3 ᠺᠦᠸᠠᠳ᠋ ᠺᠢᠯᠦᠮᠧᠲᠷ ᠎ ᠤᠨ ᠲᠠᠯᠠᠪᠠᠢ ᠪᠦᠬᠦᠢ ᠨᠠᠭᠤᠷ ᠢ ᠵᠠᠩᠵᠦᠨ ᠨᠠᠭᠤᠷ ᠬᠡᠳᠡᠭ᠃ ᠤᠯᠠᠮᠵᠢᠯᠡᠯ ᠶᠠᠷᠢᠶᠠᠨ ᠳᠤ ᠴᠢᠩ ᠤᠯᠤᠰ ᠤᠨ ᠵᠢᠬᠦᠷ ᠎ ᠤᠨ ᠵᠠᠩᠵᠦᠨ ᠲᠦᠩ ᠬᠦᠸᠧ ᠭᠠᠩ ᠬᠡᠳᠡᠭ ᠬᠦᠮᠦᠨ ᠠᠳᠠ ᠪᠠᠶᠢᠯᠳᠤᠨ ᠦᠬᠦᠭᠰᠡᠨ ᠠᠴᠠ ᠵᠠᠩᠵᠦᠨ ᠨᠠᠭᠤᠷ ᠬᠡᠳᠡᠭ ᠨᠡᠷ᠎ᠡ ᠲᠠᠢ ᠪᠤᠯᠤᠭᠰᠠᠨ ᠬᠡᠳᠡᠭ᠃        ᠪᠠᠶᠠᠰᠬᠤᠯᠠᠩ ᠠᠮᠤᠭᠤᠯᠠᠩᠳᠤ ᠰᠦᠮ᠎ᠡ᠄ ᠪᠢᠷᠠᠭᠤ ᠪᠠᠯᠭᠠᠰᠤᠨ ᠤ ᠪᠠᠷᠠᠭᠤᠨ ᠬᠤᠶᠢᠳᠤᠬᠢ ᠤᠪᠤᠭ᠎ᠠ ᠠᠭᠤᠯᠠ ᠶᠢᠨ ᠡᠩᠬᠡᠷ ᠲᠤ ᠪᠠᠶᠢᠨ᠎ᠠ᠃ ᠲᠤᠰ ᠰᠦᠮ᠎ᠡ ᠶᠢ ᠴᠢᠩ ᠤᠯᠤᠰ ᠤᠨ 1664 ᠤᠨ ︵ᠴᠢᠩ ᠤᠯᠤᠰ ᠤᠨ ᠡᠩᠬᠡ ᠠᠮᠤᠭᠤᠯᠠᠩ ᠤᠨ ᠤᠨ︶᠎ ᠳᠤ ᠠᠩᠬ᠎ᠠ ᠪᠠᠶᠢᠭᠤᠯᠵᠤ᠂ ᠲᠤᠮᠳᠠᠳᠤ ᠢᠷᠬᠡᠨ ᠤᠯᠤᠰ ᠤᠨ ᠠᠷᠪᠠ ᠶᠢᠰᠦᠳᠦᠬᠡᠷ ᠤᠨ ︵1930︶᠎ ᠳᠤ ᠲᠦᠪᠡᠳ ᠤᠨ ᠶᠢᠰᠦᠳᠦᠬᠡᠷ ᠲᠦᠷᠢ ᠶᠢᠨ ᠪᠠᠨᠴᠢᠨ ᠡᠷᠳᠡᠨᠢ ᠵᠠᠮ ᠦᠩᠬᠡᠷᠡᠬᠦ ᠎ ᠳᠡᠭᠡᠨ ᠠᠳᠠ ᠰᠠᠭᠠᠳᠠᠵᠤ ᠬᠤᠶᠠᠷ ᠡᠳᠤᠷ ᠮᠦᠷᠬᠦᠯ ᠲᠠᠯᠪᠢᠭᠰᠠᠨ ᠶᠤᠮ᠃        ᠠᠯᠳᠠᠨ ᠤᠯᠤᠰ ᠤᠨ ᠤᠳᠠᠰᠤᠨ ᠬᠡᠷᠡᠮ ᠤᠨ ᠪᠠᠭᠤᠷᠢ᠄ ᠦᠪᠦᠷ ᠮᠤᠩᠭᠤᠯ ᠤᠨ ᠠᠷᠤ ᠪᠡᠶ᠎ᠡ ᠎ ᠪᠠᠷ ᠬᠦᠨᠳᠡᠯᠢᠰᠴᠤ ᠪᠦᠬᠦᠢ ᠠᠯᠳᠠᠨ ᠤᠯᠤᠰ ᠤᠨ ᠤᠳᠠᠰᠤᠨ ᠬᠡᠷᠡᠮ ︵ᠪᠠᠰᠠ ᠵᠠᠬ᠎ᠠ ᠶᠢᠨ ᠬᠡᠷᠡᠮ ᠪᠤᠶᠤ ᠠᠯᠳᠠᠨ ᠤᠯᠤᠰ ᠤᠨ ᠬᠡᠷᠡᠮ ᠬᠡᠳᠡᠭ︶᠎ ᠨᠢ ᠮᠤᠩᠭᠤᠯ ᠢ ᠰᠡᠷᠬᠡᠶᠢᠯᠡᠬᠦ ᠶᠢᠨ ᠲᠦᠯᠦᠬᠡ 1161 ᠤᠨ ᠠᠴᠠ 1198 ᠤᠨ ᠬᠦᠷᠳᠡᠯᠡᠬᠢ ᠬᠤᠭᠤᠴᠠᠭᠠᠨ ᠳᠤ ᠰᠡᠯᠪᠢᠨ ᠪᠠᠶᠢᠭᠤᠯᠤᠭᠰᠠᠨ ᠶᠤᠮ᠃ ᠪᠦᠬᠦ ᠤᠷᠳᠤ ᠨᠢ 3500 ᠺᠢᠯᠦᠮᠧᠲᠷ ᠪᠠᠶᠢᠳᠠᠭ ᠪᠦᠬᠡᠳ ᠬᠡᠰᠢᠭᠳᠡᠨ ᠬᠤᠰᠢᠭᠤᠨ ᠤ ᠬᠢᠯᠢ ᠲᠤᠳᠤᠷ᠎ᠠ 175 ᠺᠢᠯᠦᠮᠧᠲᠷ ᠰᠤᠨᠤᠯᠵᠠᠵᠤ ᠪᠠᠶᠢᠨ᠎ᠠ᠃        ᠪᠠᠶᠢᠴᠠ ᠶᠢᠨ ᠭᠤᠤᠯ ᠤᠨ ᠰᠠᠪᠠ ᠤᠷᠤᠰᠬᠠᠯ ᠤᠷᠤᠨ ᠤ ᠬᠠᠳᠠᠨ ᠵᠢᠷᠤᠭ᠄ ᠬᠠᠳᠠᠨ ᠵᠢᠷᠤᠭ ᠎ ᠨᠢ ᠭᠤᠤᠯᠳᠠᠭᠤ ᠪᠠᠶᠢᠴᠠ ᠶᠢᠨ ᠭᠤᠤᠯ ᠤᠨ ᠲᠤᠮᠳᠠᠳᠤ ᠲᠤᠤᠷᠠᠳᠤ ᠰᠠᠪᠠ ᠤᠷᠤᠰᠬᠠᠯ ᠤᠨ ᠬᠦᠪᠡᠭᠡ ᠲᠠᠭᠠᠭᠰᠠᠨ ᠠᠰᠬ᠎ᠠ ᠬᠠᠳᠠ ᠪᠠᠷ ᠪᠠᠶᠢᠷᠢᠰᠢᠵᠤ᠂ ᠴᠠᠩ ᠢ ᠰᠢᠶᠠᠩ ᠤᠨ ᠶᠦᠩ ᠰᠢᠩ ᠲᠤᠰᠬᠤᠨ ᠠᠴᠠ ᠸᠠᠨ ᠾᠧ ᠶᠦᠩ ᠰᠢᠶᠠᠩ ᠤᠨ ᠸᠠᠨ ᠳ᠋ᠧ ᠴᠧᠩ ᠲᠤᠰᠬᠤᠨ ᠬᠦᠷᠳᠡᠯᠡᠬᠢ ᠪᠠᠷᠤᠭ 60 ᠺᠢᠯᠦᠮᠧᠲᠷ ᠤᠨ ᠬᠡᠪᠴᠢᠶᠡᠨ ᠳᠤ ᠲᠦᠪᠯᠡᠷᠡᠵᠤ᠂ ᠨᠡᠶᠢᠳᠠ 9 ᠭᠠᠵᠠᠷ ᠠᠴᠠ 48 ᠪᠦᠯᠦᠭ ᠬᠠᠳᠠᠨ ᠵᠢᠷᠤᠭ ᠢ ᠢᠯᠡᠷᠡᠬᠦᠯᠪᠠ᠃ ᠬᠠᠳᠠᠨ ᠵᠢᠷᠤᠭ ᠲᠤ ᠭᠤᠤᠯᠳᠠᠭᠤ ᠠᠪᠠ ᠠᠩᠨᠠᠯ᠂ ᠮᠠᠯ ᠰᠦᠷᠦᠭ᠂ ᠮᠠᠯ ᠪᠡᠯᠴᠢᠬᠡᠷᠯᠡᠬᠦᠯᠬᠦ ᠵᠡᠷᠬᠡ ᠡᠷᠳᠡᠨ ᠤ ᠨᠡᠬᠦᠳᠡᠯᠴᠢᠨ ᠦᠨᠳᠤᠰᠤᠳᠠᠨ ᠤ ᠠᠮᠢᠳᠤᠷᠠᠯ ᠢ ᠲᠤᠰᠬᠠᠵᠤ᠂ ᠰᠢᠨ᠎ᠠ ᠴᠢᠯᠠᠭᠤᠨ ᠵᠡᠪᠰᠡᠩ ᠤᠨ ᠰᠡᠬᠦᠯᠴᠢ ᠶᠢᠨ ᠦᠶ᠎ᠡ ᠪᠤᠯᠬᠤ ᠰᠢᠶᠠ ᠵᠢᠶᠠ ᠳ᠋ᠢᠶᠠᠨ ᠤ ᠲᠡᠭᠡᠳᠤ᠂ ᠲᠤᠤᠷᠠᠳᠤ ᠲᠠᠪᠬᠤᠷᠭ᠎ᠠ ᠶᠢᠨ ᠰᠤᠶᠤᠯ ᠤᠨ ᠱᠠᠳᠤᠨ ᠳᠤ ᠬᠠᠷᠢᠶᠠᠯᠠᠭᠳᠠᠨ᠎ᠠ᠃         ﹇ᠲᠠᠶᠢᠯᠪᠤᠷᠢ ①﹈ ᠡᠬᠦᠨ ᠤ ᠲᠤᠳᠤᠷ᠎ᠠ ᠲᠡᠤᠬᠡ ᠶᠢᠨ ᠦᠨ᠎ᠡ ᠦᠷᠳᠡᠭ ᠢᠶᠠᠷ ᠮᠠᠰᠢ ᠦᠨᠳᠤᠷ ᠪᠠᠶᠢᠳᠠᠭ ᠨᠢ᠄ ᠫᠧᠩᠰᠠ ᠸᠠᠭᠠᠷ ᠤᠨ ᠶᠤᠤ ᠶᠢᠨ ᠪᠠᠭᠤᠷᠢ᠂ ᠡᠨᠡ ᠨᠢ ᠰᠢᠨ᠎ᠡ ᠰᠦᠮ᠎ᠡ ᠰᠢᠶᠠᠩ ᠤᠨ ᠫᠧᠩᠰᠠ ᠸᠠᠭᠠᠷ ᠤᠨ ᠶᠤᠤ ᠶᠢᠨ ᠲᠤᠰᠬᠤᠨ ᠤ ᠪᠠᠷᠠᠭᠤᠨᠳᠠᠬᠢ ᠬᠤᠶᠠᠳᠤᠭᠠᠷ ᠲᠡᠰ ᠤᠨ ᠠᠳᠠᠷ ᠭᠠᠵᠠᠷ ᠲᠤ ᠪᠠᠶᠢᠷᠢᠰᠢᠵᠤ ᠪᠠᠶᠢᠨ᠎ᠠ᠃ ᠡᠨᠡ ᠪᠤᠯ ᠮᠠᠨ ᠤ ᠤᠯᠤᠰ ᠤᠨ ᠤᠳᠤᠬᠠᠨ ᠳᠠᠭᠠᠨ ᠢᠯᠡᠷᠡᠬᠦᠯᠦᠭᠰᠡᠨ ᠬᠠᠮᠤᠭ ᠡᠷᠳᠡᠨ ᠤ ᠰᠢᠩ ᠯᠦᠩ ᠸᠠ ᠶᠢᠨ ᠰᠤᠶᠤᠯ ᠤᠨ ᠤᠷᠤᠮ ᠪᠠᠭᠤᠷᠢ ᠪᠠᠶᠢᠵᠤ᠂ ᠤᠳᠤ ᠠᠴᠠ 700 ᠵᠢᠯ ᠤᠨ ᠡᠮᠤᠨᠡᠬᠢ ᠪᠠᠭᠤᠷᠢ ᠶᠤᠮ᠃ 
 
ᠢᠷᠡᠯᠲᠡ᠄ ︽ᠬᠡᠰᠢᠭᠳᠡᠨ ᠭᠠᠵᠠᠷ ᠵᠦᠢ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号