ᠭᠠᠯᠳᠠᠰᠤᠳᠠᠢ ᠬᠠᠶᠢᠷᠬᠠᠨ
ᠨᠡᠶᠢᠲᠡᠯᠡᠭᠰᠡᠨ ᠴᠠᠭ᠄
2014/4/27
        ᠭᠠᠯᠳᠠᠰᠤᠳᠠᠢ ᠷᠠᠰᠢᠶᠠᠨ ᠪᠤᠯᠠᠭ ᠤᠨ ᠡᠮᠤᠨ᠎ᠡ ᠪᠡᠶ᠎ᠡ ᠳᠤ ᠬᠤᠷᠢ ᠰᠢᠬᠠᠮ ᠭᠠᠵᠠᠷ ᠤᠨ ᠠᠯᠤᠰ ᠎ ᠲᠤ ᠦᠷᠭᠦᠯᠵᠢᠯᠡᠨ ᠰᠦᠨᠳᠡᠷᠯᠡᠭᠰᠡᠨ ᠠᠭᠤᠯᠠ ᠨᠢᠷᠤᠭᠤᠳ ᠤᠨ ᠲᠤᠳᠤᠷ᠎ᠠ ᠬᠠᠮᠤᠭ ᠠᠴᠠ ᠤᠷᠤᠶᠢᠯᠠᠭᠰᠠᠨ ᠲᠠᠯᠠᠢ ᠶᠢᠨ ᠲᠦᠪᠰᠢᠨ ᠠᠴᠠ ᠨᠢᠭᠡ ᠮᠢᠩᠭ᠎ᠠ ᠶᠢᠰᠦᠨ ᠵᠠᠭᠤ ᠵᠢᠷᠠᠨ ᠲᠤᠯᠤᠭᠠᠨ ᠮᠧᠲᠷ ᠦᠨᠳᠤᠷ ᠠᠭᠤᠯᠠ ᠶᠢ ︽ᠭᠠᠯᠳᠠᠰᠤᠳᠠᠢ ᠬᠠᠶᠢᠷᠬᠠᠨ︾ ᠬᠡᠵᠤ ᠨᠡᠷᠡᠯᠡᠳᠡᠭ᠃ ᠡᠨᠡ ᠬᠠᠶᠢᠷᠬᠠᠨ ᠠᠭᠤᠯᠠ ᠶᠢ ᠮᠦᠨ ᠴᠢᠩ ᠤᠯᠤᠰ ᠤᠨ ᠡᠬᠢᠨ ᠤ ᠦᠶ᠎ᠡ ᠪᠠᠷ ᠬᠡᠰᠢᠭᠳᠡᠨ ᠬᠤᠰᠢᠭᠤᠨ ᠤ ᠲᠤᠬᠠᠢ ᠶᠢᠨ ᠦᠶ᠎ᠡ ᠶᠢᠨ ᠵᠠᠰᠠᠭ ᠨᠤᠶᠠᠨ ︽ᠡᠴᠢᠬᠡ ᠲᠡᠭᠷᠢ᠂ ᠡᠬᠡ ᠲᠡᠯᠡᠬᠡᠢ︾᠎ ᠪᠠᠨ ᠲᠠᠬᠢᠵᠤ ᠰᠢᠳᠦᠬᠦ ᠰᠡᠳᠬᠢᠯᠬᠡ ᠪᠠᠨ ᠬᠦᠢᠴᠡᠳᠬᠡᠬᠦ ᠶᠢᠨ ᠲᠦᠯᠦᠬᠡ ᠰᠦᠷᠯᠢᠭ ᠰᠠᠶᠢᠬᠠᠨ ᠭᠠᠯᠳᠠᠰᠤᠳᠠᠢ ᠶᠢᠨ ᠠᠭᠤᠯᠠ ᠲᠡᠭᠡᠷ᠎ᠡ ᠴᠢᠯᠠᠭᠤ ᠮᠤᠳᠤ ᠪᠠᠷ ᠤᠪᠣᠭ᠎ᠠ ᠪᠤᠰᠬᠠᠵᠤ᠂ ᠬᠤᠰᠢᠭᠤ ᠲᠠᠶᠠᠭᠠᠷ ᠢᠶᠠᠨ ᠲᠠᠬᠢᠵᠤ ᠰᠢᠳᠦᠬᠦ ︽ᠭᠠᠯᠳᠠᠰᠤᠳᠠᠢ ᠬᠠᠶᠢᠷᠬᠠᠨ︾ ᠬᠡᠵᠤ ᠨᠡᠷᠡᠶᠢᠳᠪᠠ᠃       ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠠᠷᠪᠠᠨ ᠭᠤᠷᠪᠠᠨ ᠤ ᠡᠳᠤᠷ ᠪᠤᠷᠵᠢᠬᠢᠨ ᠣᠪᠣᠭᠳᠠᠨ ᠤ ︵ᠲᠠᠶᠢᠵᠢ ᠢᠵᠠᠭᠤᠷᠳᠠᠨ︶ ᠡᠷᠬᠡ ᠪᠠᠷᠢᠭᠴᠢᠳ ᠠᠴᠠ ᠶᠡᠭᠡ ᠲᠠᠬᠢᠯᠭ᠎ᠠ ᠶᠢ ᠡᠷᠬᠢᠯᠡᠨ ᠬᠢᠵᠤ᠂ ᠷᠠᠰᠢᠶᠠᠨ ᠰᠦᠮ᠎ᠡ ᠶᠢᠨ ᠬᠤᠪᠢᠯᠭᠠᠨ ᠱᠠᠪᠷᠦᠩ ᠪᠡᠶ᠎ᠡ ᠪᠠᠷ ᠢᠶᠠᠨ ᠰᠠᠭᠠᠳᠠᠵᠤ ᠲᠠᠬᠢᠯᠭ᠎ᠠ ᠶᠢᠨ ᠨᠤᠮ ᠰᠤᠳᠤᠷ ᠤᠩᠰᠢᠵᠤ ᠬᠠᠶᠢᠷᠬᠠᠨ ᠤᠪᠤᠭ᠎ᠠ ᠪᠠᠨ ᠲᠠᠬᠢᠳᠠᠭ ᠪᠠᠶᠢᠨ᠎ᠠ᠃ ᠡᠨᠡᠬᠦ ᠬᠤᠰᠢᠭᠤ ᠬᠠᠶᠢᠷᠬᠠᠨ ᠲᠠᠬᠢᠯᠭ᠎ᠠ ᠳᠤ ᠭᠠᠯᠳᠠᠰᠤᠳᠠᠢ ᠷᠠᠰᠢᠶᠡᠨ ᠤ ᠤᠶᠢᠷᠠᠯᠴᠠᠭ᠎ᠠ ᠰᠠᠭᠤᠭ᠎ᠠ ᠮᠤᠩᠭᠤᠯᠴᠤᠳ ᠭᠤᠤᠯᠳᠠᠭᠤᠨ ᠤᠷᠤᠯᠴᠠᠵᠤ᠂ ᠷᠠᠰᠢᠶᠠᠨ ᠰᠦᠮ᠎ᠡ ᠶᠢᠨ ᠯᠡᠮᠡ ᠨᠠᠷ ᠴᠦᠮ ᠢᠷᠡᠯᠴᠡᠨ ᠨᠠᠶᠢᠷ ᠪᠠᠶᠠᠷ ᠡᠬᠦᠰᠬᠡᠨ ︽ᠡᠴᠢᠬᠡ ᠲᠡᠭᠷᠢ᠂ ᠡᠬᠡ ᠲᠡᠯᠡᠬᠡᠢ︾᠎ ᠪᠠᠨ ᠪᠠᠶᠠᠰᠬᠠᠳᠠᠭ ᠪᠠᠶᠢᠨ᠎ᠠ᠃       ᠬᠡᠰᠢᠭᠳᠡᠨ ᠮᠤᠩᠭᠤᠯᠴᠤᠳ ᠤᠨ ᠳᠤᠮᠤᠭ ᠶᠠᠷᠢᠶᠠᠨ ᠳᠤ᠄ ︽ᠭᠠᠯᠳᠠᠰᠤᠳᠠᠢ ᠬᠠᠶᠢᠷᠬᠠᠨ︾᠎ ᠤ ᠰᠠᠬᠢᠭᠤᠰᠤ ᠨᠢ ᠬᠠᠷ᠎ᠠ ᠬᠡᠭᠡᠷ ᠮᠣᠷᠢ ᠤᠨᠤᠵᠤ᠂ ᠭᠠᠷ ᠲᠠᠭᠠᠨ ᠰᠡᠷᠡᠭᠡ ᠠᠳᠬᠤᠭᠰᠠᠨ ᠬᠦᠳᠡᠷ ᠪᠦᠳᠦᠭᠦᠨ ᠪᠡᠶ᠎ᠡ ᠲᠠᠢ᠂ ᠵᠢᠰᠦ ᠴᠢᠷᠠᠢ ᠨᠢ ᠬᠦᠮᠦᠨ ᠠᠶᠤᠮᠠᠷ᠂ ᠬᠠᠷᠠᠬᠤ ᠨᠢᠳᠦ ᠨᠢ ᠪᠦᠳᠦᠭᠦᠨ ᠪᠦᠬᠡᠳ ᠰᠢᠷᠦᠭᠦᠨ᠂ ᠠᠮᠠ ᠨᠢ ᠲᠠᠷᠪᠠᠭᠠᠷ᠂ ᠡᠬᠦᠳᠡᠨ ᠰᠢᠳᠦ ᠨᠢ ᠭᠠᠳᠠᠭᠰᠢ ᠪᠠᠨ ᠭᠠᠷᠤᠭᠰᠠᠨ ᠳᠦᠷᠢ ᠲᠠᠢ ᠪᠠᠶᠢᠵᠠᠢ ᠭᠡᠨ᠎ᠡ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠣᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号