| | ᠬᠡᠰᠢᠭᠳᠡᠨ ᠤ ᠤᠳᠤᠬᠢ ᠪᠠᠶᠠᠩᠭᠤᠤᠯ ᠰᠤᠮᠤᠨ ᠤ ᠵᠡᠬᠦᠨ ᠡᠮᠤᠨ᠎ᠡ ᠪᠡᠶ᠎ᠡ ᠳᠤ ᠪᠠᠶᠢᠷᠢᠰᠢᠵᠤ | ᠪᠠᠶᠢᠭ᠎ᠠ ᠲᠠᠯᠠᠢ ᠶᠢᠨ ᠲᠦᠪᠰᠢᠨ ᠠᠴᠠ ᠨᠢᠭᠡ ᠮᠢᠩᠭ᠎ᠠ ᠨᠠᠢᠮᠠᠨ ᠵᠠᠭᠤ ᠲᠠᠯᠠᠨ ᠶᠢᠰᠤ ᠴᠡᠭ ᠬᠤᠶᠠᠷ ᠮᠧᠲᠷ ᠦᠨᠳᠤᠷ | ᠬᠦᠮᠦᠰ ᠤᠨ ᠪᠠᠭ᠋ᠠᠷᠤᠯ ᠢ ᠲᠠᠳᠠᠭᠰᠠᠨ ᠪᠠᠶᠢᠭᠠᠯᠢ ᠶᠢᠨ ᠦᠵᠡᠮᠵᠢ ᠪᠠᠷ ᠲᠡᠬᠦᠰ ᠶᠢ ︽ᠵᠡᠬᠦᠨ ᠬᠠᠶᠢᠷᠬᠠᠨ︾ ᠬᠡᠵᠤ | ᠨᠡᠷᠡᠯᠡᠳᠡᠭ᠃ ᠲᠦᠪᠡᠳ ᠢᠶᠠᠷ ︽ᠲᠦᠳᠦᠪᠵᠠᠯᠪᠤ︾ ᠬᠡᠵᠤ ᠬᠡᠰᠢᠭᠳᠡᠨ ᠤ ᠯᠠᠮᠠ ᠨᠠᠷ ᠨᠡᠷᠡᠯᠡᠳᠡᠭ ᠪᠦᠬᠡᠳ ᠵᠠᠷᠢᠮ ᠨᠢ | ᠪᠠᠰᠠ ︽ᠪᠠᠶᠠᠨ ᠡᠷᠬᠡᠲᠦ︾ ᠬᠡᠵᠤ ᠨᠡᠷᠡᠯᠡᠨ᠎ᠡ᠃ | ᠴᠢᠩ ᠤᠯᠤᠰ ᠤᠨ ᠡᠬᠢᠨ ᠤ ᠦᠶ᠎ᠡ ᠪᠠᠷ ᠬᠡᠰᠢᠭᠳᠡᠨ ᠬᠤᠰᠢᠭᠤᠨ ᠤ ᠵᠠᠰᠠᠭ ᠨᠤᠶᠠᠨ ᠬᠡᠰᠢᠭᠳᠡᠨ | ᠤ ᠠᠭᠤᠯᠠ ᠨᠢᠷᠤᠭᠤᠳ ᠤᠨ ᠵᠡᠬᠦᠨ ᠪᠡᠶ᠎ᠡ ᠳᠤ ᠪᠠᠶᠢᠭ᠎ᠠ ᠡᠨᠡᠬᠦ ᠠᠭᠤᠯᠠ ᠶᠢ ᠬᠤᠰᠢᠭᠤ ᠲᠠᠶᠠᠭᠠᠷ ᠢᠶᠠᠨ ᠰᠢᠳᠤᠨ | ᠲᠠᠬᠢᠬᠤ ᠬᠠᠶᠢᠷᠬᠠᠨ ᠠᠭᠤᠯᠠ ᠬᠡᠵᠤ ᠰᠦᠰᠦᠭᠯᠡᠨ ᠲᠠᠬᠢᠵᠠᠢ᠃ ᠠᠭᠤᠯᠠ ᠶᠢᠨ ᠤᠷᠤᠢ ᠲᠡᠭᠡᠷ᠎ᠡ ᠴᠢᠯᠠᠭᠤ᠂ ᠮᠤᠳᠤ ᠪᠠᠷ | ᠤᠪᠤᠭ᠎ᠠ ᠪᠤᠰᠬᠠᠵᠤ᠂ ᠪᠤᠮᠪᠤ ᠲᠠᠷᠤᠵᠤ ᠪᠤᠩᠬᠤᠯᠠᠨ᠂ ᠬᠡᠰᠢᠭᠳᠡᠨ ᠤ ᠵᠡᠬᠦᠨ ᠪᠡᠶ᠎ᠡ ᠪᠠᠷ ᠨᠤᠳᠤᠭᠯᠠᠨ ᠰᠠᠭᠤᠭ᠎ᠠ — | ᠭᠠᠨᠵᠤᠤᠷ ᠲᠠᠪᠤᠨ ᠠᠶᠢᠮᠠᠭ ᠤᠨ ᠮᠤᠩᠭᠤᠯᠴᠤᠳ ᠭᠤᠤᠯᠯᠠᠨ ᠤᠷᠤᠯᠴᠠᠵᠤ᠂ ᠮᠢᠰᠠᠩ ᠰᠦᠮ᠎ᠡ ᠶᠢᠨ ᠬᠤᠪᠢᠯᠭᠠᠨ | ᠱᠠᠪᠷᠦᠩ ᠲᠠᠬᠢᠯᠭ᠎ᠠ ᠶᠢᠨ ᠰᠤᠳᠤᠷ ᠨᠤᠮ ᠢ ᠤᠩᠰᠢᠵᠤ᠂ ᠪᠤᠷᠵᠢᠬᠢᠨ ᠤᠪᠤᠭᠳᠠᠨ ᠤ ᠨᠤᠶᠠᠳ ᠲᠠᠬᠢᠯᠭ᠎ᠠ ᠶᠢ ᠡᠷᠬᠢᠯᠡᠨ | ᠬᠢᠳᠡᠭ ᠪᠠᠶᠢᠵᠠᠢ᠃ | ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠬᠤᠷᠢᠨ ᠬᠤᠶᠠᠷ ᠤᠨ | ᠡᠳᠤᠷ ᠶᠡᠭᠡ ᠲᠠᠬᠢᠯᠭ᠎ᠠ ᠬᠢᠵᠤ ︽ᠡᠴᠢᠬᠡ ᠲᠡᠭᠷᠢ᠂ ᠡᠬᠡ ᠲᠡᠯᠡᠬᠡᠢ︾ ᠳᠡᠭᠡᠨ ᠢᠳᠡᠬᠡᠨ ᠤᠮᠳᠠᠭᠠᠨ ᠤ ᠲᠡᠭᠡᠵᠡᠢ ᠪᠠᠨ | ᠰᠠᠴᠤᠯᠢ ᠡᠷᠬᠦᠨ᠂ ᠨᠠᠶᠢᠷ ᠪᠠᠶᠠᠷ ᠬᠢᠬᠦ ᠵᠠᠩᠰᠢᠯ ᠨᠢ ᠤᠳᠤ ᠪᠤᠯᠳᠠᠯ᠎ᠠ ᠦᠷᠬᠦᠯᠵᠢᠯᠡᠭᠰᠡᠬᠡᠷ ᠦᠨᠳᠤᠰᠤᠳᠠᠨ ᠤ ᠵᠠᠩᠰᠢᠯ | ᠲᠠᠳᠬᠠᠯ ᠤᠨ ᠬᠡᠯᠪᠡᠷᠢ ᠲᠠᠢ ᠪᠤᠯᠵᠤ᠂ ᠪᠠᠶᠠᠨᠴᠠᠭᠠᠨ᠂ ᠪᠠᠶᠠᠩᠭᠤᠤᠯ ᠰᠤᠮᠤᠨ ᠤ ᠮᠤᠩᠭᠤᠯᠴᠤᠳ ᠵᠢᠯ ᠪᠦᠷᠢ | ᠲᠤᠭᠳᠠᠭᠰᠠᠨ ᠰᠠᠷ᠎ᠠ ᠡᠳᠦᠷ ᠲᠡᠭᠡᠨ ᠬᠠᠶᠢᠷᠬᠠᠨ ᠢᠶᠠᠨ ᠲᠠᠬᠢᠵᠤ᠂ ᠨᠠᠶᠢᠷ ᠨᠠᠭᠠᠳᠤᠮ ᠬᠢᠭᠰᠡᠬᠡᠷ ᠪᠠᠶᠢᠨ᠎ᠠ᠃ | ᠤᠯᠠᠮᠵᠢᠯᠠᠯᠳᠤ ᠠᠷᠠᠳ ᠤᠨ ᠲᠤᠮᠤᠭ ᠶᠠᠷᠢᠶᠠᠨ ᠳᠤ ︽ᠵᠡᠬᠦᠨ ᠬᠠᠶᠢᠷᠬᠠᠨ︾ ᠤ ᠰᠠᠬᠢᠭᠤᠰᠤ | ᠳᠦᠷᠢ ᠨᠢ ᠨᠢᠭᠡᠨ ᠥᠰᠦᠬᠡᠢ ᠴᠠᠭᠠᠨ ᠬᠠᠷ᠎ᠠ ᠮᠣᠷᠢ ᠤᠨᠤᠭᠰᠠᠨ ᠭᠠᠷ ᠲᠠᠭᠠᠨ ᠰᠡᠯᠡᠮ᠎ᠡ ᠵᠢᠳᠠ ᠪᠠᠷᠢᠭᠰᠠᠨ᠂ | ᠪᠡᠶ᠎ᠡ ᠳᠡᠭᠡᠨ ᠬᠤᠶᠠᠭ ᠲᠤᠭᠤᠯᠠᠭ᠎ᠠ ᠠᠭᠰᠤᠭᠰᠠᠨ᠂ ᠬᠦᠳᠡᠷ ᠪᠦᠳᠦᠬᠦᠨ ᠪᠡᠶ᠎ᠡ ᠲᠠᠢ ᠵᠠᠩᠵᠦᠨ ᠬᠦᠮᠦᠨ ᠤ ᠰᠠᠬᠢᠭᠤᠰᠤ | ᠳᠦᠷᠢ ᠪᠠᠶᠢᠭᠰᠠᠨ ᠭᠡᠨ᠎ᠡ᠃ ᠭᠠᠨᠵᠤᠤᠷ ᠲᠠᠪᠤᠨ ᠠᠶᠢᠮᠠᠭ ᠤᠨ ᠠᠳᠤᠭᠤᠨ ᠰᠦᠷᠦᠭ ᠠᠴᠠ ᠥᠰᠦᠬᠡᠢ ᠴᠠᠭᠠᠨ ᠬᠠᠷ᠎ᠠ | ᠮᠣᠷᠢ ᠤᠨᠠᠭᠠᠯᠠᠪᠠᠯ ᠮᠠᠰᠢ ᠶᠡᠭᠡ ᠪᠠᠷ ᠪᠠᠶᠠᠷᠯᠠᠨ ︽ᠵᠡᠬᠦᠨ ᠬᠠᠶᠢᠷᠬᠠᠨ ᠤ ᠤᠨᠠᠭ᠎ᠠ ᠭᠠᠷᠤᠯ᠎ᠠ︾ ᠬᠡᠵᠤ ᠡᠩᠬᠦᠷᠠᠶᠢᠯᠡᠨ | ᠬᠠᠶᠢᠷᠠᠯᠠᠵᠤ ᠬᠠᠶᠢᠷᠬᠠᠨ ᠤ ᠰᠡᠲᠡᠷ ᠵᠡᠬᠦᠯᠬᠡᠨ ᠤᠩᠭᠤᠯᠠᠬᠤ ᠪᠤᠶᠤ ᠵᠠᠷᠢᠮ ᠨᠢ ᠡᠷ᠎ᠡ ᠤᠨᠠᠭ᠎ᠠ ᠶᠢ ᠨᠢ ᠠᠵᠢᠷᠭ᠎ᠠ | ᠲᠠᠯᠪᠢᠨ ᠠᠳᠤᠭᠤᠨ ᠳᠠᠭᠠᠨ ᠦᠰᠦᠬᠡᠢ ᠴᠠᠭᠠᠨ ᠬᠠᠷ᠎ᠠ ᠮᠣᠷᠢ ᠦᠷᠡᠵᠢᠬᠦᠯᠦᠨ ᠤᠯᠠᠰᠢᠷᠠᠭᠤᠯᠳᠠᠭ ᠪᠠᠶᠢᠵᠠᠢ᠃ | ᠬᠡᠰᠢᠭᠳᠡᠨ ︽ᠲᠠᠪᠤᠨ ᠶᠡᠭᠡ ᠬᠠᠶᠢᠷᠬᠠᠨ︾ ᠨᠢ ᠠᠯᠢ ᠡᠷᠲᠡ ᠴᠢᠩ ᠤᠯᠤᠰ ᠤᠨ ᠡᠬᠢᠨ ᠤ | ᠦᠶ᠎ᠡ ᠪᠠᠷ ᠬᠤᠰᠢᠭᠤ ᠲᠠᠶᠠᠭᠠᠷ ᠢᠶᠠᠨ ᠰᠦᠰᠦᠭᠯᠡᠨ ᠲᠠᠬᠢᠳᠠᠭ ᠬᠠᠶᠢᠷᠬᠠᠨ ᠠᠭᠤᠯᠠ ᠪᠤᠯᠵᠤ ᠦᠶ᠎ᠡ ᠤᠯᠠᠷᠢᠭᠰᠠᠭᠠᠷ | ᠤᠳᠤ ᠪᠣᠯᠪᠠ᠃ ᠬᠡᠰᠢᠭᠳᠡᠨ ᠮᠤᠩᠭᠤᠯᠴᠤᠳ ᠤᠨ ᠲᠤᠮᠤᠭ ᠶᠠᠷᠢᠶᠠᠨ ᠳᠤ ︽ᠲᠠᠪᠤᠨ ᠶᠡᠭᠡ ᠬᠠᠶᠢᠷᠬᠠᠨ︾ ᠤ | ᠰᠠᠬᠢᠭᠤᠰᠤ ᠳᠦᠷᠢ ᠨᠢ ᠴᠦᠮ ᠠᠭᠲᠠ ᠬᠦᠯᠦᠭ ᠮᠣᠷᠢ ᠤᠨᠤᠵᠤ᠂ ᠪᠡᠶ᠎ᠡ ᠳᠡᠭᠡᠨ ᠬᠤᠶᠠᠭ ᠳᠤᠭᠤᠯᠠᠭ᠎ᠠ | ᠬᠤᠶᠠᠭᠯᠠᠭᠰᠠᠨ᠂ ᠭᠠᠷ ᠲᠠᠭᠠᠨ ᠵᠢᠳᠠ ᠰᠡᠯᠡᠮ᠎ᠡ ᠠᠳᠬᠤᠭᠰᠠᠨ ᠡᠷᠡᠯᠬᠡᠭ ᠪᠠᠭᠠᠳᠤᠷᠯᠢᠭ ᠠᠬ᠎ᠠ ᠲᠡᠬᠦᠦ ᠲᠠᠪᠤᠨ | ᠵᠠᠩᠵᠦᠨ ᠭᠡᠨ᠎ᠡ᠃ ᠠᠬ᠎ᠠ ᠲᠡᠭᠦᠦ ᠲᠠᠪᠤᠭᠤᠯᠠ ᠪᠠᠷ ᠨᠢᠭᠳᠠᠷᠠᠨ ᠪᠦᠯᠬᠦᠮᠳᠡᠵᠤ᠂ ᠬᠠᠮᠳᠤ ᠶᠢᠨ ᠬᠦᠴᠦᠨ ᠢᠶᠠᠷ | ᠬᠡᠰᠢᠭᠳᠡᠨ ᠨᠤᠳᠤᠭ ᠤᠨ ᠠᠳᠠ ᠴᠢᠳᠬᠦᠷ ᠢ ᠠᠷᠢᠯᠭᠠᠨ᠂ ᠬᠤᠯᠠᠭᠠᠢ ᠳᠡᠭᠡᠷᠡᠮ ᠢ ᠳᠠᠷᠤᠵᠤ᠂ ᠨᠤᠳᠤᠭ ᠤᠰᠤᠨ ᠤ ᠪᠠᠨ | ᠰᠠᠶᠢᠨ ᠬᠦᠮᠦᠰ ᠢ ᠬᠠᠮᠠᠭᠠᠯᠠᠨ ᠲᠤᠰᠠᠯᠠᠵᠤ ᠲᠡᠳᠬᠦᠳᠡᠭ ᠨᠠᠪᠳᠠᠭ ᠰᠠᠬᠢᠭᠤᠰᠤ ᠭᠡᠨ᠎ᠡ᠃ | ᠡᠷᠲᠡ ᠦᠶ᠎ᠡ ᠳᠤ ᠪᠢᠷᠠᠭᠤ ᠰᠦᠮ᠎ᠡ ᠶᠢᠨ ᠨᠢᠭᠡᠨ ᠱᠠᠪᠢ ᠯᠠᠮᠠ ᠪᠠᠷᠠᠭᠤᠨ ᠤᠷᠤᠨ ᠤ ᠭᠤᠮᠪᠤᠨ | ᠬᠡᠶᠢᠳ ᠲᠤ ᠬᠦᠷᠴᠤ᠂ ᠡᠷᠳᠡᠮ ᠮᠡᠳᠡᠯᠭᠡ ᠲᠠᠢ ᠪᠠᠭᠰᠢ ᠯᠠᠮᠠ ᠳᠤ ᠰᠥᠰᠦᠭᠯᠡᠨ ᠮᠦᠷᠬᠦᠵᠤ ᠱᠠᠪᠢ ᠤᠷᠤᠭᠠᠳ ᠨᠤᠮ | ᠡᠷᠳᠡᠮ ᠢ ᠰᠤᠷᠴᠤ ᠡᠬᠢᠯᠡᠵᠠᠢ᠃ ᠲᠡᠷᠡ ᠦᠨᠡᠨ ᠰᠡᠳᠬᠢᠯ ᠠᠴᠠ ᠪᠠᠨ ᠯᠠᠮᠠ ᠶᠢᠨ ᠱᠠᠰᠢᠨ ᠳᠤ ᠰᠦᠰᠦᠭᠯᠡᠨ᠂ ᠵᠣᠷᠢᠭ | ᠰᠢᠭᠤᠳᠤᠨ ᠬᠦᠴᠢᠷ ᠪᠡᠷᠬᠡᠰᠢᠶᠡᠯ ᠠᠴᠠ ᠬᠠᠯᠠᠰᠢᠷᠠᠯ ᠦᠭᠡᠢ ᠰᠢᠷᠭᠠᠭᠤ ᠬᠠᠲᠠᠭᠤᠵᠢᠯᠲᠠᠢ ᠴᠢᠷᠮᠠᠶᠢᠨ ᠰᠤᠷᠤᠯᠴᠠᠭᠠᠳ | ᠬᠤᠷᠢ ᠰᠢᠬᠠᠮ ᠵᠢᠯ ᠪᠣᠯᠵᠠᠢ᠃ ᠰᠤᠷᠤᠭᠰᠠᠨ ᠡᠷᠳᠡᠮ ᠨᠣᠮ ᠨᠢ ᠰᠠᠨᠠᠭᠰᠠᠨ ᠰᠠᠨᠠᠭ᠎ᠠ ᠳᠠᠭᠠᠨ ᠣᠶᠢᠷᠠᠲᠤᠭᠰᠠᠨ ᠲᠤᠯᠠ | ᠨᠢᠭᠡᠨ ᠡᠳᠤᠷ ᠬᠡᠰᠢᠭᠳᠡᠨ ᠯᠠᠮᠠ ᠢᠩᠬᠢᠵᠤ ᠪᠤᠳᠤᠯᠬᠢᠯᠠᠵᠠᠢ᠄ ︽ᠡᠷᠳᠡᠮᠳᠡᠨ ᠪᠠᠭᠰᠢ ᠶᠢᠨ ᠬᠠᠷᠠᠮ ᠦᠭᠡᠢ | ᠵᠢᠭᠠᠭᠰᠠᠨ ᠢᠶᠠᠷ ᠤᠳᠤ ᠮᠢᠨᠤ ᠰᠤᠷᠤᠭᠰᠠᠨ ᠡᠷᠳᠡᠮ ᠨᠤᠮ ᠴᠦ ᠨᠡᠯᠢᠶᠡᠳ ᠪᠤᠯᠴᠢᠬᠠᠯ᠎ᠠ᠃ ᠨᠠᠰᠤ ᠴᠦ ᠭᠤᠴᠢ | ᠠᠶᠠᠳᠠᠪᠠ᠃ ᠤᠳᠤ ᠲᠦᠷᠦᠭᠰᠡᠨ ᠨᠤᠳᠤᠭ ᠲᠠᠭᠠᠨ ᠪᠤᠴᠠᠵᠤ ᠰᠤᠷᠤᠭᠰᠠᠨ ᠡᠷᠳᠡᠮ ᠢᠶᠠᠨ ᠰᠦᠮ᠎ᠡ ᠶᠢᠨ ᠵᠠᠯᠠᠭᠤ ᠯᠠᠮᠠ | ᠨᠠᠷ ᠲᠠᠭᠠᠨ ᠵᠢᠭᠠᠨ ᠰᠤᠷᠭᠠᠵᠤ ᠤᠯᠠᠮᠵᠢᠯᠠᠬᠤ ᠦᠭᠡᠢ ᠪᠤᠯ ᠤᠷᠤᠶᠢᠳᠠᠵᠤ ᠮᠡᠳᠡᠨ᠎ᠡ︾ ᠬᠡᠵᠤ ᠰᠠᠨᠠᠭᠠᠳ᠂ ᠡᠷᠳᠡᠮ | ᠨᠤᠮ ᠵᠢᠭᠠᠭᠰᠠᠨ ᠬᠠᠶᠢᠷᠠᠳᠤ ᠪᠠᠭᠰᠢ ᠳᠠᠭᠠᠨ ᠦᠪᠡᠷ ᠤᠨ ᠰᠠᠨᠠᠭ᠎ᠠ ᠪᠠᠨ ᠨᠢᠭᠤᠯ ᠦᠭᠡᠢ ᠬᠡᠯᠡᠵᠤ ᠨᠤᠳᠤᠭ ᠲᠠᠭᠠᠨ | ᠪᠤᠴᠠᠬᠤ ᠶᠢ ᠭᠤᠶᠤᠴᠢᠯᠠᠵᠠᠢ᠃ ᠪᠠᠭᠰᠢ ᠯᠡᠮᠡ ᠨᠢ ᠥᠨᠥ ᠱᠠᠪᠢ ᠪᠠᠨ ᠬᠠᠶᠢᠷᠠᠯᠠᠨ ᠬᠠᠯᠠᠮᠵᠢᠯᠠᠳᠠᠭ ᠪᠤᠯᠬᠤᠷ ᠰᠢᠭᠤᠳ | ᠄ ︽ᠲᠠ ᠨᠤᠳᠤᠭ ᠲᠠᠭᠠᠨ ᠪᠤᠴᠠᠬᠤ ᠳᠤ ᠪᠠᠭᠰᠢ ᠨᠢ ᠰᠠᠨᠠᠯ ᠦᠭᠡᠢ᠂ ᠬᠡᠪᠡᠴᠤ ᠲᠠ ᠠᠳᠠ ᠢᠷᠡᠬᠡᠳ ᠰᠢᠷᠭᠠᠭᠤ | ᠰᠢᠮᠳᠠᠨ ᠰᠤᠷᠤᠯᠴᠠᠭᠰᠠᠨ ᠠᠴᠠ ᠡᠷᠳᠡᠮ ᠮᠡᠳᠡᠯᠭᠡ ᠴᠢᠨᠢ ᠤᠯᠠᠨ ᠬᠤᠸᠠᠷᠠᠭ ᠤᠨ ᠲᠤᠳᠤᠷ᠎ᠠ ᠤᠷᠤᠶᠢᠯᠠᠭᠰᠠᠨ ᠭᠠᠷᠮᠠᠭᠠᠢ | ᠡᠷᠳᠡᠮᠳᠡᠨ ᠪᠤᠯᠵᠤ᠂ ᠰᠦᠮ᠎ᠡ ᠶᠢᠨ ᠡᠵᠡᠨ ᠯᠡᠮᠡ ᠪᠠ ᠬᠡᠷᠬᠡᠮᠳᠡᠨ ᠯᠠᠮᠠ ᠨᠠᠷ ᠤᠨ ᠪᠠᠭ᠋ᠠᠷᠤᠯ ᠢ ᠣᠯᠪᠠ᠃ ᠡᠶᠢᠮᠦᠷᠬᠦ | ᠡᠷᠳᠡᠮᠳᠡᠨ ᠬᠤᠸᠠᠷᠠᠭ ᠢ ᠨᠤᠳᠤᠭ ᠲᠤᠨᠢ ᠬᠠᠷᠢᠭᠤᠯᠬᠤ ᠶᠢ ᠵᠦᠪᠰᠢᠶᠡᠷᠡᠳᠡᠭ ᠦᠭᠡᠢ᠃ ᠬᠡᠷᠪᠡ ᠵᠠᠪᠠᠯ ᠪᠤᠴᠠᠵᠤ | ᠬᠠᠷᠢᠨ᠎ᠠ ᠭᠡᠪᠡᠯ ᠡᠯᠳᠡᠪ ᠠᠷᠭ᠎ᠠ ᠮᠡᠭᠡ ᠭᠠᠷᠭᠠᠵᠤ ᠪᠠᠶᠢᠭᠠᠳ ᠠᠮᠢ ᠨᠠᠰᠤ ᠶᠢ ᠴᠢᠨᠢ ᠬᠤᠬᠢᠷᠠᠭᠤᠯᠬᠤ ᠬᠤᠤᠷ ᠬᠦᠷᠬᠡᠨ᠎ᠡ | ᠰᠢᠤ᠃ ᠲᠡᠭᠡᠭᠦ ᠳᠡᠭᠡᠨ ᠰᠠᠶᠢᠳᠤᠷ ᠬᠢᠴᠢᠶᠡᠬᠦ ᠬᠡᠷᠡᠭᠳᠡᠢ᠃ ᠬᠡᠷᠪᠡ ᠨᠤᠳᠤᠭ ᠲᠠᠭᠠᠨ ᠪᠤᠴᠠᠬᠤ ᠪᠠᠷ ᠰᠡᠳᠬᠢᠯ | ᠰᠢᠭᠤᠳᠤᠭᠰᠠᠨ ᠪᠤᠯ ᠤᠳᠤ ᠠᠴᠠ ᠡᠬᠢᠯᠡᠨ ᠲᠡᠭᠡᠳᠤᠰ ᠤᠨ ᠢᠶᠠᠨ ᠰᠢᠳᠦᠬᠡᠨ᠂ ᠨᠤᠳᠤᠭ ᠤᠰᠤᠨ ᠤ ᠪᠠᠨ ᠡᠵᠡᠳ | ᠰᠠᠬᠢᠭᠤᠯᠰᠤᠨ ᠳᠠᠭᠠᠨ ᠴᠢᠩ ᠦᠨᠡᠨ ᠰᠡᠳᠬᠢᠯ ᠠᠴᠠ ᠪᠠᠨ ᠰᠦᠰᠦᠭᠯᠡᠨ ᠲᠠᠭᠠᠳᠬᠠᠵᠤ᠂ ᠠᠪᠤᠷᠠᠨ ᠰᠤᠶᠤᠷᠬᠠᠬᠤ᠂ | ᠠᠮᠤᠷ ᠮᠡᠨᠳᠤ ᠪᠠᠷ ᠨᠤᠳᠤᠭ ᠤᠰᠤᠨ ᠳᠠᠭᠠᠨ ᠬᠠᠷᠢᠬᠤ ᠶᠢ ᠵᠠᠯᠪᠠᠷᠢᠵᠤ ᠪᠠᠶᠢᠪᠠᠯ ᠰᠤᠶᠤᠷᠬᠠᠨ ᠲᠤᠰᠠᠯᠠᠬᠤ ᠮᠠᠭᠠᠳ | ᠦᠭᠡᠢ︾ ᠭᠡᠵᠡᠢ᠃ ᠱᠠᠪᠢ ᠨᠢ ᠦᠨᠡᠬᠡᠷ ᠪᠠᠭᠰᠢ ᠶᠢᠨ ᠬᠡᠯᠡᠭᠰᠡᠨ ᠢᠶᠠᠷ ᠵᠢᠷᠤᠮᠯᠠᠨ ᠲᠠᠷᠡ ᠡᠳᠤᠷ ᠠᠴᠠ ᠡᠬᠢᠯᠡᠨ ᠦᠨᠡᠨ | ᠰᠡᠳᠬᠢᠯ ᠠᠴᠠ ᠪᠠᠨ ᠵᠠᠯᠪᠠᠷᠢᠨ ᠳᠠᠭᠠᠳᠬᠠᠵᠤ ᠪᠠᠶᠢᠭᠠᠳ ᠨᠢᠭᠡ ᠡᠳᠤᠷ ᠨᠤᠳᠤᠭ ᠲᠠᠭᠠᠨ ᠪᠤᠴᠠᠬᠤ ᠤᠴᠢᠷ ᠢᠶᠠᠨ | ᠰᠦᠮ᠎ᠡ ᠶᠢᠨ ᠡᠵᠡᠨ ᠯᠠᠮᠠ ᠳᠤ ᠬᠡᠯᠡᠵᠤ ᠮᠦᠷᠬᠦᠨ ᠭᠤᠶᠤᠵᠠᠢ᠃ ᠡᠵᠡᠨ ᠯᠡᠮᠡ ᠨᠢ ᠬᠠᠷᠢᠵᠤ ᠪᠤᠯᠬᠤ ᠪᠠ ᠡᠰᠡᠬᠦ ᠶᠢ | ᠲᠡᠷᠡ ᠲᠤᠤᠷ᠎ᠠ ᠨᠢ ᠬᠠᠷᠢᠭᠤ ᠬᠡᠯᠡᠭᠰᠡᠨ ᠦᠭᠡᠢ᠃ ᠰᠦᠮ᠎ᠡ ᠶᠢᠨ ᠳᠡᠭᠡᠳᠤ ᠲᠡᠰ ᠤᠨ ᠬᠡᠷᠬᠡᠮᠳᠡᠨ ᠯᠠᠮᠠ ᠨᠠᠷ ᠲᠠᠭᠠᠨ ︽ | ᠬᠡᠰᠢᠭᠳᠡᠨ ᠯᠠᠮᠠ︾ ᠶᠢᠨ ᠨᠤᠳᠤᠭ ᠲᠠᠭᠠᠨ ᠪᠤᠴᠠᠬᠤ ᠤᠴᠢᠷ ᠢ ᠬᠡᠯᠡᠵᠤ᠂ ︽ᠲᠡᠬᠦᠨ ᠤ ᠡᠷᠳᠡᠮ ᠮᠡᠳᠡᠯᠬᠡ | ᠤᠯᠠᠨ ᠠᠴᠠ ᠤᠷᠤᠶᠢᠯᠠᠭᠰᠠᠨ ᠲᠤᠯᠠ ᠨᠤᠳᠤᠭ ᠲᠤᠨᠢ ᠪᠤᠴᠠᠭᠠᠵᠤ ᠪᠤᠯᠬᠤ ᠦᠭᠡᠢ᠃ ᠡᠷᠬᠡᠪᠰᠢ ᠬᠤᠷᠢᠭᠯᠠᠨ | ᠵᠤᠭᠰᠤᠭᠠᠬᠤ ᠪᠤᠶᠤ ᠬᠡᠷᠪᠡ ᠡᠰᠡ ᠵᠤᠭᠰᠤᠭᠠᠵᠤ ᠴᠢᠳᠠᠬᠤ ᠳᠤ ᠬᠦᠷᠪᠡᠯ ᠶᠠᠮᠠᠷ ᠨᠢᠭᠡᠨ ᠰᠢᠯᠳᠠᠭᠠᠨ ᠢᠶᠠᠷ ᠠᠮᠢ ᠨᠠᠰᠤ | ᠶᠢ ᠨᠢ ᠠᠳᠠ ᠲᠡᠭᠦᠰᠬᠡᠬᠦ ᠬᠡᠷᠡᠭᠳᠡᠢ︾ ᠭᠡᠵᠤ ᠵᠦᠪᠳᠡᠨ ᠲᠤᠭᠳᠠᠵᠠᠢ᠃ ᠨᠢᠭᠡᠨ ᠡᠳᠤᠷ ᠤᠨ ᠶᠡᠭᠡ ᠰᠦᠮ᠎ᠡ ᠶᠢᠨ | ᠦᠷᠯᠦᠬᠡ ᠶᠢᠨ ᠵᠢᠰᠠ ᠬᠤᠷᠠᠬᠤ ᠬᠤᠷᠠᠯ ᠳᠤ ︽ᠬᠡᠰᠢᠭᠳᠡᠨ ᠯᠠᠮᠠ︾ ᠬᠡᠳᠤᠨ ᠮᠢᠨᠦ᠋ᠲ ᠬᠤᠵᠢᠮᠳᠠᠨ ᠬᠦᠷᠴᠤ | ᠤᠴᠢᠵᠠᠢ᠃ ᠶᠠᠭ ᠶᠡᠭᠡ ᠰᠦᠮ᠎ᠡ ᠶᠢᠨ ᠬᠤᠷᠠᠯ ᠳᠤᠭᠠᠩ ᠳᠤ ᠠᠯᠬᠤᠨ ᠤᠷᠤᠳᠠᠯ᠎ᠠ ᠭᠡᠪᠬᠦᠢ ᠯᠠᠮᠠ ᠨᠢ ᠲᠤᠰᠴᠤ | ᠠᠪᠤᠭᠠᠳ᠄ ︽ᠶᠡᠭᠡ ᠰᠦᠮ᠎ᠡ ᠶᠢᠨ ᠦᠷᠯᠦᠬᠡ ᠶᠢᠨ ᠵᠢᠰᠠ ᠶᠢᠨ ᠬᠤᠷᠠᠯ ᠳᠤ ᠶᠠᠮᠠᠷ ᠴᠦ ᠰᠢᠯᠳᠠᠭᠠᠨ ᠦᠭᠡᠢ ᠪᠠᠷ | ᠬᠤᠵᠢᠮᠳᠠᠵᠤ ᠢᠷᠡᠬᠦ ᠴᠢᠨᠢ ᠶᠠᠭᠤ ᠪᠣᠯᠴᠢᠬᠠᠪᠠ︖︾ ᠬᠡᠵᠤ ᠡᠨᠡᠬᠦ ᠪᠠᠭ᠎ᠠ ᠣᠰᠤᠯ ᠠᠳᠡᠯ ᠢ ᠲᠣᠬᠢᠶᠠᠯᠳᠤᠭᠤᠯᠤᠨ | ᠭᠡᠪᠬᠦᠢ ᠶᠢᠨ ᠬᠡᠷᠡᠭᠯᠡᠳᠡᠭ ᠨᠠᠢᠮᠠᠨ ᠲᠠᠯ᠎ᠠ ᠲᠠᠢ ᠪᠦᠳᠦᠬᠦᠨ ᠭᠠᠤᠯᠢᠨ ᠪᠦᠷᠢᠶ᠎ᠡ ᠪᠠᠨ ᠡᠷᠬᠢᠯᠳᠦᠬᠦᠯᠦᠨ ᠭᠠᠪᠠᠯᠠ | ᠲᠤᠯᠤᠭᠠᠢ ᠶᠢ ᠨᠢ ᠬᠠᠭ᠎ᠠ ᠴᠣᠬᠢᠬᠤ ᠪᠠᠷ ᠬᠠᠷ᠎ᠠ ᠰᠠᠨᠠᠭ᠎ᠠ ᠡᠬᠦᠰᠬᠡᠭᠰᠡᠨ ᠢ ︽ᠬᠡᠰᠢᠭᠳᠡᠨ ᠯᠠᠮᠠ︾ ᠠᠵᠢᠭᠯᠠᠵᠤ | ᠮᠡᠳᠡᠬᠡᠳ ᠲᠠᠷᠡ ᠲᠤᠤᠷ᠎ᠠ ᠪᠠᠨ ᠠᠯᠠᠭ᠎ᠠ ᠪᠠᠨ ᠬᠠᠮᠳᠤᠳᠬᠠᠨ ︽ᠬᠡᠰᠢᠭᠳᠡᠨ ᠤ ᠮᠢᠨᠢ ᠰᠠᠬᠢᠭᠤᠯᠰᠤᠨ ᠬᠠᠶᠢᠷᠬᠠᠨ | ᠠᠪᠤᠷᠠᠨ ᠰᠤᠶᠤᠷᠬ᠎ᠠ ᠡ︕︾ ᠭᠡᠵᠤ ᠴᠢᠩ ᠰᠡᠳᠬᠢᠯ ᠠᠴᠠ ᠪᠠᠨ ᠵᠠᠯᠪᠠᠷᠢᠨ ᠲᠠᠭᠠᠳᠬᠠᠵᠤ ᠵᠠᠪᠳᠤᠵᠠᠢ᠃ ᠲᠡᠭᠡᠳᠡᠯ᠎ᠠ | ᠭᠡᠪᠬᠦᠢ ᠯᠠᠮᠠ ᠶᠢᠨ ᠭᠠᠤᠯᠢᠨ ᠪᠦᠷᠢᠶ᠎ᠡ ᠨᠢ ᠲᠡᠭᠡᠭᠰᠢ ᠪᠠᠨ ᠡᠷᠬᠦᠭᠰᠡᠨ ᠬᠡᠪ ᠢᠶᠠᠷ ᠢᠶᠠᠨ ᠲᠤᠷᠤᠭᠰᠢ ᠪᠠᠨ ᠶᠠᠭᠠᠬᠢᠵᠤ | ᠬᠦᠴᠦᠯᠡᠭᠰᠡᠨ ᠴᠦ ᠪᠠᠭᠤᠬᠤ ᠦᠭᠡᠢ ᠪᠤᠯᠤᠭᠰᠠᠨ ᠳᠤ ᠶᠡᠬᠡᠯ᠎ᠡ ᠭᠠᠶᠢᠬᠠᠵᠤ ᠪᠠᠶᠢᠳᠠᠯ᠎ᠠ ᠰᠦᠮ᠎ᠡ ᠶᠢᠨ ᠬᠤᠷᠠᠯ ᠤᠨ | ᠭᠤᠤᠯ ᠲᠡᠭᠡᠳᠤ ᠰᠠᠭᠤᠳᠠᠯ ᠳᠤ ᠰᠠᠭᠤᠭ᠎ᠠ ᠭᠡᠭᠡᠨ ᠬᠤᠪᠢᠯᠭᠠᠨ ᠨᠢ ᠪᠤᠰᠴᠤ ᠵᠤᠭᠰᠤᠭᠠᠳ ︽ᠴᠤᠬᠢᠵᠤ ᠪᠤᠯᠬᠤ ᠦᠭᠡᠢ | ︾ ᠭᠡᠵᠤ ᠦᠨᠳᠤᠷ ᠳᠠᠭᠤᠨ ᠢᠶᠠᠷ ᠵᠠᠷᠯᠢᠭ ᠪᠠᠭᠤᠯᠭᠠᠵᠠᠢ᠃ ᠤᠴᠢᠷ ᠨᠢ ᠭᠡᠭᠡᠨ ᠬᠤᠪᠢᠯᠭᠠᠨ ᠤ ᠨᠢᠳᠦᠨ ᠳᠤᠨᠢ | ᠭᠡᠨᠡᠳᠲᠡ ᠨᠢᠭᠡᠨ ᠰᠠᠷᠠᠯ ᠮᠣᠷᠢ ᠤᠨᠤᠭᠰᠠᠨ᠂ ᠪᠡᠶ᠎ᠡ ᠳᠡᠭᠡᠨ ᠬᠤᠶᠠᠭ ᠲᠤᠭᠤᠯᠠᠭ᠎ᠠ ᠬᠤᠶᠠᠭᠯᠠᠭᠰᠠᠨ ᠭᠠᠷ ᠲᠠᠭᠠᠨ | ᠡᠷᠳᠡᠨᠢ ᠶᠢᠨ ᠮᠦᠩᠬᠦᠨ ᠵᠢᠳᠠ ᠠᠳᠬᠤᠭᠰᠠᠨ ᠬᠦᠳᠡᠷ ᠪᠦᠳᠦᠬᠦᠨ ᠪᠡᠶ᠎ᠡ ᠲᠠᠢ ᠪᠠᠭᠠᠳᠤᠷ ᠵᠠᠩᠵᠦᠨ ᠮᠡᠲᠦ ᠬᠦᠮᠦᠨ | ᠢᠯᠡᠷᠡᠵᠤ᠂ ᠭᠡᠪᠬᠦᠢ ᠯᠠᠮᠠ ᠶᠢᠨ ᠨᠠᠢᠮᠠᠨ ᠲᠠᠯ᠎ᠠ ᠲᠠᠢ ᠭᠠᠤᠯᠢᠨ ᠪᠦᠷᠢᠶ᠎ᠡ ᠶᠢ ᠮᠦᠩᠬᠦᠨ ᠵᠢᠳᠠ ᠪᠠᠷ ᠢᠶᠠᠨ ᠬᠡᠢ ᠳᠡᠭᠡᠷ᠎ᠡ | ᠬᠤᠷᠢᠭᠯᠠᠨ ᠵᠢᠳᠠᠯᠠᠵᠤ ᠪᠠᠶᠢᠬᠤ ᠮᠡᠲᠦ ᠬᠠᠷᠠᠭᠳᠠᠵᠤ ᠭᠡᠨ᠎ᠡ᠃ ᠢᠩᠬᠢᠭᠡᠳ ᠲᠠᠷᠡ ᠳᠠᠷᠤᠢ ᠵᠠᠷᠯᠢᠭ ᠪᠠᠭᠤᠯᠭᠠᠭᠰᠠᠨ | ᠤᠴᠢᠷ ᠨᠢ ᠲᠡᠷᠡ ᠪᠢᠯᠡ᠃ ᠡᠬᠦᠨᠴᠠ ᠬᠤᠶᠢᠰᠢ ᠭᠤᠮᠪᠤᠨ ᠬᠡᠶᠢᠳ ᠪᠠ ᠲᠦᠪᠡᠳ ᠤᠷᠤᠨ ᠤ ᠰᠦᠮ᠎ᠡ ᠬᠡᠶᠢᠳ ᠲᠤ | ︽ᠬᠡᠰᠢᠭᠳᠡᠨ ᠲᠠᠪᠤᠨ ᠶᠡᠭᠡ ᠬᠠᠶᠢᠷᠬᠠᠨ ᠤ ᠨᠠᠪᠳᠠᠭ ᠰᠠᠬᠢᠭᠤᠰᠤ ᠨᠤᠲᠤᠭ ᠤᠰᠤᠨ ᠤ ᠪᠠᠨ ᠦᠨᠡᠨ ᠰᠡᠳᠬᠢᠯ ᠲᠠᠢ | ᠰᠠᠶᠢᠨ ᠬᠦᠮᠦᠰ ᠢᠶᠠᠨ ᠬᠠᠶᠢᠷᠠᠯᠠᠨ ᠬᠠᠯᠠᠮᠵᠢᠯᠠᠵᠤ ᠬᠠᠮᠠᠭᠠᠯᠠᠳᠠᠭ ᠲᠤᠯᠠ ᠮᠠᠭᠤ ᠰᠠᠨᠠᠭ᠎ᠠ ᠡᠬᠦᠰᠬᠡᠵᠤ ᠪᠤᠯᠬᠤ ᠦᠭᠡᠢ︾ | ᠬᠡᠳᠡᠭ ᠢ ᠰᠡᠷᠡᠵᠤ ᠮᠡᠳᠡᠬᠡᠳ ᠶᠤᠰᠤ ᠪᠤᠰᠤ ᠪᠠᠷ ᠬᠡᠰᠢᠭᠳᠡᠨ ᠨᠤᠳᠤᠭ ᠲᠠᠢ ᠯᠠᠮᠠ ᠨᠠᠷ ᠲᠤ ᠬᠠᠯᠳᠠᠵᠤ ᠪᠤᠯᠬᠤ ᠦᠭᠡᠢ | ᠬᠡᠵᠤ ᠤᠯᠠᠮᠵᠢᠯᠠᠨ ᠵᠢᠭᠠᠪᠤᠷᠢᠯᠠᠵᠠᠢ᠃ ᠲᠡᠷᠡᠬᠦ ︽ᠬᠡᠰᠢᠭᠳᠡᠨ ᠯᠠᠮᠠ︾ ᠲᠠᠪᠤᠨ ᠬᠠᠶᠢᠷᠬᠠᠨ ᠤ ᠪᠠᠨ ᠠᠪᠤᠷᠠᠯ ᠢᠶᠠᠷ | ᠠᠶᠤᠯ ᠵᠤᠪᠠᠯᠠᠩ ᠠᠴᠠ ᠬᠡᠯᠳᠤᠷᠢᠵᠤ᠂ ᠡᠩᠬᠡ ᠮᠡᠨᠳᠤ ᠪᠠᠷ ᠨᠤᠳᠤᠭ ᠲᠠᠭᠠᠨ ᠪᠤᠴᠠᠨ ᠢᠷᠡᠵᠤ ᠪᠢᠷᠠᠭᠤ ᠰᠦᠮ᠎ᠡ ᠳᠡᠭᠡᠨ | ᠰᠠᠭᠤᠵᠤ ᠵᠠᠯᠠᠭᠤ ᠯᠠᠮᠠ ᠨᠠᠷ ᠢᠶᠠᠨ ᠱᠠᠪᠢ ᠪᠤᠯᠠᠭᠠᠨ ᠠᠪᠴᠤ ᠰᠤᠷᠤᠭᠰᠠᠨ ᠡᠷᠳᠡᠮ ᠮᠡᠳᠡᠯᠬᠡ ᠪᠠᠨ ᠬᠠᠷᠠᠮ ᠦᠭᠡᠢ | ᠵᠢᠭᠠᠵᠤ᠂ ᠡᠳᠤᠢ ᠲᠡᠳᠤᠢ ᠡᠷᠳᠡᠮ ᠮᠡᠳᠡᠯᠬᠡ ᠲᠠᠢ ᠯᠠᠮᠠ ᠨᠠᠷ ᠢ ᠬᠦᠮᠦᠵᠢᠬᠦᠯᠦᠨ ᠭᠠᠷᠭᠠᠵᠠᠢ᠃ | ᠤᠶᠢᠷ᠎ᠠ ᠦᠶ᠎ᠡ ᠶᠢᠨ ᠠᠷᠠᠳ ᠤᠨ ᠤᠯᠠᠮᠵᠢᠯᠠᠯᠳᠤ ᠲᠤᠮᠤᠭ ᠶᠠᠷᠢᠶ᠎ᠠ ᠳᠤ᠄ ᠲᠠᠷᠬᠠᠨ᠋ᠠᠭᠤᠯᠠ ᠶᠢᠨ | ᠲᠠᠭᠠᠨᠨᠠᠭᠤᠷ ᠤᠨ ᠡᠮᠤᠨ᠎ᠠ ᠪᠡᠶ᠎ᠡ ᠳᠤ ᠪᠠᠶᠢᠬᠤ ︽ᠸᠠᠨᠹᠦ᠋︾ ᠬᠡᠳᠡᠭ ᠭᠠᠵᠠᠷ ᠲᠤ ᠨᠤᠳᠤᠭᠯᠠᠨ ᠰᠠᠭᠤᠭᠰᠠᠨ ᠡᠷᠳᠡᠨᠢ | ᠬᠡᠳᠡᠭ ᠬᠦᠮᠦᠨ᠂ ᠵᠤᠨ ᠤ ᠵᠤᠰᠠᠯᠠᠩ ᠢᠶᠠᠷ ᠭᠠᠭᠴᠠ ᠮᠤᠳᠤ ᠬᠡᠬᠦᠰ ᠭᠠᠵᠠᠷ ᠠᠴᠠ ᠤᠶᠢᠷᠠᠬᠠᠨ ᠬᠦᠩᠬᠡᠷ ᠤᠨ | ᠭᠤᠤᠯ ᠤᠨ ᠬᠦᠪᠡᠬᠡᠨ ᠳᠤ ᠵᠤᠰᠠᠯᠠᠩ ᠪᠠᠭᠤᠵᠠᠢ᠃ ᠢᠩᠬᠢᠬᠡᠳ ᠨᠢᠭᠡ ᠦᠷᠯᠦᠬᠡ ᠠᠭᠲᠠ ᠮᠣᠷᠢᠨ ᠳᠠᠭᠠᠨ ᠮᠤᠷᠳᠠᠵᠤ᠂ | ᠠᠳᠤᠭᠤᠨ ᠰᠦᠷᠦᠭ ᠢᠶᠠᠨ ᠡᠷᠭᠢᠵᠤ ᠦᠵᠡᠬᠦ ᠪᠠᠷ ᠡᠷᠳᠡᠯᠡᠨ ᠶᠠᠪᠤᠵᠤ᠂ ︽ᠨᠠᠢᠮᠠᠨ ᠲᠠᠬᠢᠯ︾ ᠭᠡᠳᠡᠭ ᠭᠠᠵᠠᠷ ᠢᠶᠠᠷ | ᠪᠡᠯᠴᠢᠬᠡᠷᠯᠡᠭᠰᠡᠨ ᠠᠳᠤᠭᠤ ᠪᠠᠨ ᠪᠦᠷᠢᠳᠬᠡᠨ ᠦᠵᠡᠵᠤ ᠪᠠᠶᠢᠳᠠᠯ᠎ᠠ ︽ᠴᠠᠭᠠᠨ ᠮᠠᠩᠬ᠎ᠠ︾ ᠶᠢᠨ ᠡᠮᠤᠨ᠎ᠠ ᠪᠡᠶ᠎ᠡ ᠪᠠᠷ | ᠥᠪᠴᠢ ᠪᠡᠶ᠎ᠡ ᠪᠠᠨ ᠬᠤᠶᠠᠭᠯᠠᠭᠰᠠᠨ ᠠᠳᠠᠯᠢ ᠪᠤᠰᠤ ᠵᠢᠰᠤᠮ ᠤᠨ ᠲᠠᠪᠤᠨ ᠮᠤᠷᠢᠲᠠᠢ ᠬᠦᠳᠡᠷ ᠪᠦᠳᠦᠬᠦᠨ ᠲᠠᠪᠤᠨ | ᠬᠦᠮᠦᠨ ᠵᠢᠳᠠ ᠰᠡᠯᠡᠮ᠎ᠡ ᠪᠠᠨ ᠬᠢᠯᠠᠯᠵᠠᠭᠤᠯᠤᠨ ᠨᠡᠯᠢᠶᠡᠳ ᠤᠶᠢᠷᠠᠬᠠᠨ ᠰᠢᠭ᠋ ᠵᠡᠬᠦᠨ ᠡᠮᠤᠨᠡᠰᠢ ᠪᠠᠨ ᠶᠠᠪᠤᠬᠤ ᠳᠤᠨᠢ | ᠰᠤᠴᠢᠮᠠᠭ ᠲᠤᠬᠢᠶᠠᠯᠳᠤᠭᠰᠠᠨ ᠳᠠᠭᠠᠨ ᠰᠦᠷᠳᠡᠨ ᠠᠶᠤᠵᠤ᠂ ᠲᠡᠷᠡ ᠴᠢᠭ ᠢᠶᠠᠷ ᠢᠶᠠᠨ ᠤᠨᠤᠭᠰᠠᠨ ᠮᠣᠷᠢ ᠪᠠᠨ | ᠲᠤᠪᠳᠤᠯᠭᠠᠨ ᠭᠡᠷ ᠲᠡᠭᠡᠨ ᠬᠠᠷᠢᠵᠤ ᠢᠷᠡᠭᠡᠳ ᠤᠴᠢᠷ ᠢᠶᠠᠨ ᠬᠡᠯᠡᠵᠤ᠂ ᠬᠡᠢ ᠰᠤᠯᠢᠶ᠎ᠡ ᠡᠪᠡᠳᠴᠢᠨ ᠲᠠᠢ ᠪᠤᠯᠵᠤ ᠭᠡᠨ᠎ᠡ | ᠃ ᠲᠡᠭᠡᠵᠤ ᠲᠠᠪᠤᠨ ᠮᠣᠷᠢ ᠲᠠᠢ ᠬᠦᠮᠦᠨ ᠲᠠᠢ ᠲᠤᠬᠢᠶᠠᠯᠳᠤᠭᠰᠠᠨ ᠶᠠᠪᠤᠳᠠᠯ ᠠᠴᠠ ᠰᠡᠬᠦᠯᠡᠷ ︽ᠬᠡᠰᠢᠭᠳᠡᠨ ᠲᠠᠪᠤᠨ | ᠬᠠᠶᠢᠷᠬᠠᠨ ᠤ ᠠᠬ᠎ᠠ ᠲᠡᠬᠦᠦ ᠲᠠᠪᠤᠭᠤᠯᠠ ᠶᠢᠨ ᠰᠠᠬᠢᠭᠤᠰᠤ ᠳᠥᠷᠢ ᠲᠡᠷᠡ ᠬᠡᠪ ᠢᠶᠠᠷ ᠢᠶᠠᠨ ᠢᠯᠡᠷᠡᠨ ᠦᠵᠡᠭᠳᠡᠪᠡ︾ | ᠭᠡᠬᠦ ᠲᠤᠮᠤᠭ ᠶᠠᠷᠢᠶ᠎ᠠ ᠳᠡᠯᠬᠡᠷᠡᠵᠤ ᠭᠡᠨ᠎ᠡ᠃ | ᠬᠡᠰᠢᠭᠳᠡᠨᠴᠦᠳ ᠨᠤᠳᠤᠭ ᠤᠰᠤᠨ ᠠᠴᠠ ᠪᠠᠨ ᠭᠠᠷᠴᠤ᠂ ᠠᠵᠢᠯ ᠦᠢᠯᠡᠰ ᠡᠷᠬᠢᠯᠡᠬᠦ᠂ ᠠᠶᠠᠨ | ᠵᠢᠩ ᠬᠢᠬᠦ᠂ ᠡᠷᠳᠡᠮ ᠮᠡᠳᠡᠯᠬᠡ ᠰᠤᠷᠬᠤ ᠵᠡᠷᠬᠡ ᠶᠠᠪᠤᠳᠠᠯ ᠤᠴᠢᠷ ᠢᠶᠠᠷ ᠭᠠᠳᠠᠭᠰᠢ ᠭᠠᠷᠤᠭᠠᠳ ᠶᠠᠮᠠᠷ ᠨᠢᠭᠡᠨ ᠬᠠᠷᠰᠢ | ᠰᠠᠭᠠᠳ᠂ ᠬᠦᠴᠢᠷ ᠪᠡᠷᠬᠡᠰᠢᠶᠡᠯ᠂ ᠠᠶᠤᠯ ᠵᠤᠪᠠᠯᠠᠩ ᠲᠤᠯᠭᠠᠷᠠᠪᠠᠯ᠂ ︽ᠬᠡᠰᠢᠭᠳᠡᠨ ᠲᠠᠪᠤᠨ ᠬᠠᠶᠢᠷᠬᠠᠨ︾ ᠳᠠᠭᠠᠨ | ᠦᠨᠡᠨ ᠰᠡᠳᠬᠢᠯ ᠠᠴᠠ ᠪᠠᠨ ᠰᠦᠰᠦᠭᠯᠡᠨ ᠵᠠᠯᠪᠠᠷᠢᠵᠤ ᠪᠠᠶᠢᠪᠠᠯ ᠯᠠᠪ ᠲᠤᠰᠠᠯᠠᠮᠵᠢ ᠲᠡᠮᠵᠢᠯᠬᠡ ᠦᠵᠡᠬᠦᠯᠳᠡᠭ | ᠮᠦᠷᠳᠡᠬᠡᠨ ᠬᠡᠶᠢᠮᠤᠷᠢ ᠰᠦᠯᠳᠠ ᠨᠢ ᠮᠠᠨᠳᠤᠨ ᠶᠠᠪᠤᠳᠠᠯ ᠤᠴᠢᠷ ᠨᠢ ᠦᠬᠡᠳᠡ ᠡᠰᠡᠷᠡᠭ᠂ ᠰᠠᠨᠠᠭᠰᠠᠨ ᠰᠠᠨᠠᠭ᠎ᠠ᠂ | ᠵᠣᠷᠢᠭᠰᠠᠨ ᠵᠣᠷᠢᠯᠭ᠎ᠠ ᠶᠣᠰᠤᠭᠠᠷ ᠪᠦᠳᠦᠮᠵᠢ ᠰᠠᠶᠢᠲᠠᠢ ᠪᠣᠯᠳᠠᠭ ᠮᠡᠨᠳᠤ ᠪᠠᠷ ᠠᠷᠠᠳ ᠤᠨ ᠲᠤᠳᠤᠷ᠎ᠠ ᠤᠯᠠᠮᠵᠢᠯᠡᠨ | ᠶᠠᠷᠢᠳᠠᠭ ᠶᠤᠮ᠃ | |