| | ᠮᠤᠩᠭᠤᠯᠴᠤᠳ ᠠᠭᠤᠯᠠ ᠬᠠᠶᠢᠷᠬᠠᠨ᠂ ᠭᠤᠤᠯ ᠮᠦᠷᠡᠨ᠂ ᠪᠤᠯᠠᠭ ᠱᠠᠩᠳᠠ᠂ ᠤᠪᠤᠭ᠎ᠠ | ᠬᠠᠶᠢᠷᠬᠠᠨ᠂ ᠮᠤᠳᠤ ᠰᠢᠭᠤᠢ ᠵᠡᠷᠭᠡ ᠠᠯᠢᠪᠠ ᠪᠤᠳᠠᠰ ᠲᠤ ᠴᠦᠮ ᠡᠵᠡᠨ ᠰᠠᠬᠢᠭᠤᠯᠰᠤᠨ ᠲᠠᠢ ᠭᠡᠵᠤ ᠦᠵᠡᠳᠡᠭ | ᠤᠴᠢᠷ ᠠᠴᠠ ᠦᠪᠡᠷ ᠤᠨ ᠤᠷᠤᠰᠢᠨ ᠰᠠᠭᠤᠭ᠎ᠠ ᠨᠤᠳᠤᠭ ᠤᠰᠤᠨ ᠤ ᠪᠠᠨ ᠳᠤᠬᠠᠢ ᠭᠤᠶᠢᠳᠠ ᠰᠠᠶᠢᠬᠠᠨ ᠦᠯᠢᠭᠡᠷ | ᠳᠤᠮᠤᠭ ᠵᠤᠬᠢᠶᠠᠵᠤ᠂ ᠦᠶ᠎ᠡ ᠳᠠᠮᠵᠢᠨ ᠤᠯᠠᠮᠵᠢᠯᠠᠭᠰᠠᠭᠠᠷ ᠢᠷᠡᠵᠠᠢ᠃ ᠳᠤᠰ ᠦᠭᠦᠯᠡᠯ ᠳᠤ ᠬᠡᠰᠢᠭᠳᠡᠨ ᠤ ᠭᠠᠵᠠᠷ ᠤᠨ | ᠨᠡᠷ᠎ᠡ ᠶᠢᠨ ᠳᠤᠮᠤᠭ ᠶᠠᠷᠢᠶ᠎ᠠ ᠳᠤ ᠢᠯᠡᠷᠡᠭᠰᠡᠨ ᠰᠢᠳᠤᠯᠭᠡ ᠪᠢᠰᠢᠷᠡᠯ ᠤᠨᠴᠠᠯᠢᠭ ᠢ ᠭᠤᠷᠪᠠᠨ ᠳᠠᠯ᠎ᠠ ᠪᠠᠷ | ᠬᠤᠷᠢᠶᠠᠩᠭᠤᠶᠢᠯᠠᠨ ᠦᠭᠦᠯᠡᠵᠠᠢ᠃ | ᠨᠢᠭᠡ ᠳᠡᠤᠬᠡᠳᠤ ᠪᠠᠭᠠᠳᠤᠷ ᠢ ᠠᠭᠤᠯᠠ ᠤᠰᠤᠨ ᠤ ᠡᠵᠡᠨ ᠰᠢᠳᠤᠭᠡᠨ ᠪᠤᠯᠭᠠᠨ | ᠰᠢᠳᠢᠴᠢᠯᠡᠵᠠᠢ᠃ ᠳᠤᠮᠤᠭ ᠶᠠᠷᠢᠶ᠎ᠠ ᠨᠢ ᠳᠡᠤᠭᠡᠳᠤ ᠬᠦᠮᠤᠨ᠂ ᠳᠡᠤᠭᠡᠳᠤ ᠦᠢᠯᠡ ᠶᠠᠪᠤᠳᠠᠯ᠂ ᠳᠡᠤᠬᠡᠨ ᠳᠤᠷᠠᠰᠬᠠᠯᠳᠤ | ᠵᠦᠢᠯᠡᠰ᠂ ᠠᠭᠤᠯᠠ ᠤᠰᠤᠨ ᠤ ᠦᠩᠭᠡ ᠦᠵᠡᠮᠵᠢ ᠪᠠᠷ ᠬᠦᠤᠷᠨᠢᠭ᠍ᠳᠡᠭᠦᠨ ᠢᠶᠠᠨ ᠪᠤᠯᠭᠠᠳᠠᠭ ᠮᠦᠷᠳᠡᠭᠡᠨ ᠳᠡᠤᠬᠡᠳᠤ | ᠬᠦᠮᠤᠰ ᠢ ᠰᠢᠳᠤᠭᠡᠨᠴᠢᠯᠡᠨ ᠳᠤᠮᠤᠭᠯᠠᠳᠠᠭ ᠪᠠᠶᠢᠨ᠎ᠠ᠃ ᠬᠡᠰᠢᠭᠳᠡᠨ ᠤ ᠭᠠᠵᠠᠷ ᠤᠨ ᠨᠡᠷ᠎ᠡ ᠶᠢᠨ ᠳᠤᠮᠤᠭ ᠶᠠᠷᠢᠶᠠᠨ ᠳᠤ | ᠴᠢᠩᠭᠢᠰ ᠬᠠᠭᠠᠨ᠂ ᠭᠠᠯᠳᠠᠨ ᠪᠤᠱᠤᠭᠳᠤ ᠵᠡᠷᠭᠡ ᠳᠡᠤᠭᠡᠳᠤ ᠬᠦᠮᠤᠰ ᠰᠢᠳᠢᠴᠢᠯᠡᠨ ᠳᠤᠮᠤᠭᠯᠠᠭᠳᠠᠵᠤ ᠪᠠᠶᠢᠳᠠᠭ᠃ ︽ | ᠠᠰᠬᠠᠳᠤ ᠬᠠᠳᠠ︾ ﹇1﹈ ᠶᠢᠨ ᠳᠤᠮᠤᠭ ᠶᠠᠷᠢᠶ᠎ᠠ ᠳᠤ ᠴᠢᠩᠭᠢᠰ ᠬᠠᠭᠠᠨ ᠠᠯᠳᠠᠨ ᠤᠯᠤᠰ ᠢ ᠳᠠᠶᠢᠯᠠᠨ | ᠳᠠᠭᠠᠭᠤᠯᠤᠭᠰᠠᠨ ᠳᠡᠤᠬᠡᠳᠤ ᠬᠡᠷᠡᠭ ᠤᠴᠢᠷ ᠢᠶᠠᠷ ᠰᠡᠳᠤᠪᠯᠡᠵᠠᠢ᠃ ︽ᠡᠭᠡᠴᠢ ᠳᠡᠭᠦᠦ ᠭᠤᠷᠪᠠᠨ ᠬᠠᠳᠠ︾ ﹇2﹈᠂ | ︽ᠰᠡᠨᠵᠢᠳᠤ ᠬᠠᠳᠠ︾ ﹇3﹈ ᠵᠡᠷᠭᠡ ᠬᠤᠶᠠᠷ ᠬᠠᠳᠠ ᠨᠢ ᠴᠢᠩᠭᠢᠰ ᠬᠠᠭᠠᠨ ᠤ ᠰᠡᠯᠡᠮ᠎ᠡ ᠪᠠᠷ ᠴᠠᠪᠴᠢᠭᠰᠠᠨ ᠪᠠ | ᠠᠶᠤᠯ ᠤᠨ ᠬᠠᠷ᠎ᠠ ᠬᠦᠷᠦᠭᠡᠰᠦ ᠶᠢ ᠬᠠᠷᠪᠤᠭᠰᠠᠨ ᠠᠴᠠ ᠪᠦᠳᠦᠯᠡ ᠭᠡᠵᠤ ᠳᠤᠮᠤᠭᠯᠠᠵᠠᠢ᠃ ᠳᠡᠭᠡᠬᠦᠯᠡᠷ ᠢᠶᠠᠨ ᠳᠤᠰ | ᠬᠠᠳᠠ ᠤᠷᠴᠢᠮ ᠠᠮᠢᠳᠤᠷᠠᠵᠤ ᠪᠠᠶᠢᠭ᠎ᠠ ᠮᠠᠯᠴᠢᠨ ᠳᠦᠮᠡᠨ ᠠᠮᠤᠷ ᠳᠠᠶᠢᠪᠤᠩ ᠠᠵᠤ ᠳᠦᠷᠦᠨ ᠵᠢᠷᠭᠠᠵᠤ ᠶᠠᠪᠤᠭ᠎ᠠ ᠶᠤᠮ | ᠭᠡᠨ᠎ᠡ᠃ ︽ᠰᠢᠨ᠎ᠡ ᠰᠢᠨ᠎ᠡ ᠳᠠᠯ᠎ᠠ︾ ﹇4﹈ ᠭᠡᠳᠡᠭ ᠳᠤᠮᠤᠭ ᠶᠠᠷᠢᠶ᠎ᠠ ᠨᠢ ᠭᠠᠯᠳᠠᠨ ᠪᠤᠱᠤᠭᠳᠤ ᠶᠢᠨ ᠴᠢᠩ ᠤᠯᠤᠰ | ᠢ ᠡᠰᠡᠷᠭᠦᠴᠡᠭᠰᠡᠨ ᠪᠠᠶᠢᠯᠳᠤᠭᠰᠠᠨ ᠳᠡᠤᠬᠡᠳᠤ ᠬᠡᠷᠡᠭ ᠠᠴᠠ ᠦᠨᠳᠤᠰᠤᠯᠡᠵᠤ᠂ ᠭᠠᠯᠳᠠᠨ ᠪᠤᠱᠤᠭᠳᠤ ᠶᠢᠨ ᠳᠡᠮᠡᠴᠡᠯ ᠢ | ᠦᠨᠢ ᠡᠭᠦᠷᠢᠳᠡ ᠶᠢᠨ ᠴᠢᠨᠠᠷᠳᠠᠢ ᠪᠤᠯᠭᠠᠵᠤ᠂ ᠮᠠᠯᠴᠢᠨ ᠳᠦᠮᠡᠨ ᠦᠪᠡᠷ ᠤᠨ ᠦᠵᠡᠯ ᠰᠡᠳᠭᠢᠯᠭᠡ ᠪᠠᠨ ᠠᠭᠤᠰᠬᠠᠨ | ᠳᠤᠮᠤᠭᠯᠠᠵᠠᠢ᠃ ᠳᠤᠰ ᠬᠤᠶᠠᠷ ᠳᠤᠮᠤᠭ ᠶᠠᠷᠢᠶ᠎ᠠ ᠳᠤ ᠭᠠᠷᠴᠦ ᠪᠠᠶᠢᠭ᠎ᠠ ᠴᠢᠩᠭᠢᠰ ᠬᠠᠭᠠᠨ ᠪᠠ ᠭᠠᠯᠳᠠᠨ ᠪᠤᠱᠤᠭᠳᠤ | ᠴᠦᠮ ᠳᠡᠤᠬᠡᠳᠤ ᠪᠠᠭᠠᠳᠤᠷ ᠪᠤᠯᠬᠤ ᠶᠤᠮ᠃ ᠳᠡᠤᠬᠡᠳᠤ ᠪᠠᠭᠠᠳᠤᠷ ᠠᠴᠠ ᠡᠰᠢᠳᠡᠢ ᠡᠳᠡᠭᠡᠷ ᠭᠤᠷᠪᠠᠨ ᠬᠠᠳᠠ ᠶᠢᠨ | ᠳᠤᠭᠤᠷᠢᠨ ᠳᠤ ᠰᠠᠭᠤᠭ᠎ᠠ ᠮᠠᠯᠴᠢᠨ ᠳᠦᠮᠡᠨ ᠳᠡᠤᠬᠡᠳᠤ ᠪᠠᠭᠠᠳᠤᠷ ᠤᠨ ᠰᠤᠶᠤᠷᠬᠠᠯ ᠪᠠ ᠦᠷᠦᠰᠢᠶᠡᠯ ᠢᠶᠠᠷ ᠠᠮᠤᠷ | ᠳᠠᠶᠢᠪᠤᠩ ᠵᠢᠷᠭᠠᠵᠤ ᠶᠠᠪᠤᠭ᠎ᠠ᠃ ᠳᠤᠰ ᠳᠤᠮᠤᠭ ᠶᠠᠷᠢᠶ᠎ᠠ ᠠᠴᠠ ᠰᠢᠨᠵᠢᠯᠡᠬᠦ ᠳᠤ ᠳᠡᠤᠬᠡᠳᠤ ᠪᠠᠭᠠᠳᠤᠷ ᠢᠶᠠᠨ ᠦᠪᠡᠷ | ᠤᠨ ᠢᠶᠠᠨ ᠤᠶᠤᠨ ᠤᠬᠠᠭᠠᠨ ᠤ ᠦᠮᠦᠭ ᠳᠦᠰᠢᠭ ᠪᠤᠯᠭᠠᠭᠰᠠᠨ ᠮᠦᠷᠲᠡᠭᠡᠨ ᠨᠡᠩ ᠴᠢᠨᠠᠭᠰᠢᠯᠠᠪᠠᠯ ᠳᠡᠤᠬᠡᠳᠤ | ᠪᠠᠭᠠᠳᠤᠷ ᠨᠢ ᠨᠤᠳᠤᠭ ᠤᠰᠤᠨ ᠤ ᠨᠠᠪᠳᠠᠭ ᠰᠠᠪᠳᠠᠭ ᠤᠨ ᠳᠦᠷᠢ ᠪᠠᠷ ᠰᠢᠳᠤᠨ ᠳᠠᠬᠢᠭᠳᠠᠵᠤ ᠪᠠᠶᠢᠨ᠎ᠠ᠃ ᠡᠨᠡ ᠨᠢ | ᠭᠠᠭᠴᠠ ᠬᠦ ᠬᠡᠰᠢᠭᠳᠡᠨ ᠤ ᠭᠠᠵᠠᠷ ᠤᠨ ᠨᠡᠷ᠎ᠡ ᠶᠢᠨ ᠳᠤᠮᠤᠭ ᠶᠠᠷᠢᠶᠠᠨ ᠳᠤ ᠯᠡ ᠢᠯᠡᠷᠡᠳᠡᠭ ᠪᠢᠰᠢ᠂ ᠪᠤᠰᠤᠳ ᠤᠷᠤᠨ | ᠨᠤᠳᠤᠭ ᠤᠨ ᠳᠤᠮᠤᠭ ᠶᠠᠷᠢᠶ᠎ᠠ ᠳᠤ ᠨᠡᠶᠢᠳᠡᠮ ᠳᠤᠬᠢᠶᠠᠯᠳᠤᠨ᠎ᠠ᠃ ᠵᠢᠷᠢᠮ ᠤᠨ ᠭᠠᠵᠠᠷ ᠤᠨ ᠨᠡᠷ᠎ᠡ ᠶᠢᠨ ᠳᠤᠮᠤᠭ | ᠶᠠᠷᠢᠶ᠎ᠠ ᠳᠤ ᠠᠭᠤᠯᠠ ᠤᠰᠤ ᠪᠠᠨ ᠪᠤᠷᠨᠠᠢ ᠴᠢᠨ ᠸᠠᠩ᠂ ᠳᠤᠭᠤᠨᠳᠡᠮᠤᠷ ᠬᠠᠭᠠᠨ᠂ ᠯᠢᠭᠳᠡᠨ ᠬᠤᠳᠤᠭᠳᠤ ᠬᠠᠭᠠᠨ ᠲᠠᠢ | ᠬᠤᠯᠪᠤᠵᠤ᠂ ᠳᠡᠳᠡᠨ ᠤ ᠦᠢᠯᠡ ᠤᠴᠠᠷᠠᠯ ᠢ ᠬᠠᠯᠠᠮᠵᠢᠯᠠᠨ ᠰᠢᠳᠢᠴᠢᠯᠡᠬᠦ ᠪᠤᠶᠤ ᠰᠠᠬᠢᠭᠤᠯᠰᠤᠨᠴᠢᠯᠡᠨ ᠳᠤᠮᠤᠭᠯᠠᠳᠠᠭ | ᠪᠠᠶᠢᠨ᠎ᠠ᠃ | ᠬᠤᠶᠠᠷ ᠬᠤᠨᠢ ᠪᠠ ᠳᠡᠮᠡᠭᠡ ᠶᠢ ᠨᠤᠳᠤᠭ ᠤᠰᠤᠨ ᠤ ᠨᠠᠪᠳᠠᠭ ᠰᠠᠪᠳᠠᠭ ᠪᠤᠯᠭᠠᠨ | ᠰᠢᠳᠢᠴᠢᠯᠡᠵᠠᠢ ᠮᠤᠩᠭᠤᠯᠴᠤᠳ ᠠᠯᠢ ᠤᠵᠠᠭᠤᠷ ᠠᠴᠠ ᠪᠠᠨ ᠠᠭᠤᠯᠠ ᠬᠠᠶᠢᠷᠬᠠᠨ᠂ ᠭᠤᠤᠯ ᠮᠦᠷᠡᠨ᠂ ᠪᠤᠯᠠᠭ | ᠱᠠᠩᠳᠠ᠂ ᠳᠤᠪᠤ ᠳᠤᠯᠤᠭᠠᠳ᠂ ᠤᠪᠤᠭ᠎ᠠ ᠱᠠᠩᠰᠢ ᠵᠡᠷᠭᠡ ᠳᠤ ᠴᠦᠮ ᠡᠵᠡᠨ ᠰᠢᠳᠤᠭᠡᠨ ᠲᠠᠢ ᠢᠳᠡᠭᠡᠨ ᠳᠠᠭᠠᠳᠬᠠᠵᠤ | ᠳᠤᠮᠤᠭᠯᠠᠳᠠᠭ ᠪᠠᠶᠢᠪᠠ᠃ ᠡᠵᠡᠨ ᠰᠢᠳᠤᠭᠡᠨ ᠢ ᠨᠢ ᠨᠠᠪᠳᠠᠭ ᠰᠠᠪᠳᠠᠭ ᠭᠡᠵᠤ ᠪᠠᠰᠠ ᠶᠠᠷᠢᠳᠠᠭ᠃ ᠨᠠᠪᠳᠠᠭ ᠰᠠᠪᠳᠠᠭ | ᠨᠢ ᠰᠢᠳᠤᠭᠡᠨᠳᠤ ᠠᠮᠢᠳᠠᠨ ᠪᠤᠶᠤ ᠡᠪᠤᠭᠡᠨ ᠰᠠᠬᠢᠭᠤᠯᠰᠤᠨ ᠬᠡᠬᠦ ᠵᠡᠷᠭᠡ ᠪᠠᠷ ᠨᠡᠶᠢᠭᠡᠮᠴᠢᠯᠡᠭᠰᠡᠨ᠂ ᠬᠦᠮᠤᠨᠴᠢᠯᠡᠭᠳᠡᠭᠰᠡᠨ | ᠰᠢᠨᠵᠢᠳᠠᠢ ᠪᠠᠷ ᠢᠯᠡᠷᠡᠳᠡᠭ᠃ ᠬᠡᠰᠢᠭᠳᠡᠨ ᠤ ︽ᠪᠤᠷᠬᠠᠨ ᠬᠠᠳᠠ︾ ﹇5﹈ ᠭᠡᠬᠦ ᠳᠤᠮᠤᠭ ᠶᠠᠷᠢᠶ᠎ᠠ ᠳᠤ ᠳᠤᠯᠤᠭᠠᠨ | ᠪᠤᠷᠤ ᠬᠤᠨᠢ ᠨᠢ ᠪᠤᠷᠬᠠᠨ ᠬᠠᠳᠠᠨ ᠤ ᠪᠤᠶᠠᠨ ᠬᠡᠰᠢᠭ ᠤᠨ ᠪᠦᠷᠢᠯᠸ᠎ᠠ ᠪᠠᠷ ᠢᠯᠡᠷᠡᠵᠤ ᠪᠠᠶᠢᠨ᠎ᠠ᠃ ︽ᠳᠡᠮᠡᠭᠡ ᠬᠠᠳᠠ︾ | ﹇6﹈ ᠶᠢᠨ ᠰᠢᠳᠤᠭᠡᠨ ᠠᠮᠢᠳᠠᠨ ᠨᠢ ᠠᠯᠳᠠᠨ ᠵᠤᠭᠳᠤᠷᠳᠤ ᠠᠪᠤᠷᠭᠤ ᠪᠤᠤᠷ᠎ᠠ ᠪᠠᠶᠢᠵᠤ᠂ ︽ᠭᠠᠭᠴᠠ ᠴᠠᠭᠠᠨ | ᠬᠤᠰᠦ ᠮᠤᠳᠤ︾ ﹇7﹈ ᠭᠡᠬᠦ ᠳᠤᠮᠤᠭ ᠶᠠᠷᠢᠶ᠎ᠠ ᠶᠢᠨ ᠰᠢᠳᠤᠭᠡᠨ ᠠᠮᠢᠳᠠᠨ ᠨᠢ ᠰᠢᠳᠢᠳᠤ ᠪᠤᠭᠤ ᠪᠤᠯᠤᠨ᠎ᠠ᠃ ᠬᠤᠨᠢ᠂ | ᠳᠡᠮᠡᠭᠡ᠂ ᠪᠤᠭᠤ ᠨᠢ ᠴᠦᠮ ᠰᠢᠳᠤᠭᠡᠨ ᠠᠮᠢᠳᠠᠨ ᠪᠤᠯᠬᠤ ᠮᠦᠷᠳᠡᠭᠡᠨ ᠠᠭᠤᠯᠠ ᠬᠠᠶᠢᠷᠬᠠᠨ ᠤ ᠨᠠᠪᠳᠠᠭ ᠰᠠᠪᠳᠠᠭ ᠤᠨ | ᠳᠦᠷᠢ ᠪᠠᠷ ᠢᠯᠡᠷᠡᠵᠤ ᠪᠤᠢ᠃ ︽ᠪᠤᠷᠬᠠᠨ ᠬᠠᠳᠠ︾ ﹇8﹈ ᠪᠠ ︽ᠳᠡᠮᠡᠭᠡ ᠬᠠᠳᠠ︾ ﹇9﹈ ᠶᠢᠨ ᠳᠤᠮᠤᠭ | ᠶᠠᠷᠢᠶ᠎ᠠ ᠳᠤ ᠨᠠᠨᠮᠠᠨᠽᠢ ︵ᠳᠤᠰ ᠬᠤᠶᠠᠷ ᠳᠤᠮᠤᠭ ᠶᠠᠷᠢᠶ᠎ᠠ ᠳᠤ ᠬᠦᠶᠦᠭᠡᠷ ᠭᠡᠵᠤ ᠪᠤᠢ︶ ᠠᠭᠤᠯᠠ ᠬᠠᠶᠢᠷᠬᠠᠨ ᠤ | ᠨᠠᠪᠳᠠᠭ ᠰᠠᠪᠳᠠᠭ ᠢ ᠮᠡᠬᠡᠯᠡᠵᠤ ᠪᠠᠷᠢᠬᠤ ᠪᠠᠷ ᠤᠷᠤᠯᠳᠤᠭᠠᠳ ᠪᠦᠷ ᠢᠯᠠᠭᠳᠠᠳᠠᠭ ᠪᠠᠶᠢᠨ᠎ᠠ᠃ ᠳᠤᠯᠤᠭᠠᠨ ᠪᠤᠷᠤ ᠬᠤᠨᠢ | ᠭᠡᠬᠦ ᠪᠠᠷ ᠨᠢ ︽ᠳᠤᠯᠤᠭᠠᠨ ᠡᠪᠤᠭᠡᠨ ᠤᠳᠤᠨ ᠤ ᠳᠤᠮᠤᠭ︾ ᠢ ᠰᠠᠨᠠᠭᠳᠠᠭᠤᠯᠵᠤ ᠪᠠᠶᠢᠨ᠎ᠠ᠃ ︽ᠳᠤᠯᠤᠭᠠᠨ ᠪᠤᠷᠤ | ᠬᠤᠨᠢ︾ ᠭᠡᠳᠡᠭ ᠤᠨ ᠳᠤᠯᠤᠭ᠎ᠠ ᠨᠢ ︽ᠳᠤᠯᠤᠭᠠᠨ ᠡᠪᠤᠭᠡᠨ ᠤᠳᠤᠨ ᠤ ᠳᠤᠮᠤᠭ︾ ᠲᠠᠬᠢ ᠳᠤᠯᠤᠭ᠎ᠠ ᠠᠴᠠ | ᠡᠭᠦᠰᠦᠯ ᠲᠠᠢ ᠪᠠᠶᠢᠵᠤ ᠮᠡᠳᠡᠨ᠎ᠡ᠃ ᠨᠤᠳᠤᠭ ᠤᠰᠤᠨ ᠤ ᠨᠠᠪᠳᠠᠭ ᠰᠠᠪᠳᠠᠭ ᠨᠢ ᠶᠠᠮᠠᠷ ᠨᠢᠭᠡᠨ ᠳᠤᠲ᠋ᠧᠮ ᠤᠨ | ᠰᠢᠳᠤᠭᠡᠨ ᠠᠮᠢᠳᠠᠨ ︵ᠠᠯᠳᠠᠨ ᠤᠨᠠᠭ᠎ᠠ᠂ ᠴᠢᠨ᠋ᠸ᠎ᠠ᠂ ᠪᠤᠭᠤ᠂ ᠪᠤᠬ᠎ᠠ᠂ ᠮᠤᠭᠠᠢ᠂ ᠯᠤᠤ᠂ ᠬᠤᠨ ᠭᠠᠯᠠᠭᠤ ᠁︶ | ᠪᠠ ᠬᠦᠮᠤᠨᠴᠢ ᠰᠢᠨᠵᠢᠳᠠᠢ ᠰᠠᠬᠢᠭᠤᠯᠰᠤᠨ ︵ᠮᠦᠩᠭᠦᠨ ᠴᠠᠭᠠᠨ ᠰᠠᠬᠠᠯ ᠲᠠᠢ ᠡᠪᠤᠭᠡᠨ ᠭᠡᠬᠦ ᠮᠡᠳᠤ︶ ᠤ ᠳᠦᠷᠢ ᠪᠠᠷ | ᠢᠯᠡᠷᠡᠬᠦ ᠨᠢ ᠵᠦᠩᠳᠡᠭᠡᠨ ᠳᠤᠬᠢᠶᠠᠯᠳᠤᠨ᠎ᠠ᠃ ᠭᠡᠪᠡᠴᠦ ᠬᠡᠰᠢᠭᠳᠡᠨᠴᠤᠳ ᠰᠢᠭ ᠠᠭᠤᠯᠠ ᠬᠠᠶᠢᠷᠬᠠᠨ ᠤ ᠪᠠᠨ ᠨᠠᠪᠳᠠᠭ | ᠰᠠᠪᠳᠠᠭ ᠢ ᠬᠤᠨᠢ᠂ ᠳᠡᠮᠡᠭᠡ ᠪᠤᠯᠭᠠᠨ ᠳᠤᠮᠤᠭᠯᠠᠬᠤ ᠨᠢ ᠳᠤᠩ ᠴᠦᠬᠡᠨ ᠪᠠᠶᠢᠳᠠᠭ᠃ ᠡᠨᠡ ᠨᠢ ᠪᠤᠰᠤᠳ ᠨᠤᠳᠤᠭ | ᠠᠴᠠ ᠳᠤᠩ ᠤᠨᠴᠠᠯᠢᠭᠳᠠᠵᠤ ᠪᠠᠶᠢᠨ᠎ᠠ᠃ ᠪᠤᠰᠤᠳ ᠨᠤᠳᠤᠭ ᠤᠨ ᠳᠤᠮᠤᠭ ᠶᠠᠷᠢᠶᠠᠨ ᠳᠤ ᠳᠡᠮᠡᠭᠡ ᠨᠢ ᠵᠦᠩ ᠪᠢᠯᠢᠭ | ᠤᠨ ᠪᠡᠯᠭᠡ ᠰᠢᠨᠵᠢᠳᠠᠢ ᠠᠮᠢᠳᠠᠨ ᠢᠶᠠᠷ ᠵᠦᠩᠳᠡᠭᠡᠨ ᠢᠯᠡᠷᠡᠨ᠎ᠡ᠃ ᠵᠢᠱᠢᠶᠡᠯᠡᠪᠡᠯ᠄ ᠴᠠᠭᠠᠨ ᠳᠡᠮᠡᠭᠡ ᠬᠡᠪᠳᠡᠭᠰᠡᠨ ᠤᠷᠤᠨ | ᠳᠤ ᠡᠪᠡᠰᠦ ᠪᠡᠯᠴᠢᠭᠡᠷ ᠰᠠᠶᠢᠳᠠᠢ ᠦᠯᠵᠡᠢ ᠬᠡᠶᠢᠮᠤᠷᠢ ᠲᠠᠢ ᠭᠠᠵᠠᠷ ᠬᠡᠮᠡᠨ ᠳᠡᠷᠡ ᠭᠠᠵᠠᠷ ᠲᠤ ᠨᠤᠳᠤᠭᠯᠠᠬᠤ ᠶᠢ | ᠡᠷᠬᠢᠮᠡᠯᠡᠳᠡᠭ᠃ ᠮᠠᠯᠵᠢᠬᠤ ᠠᠮᠢᠳᠤᠷᠠᠯ ᠤᠨ ᠳᠦᠰᠢᠭ ᠳᠤᠯᠭᠠᠭᠤᠷᠢ ᠪᠤᠯᠤᠭᠰᠠᠨ ᠠᠳᠤᠭᠤ᠂ ᠦᠬᠡᠷ ᠨᠢ ᠨᠤᠳᠤᠭ | ᠤᠰᠤᠨ ᠤ ᠨᠠᠪᠳᠠᠭ ᠰᠠᠪᠳᠠᠭ ᠤᠨ ᠳᠦᠷᠢ ᠪᠤᠶᠤ ᠳᠤᠲ᠋ᠧᠮ ᠤᠨ ᠳᠦᠷᠢ ᠪᠠᠷ ᠢᠯᠡᠷᠡᠵᠤ ᠪᠠᠶᠢᠬᠤ ᠨᠢ ᠮᠤᠩᠭᠤᠯᠴᠤᠳ | ᠳᠡᠷᠡᠴᠢᠯᠡᠨ ᠬᠡᠰᠢᠭᠳᠡᠨᠴᠤᠳ ᠤᠨ ᠤᠶᠤᠨ ᠰᠠᠨᠠᠭ᠎ᠠ ᠪᠤᠶᠤ ᠬᠦᠰᠡᠯ ᠢ ᠬᠠᠩᠭᠠᠵᠤ ᠴᠢᠳᠠᠬᠤ ᠪᠠᠨ ᠪᠤᠯᠢᠵᠤ᠂ ᠳᠡᠮᠡᠭᠡ | ᠪᠠ ᠬᠤᠨᠢ ᠨᠢ ᠴᠦ ᠨᠤᠳᠤᠭ ᠤᠰᠤᠨ ᠤ ᠨᠠᠪᠳᠠᠭ ᠰᠠᠪᠳᠠᠭ ᠤᠨ ᠳᠦᠷᠢ ᠪᠠᠷ ᠢᠯᠡᠷᠡᠬᠦ ᠪᠤᠯᠵᠤ᠂ ᠳᠠᠪᠤᠨ ᠬᠤᠰᠢᠭᠤ | ᠮᠠᠯ ᠢᠶᠠᠨ ᠴᠦᠮ ᠰᠢᠳᠤᠭᠡᠨᠴᠢᠯᠡᠬᠦ ᠭᠡᠰᠡᠨ ᠮᠠᠯᠴᠢᠨ ᠳᠦᠮᠡᠨ ᠤ ᠦᠵᠡᠯ ᠪᠤᠳᠤᠯ ᠤᠨ ᠯᠡᠪᠡᠷᠡᠯ ᠮᠦᠨ ᠭᠡᠵᠤ | ᠰᠢᠨᠵᠢᠯᠡᠵᠤ ᠪᠤᠯᠤᠨ᠎ᠠ᠃ | ᠭᠤᠷᠪᠠ ᠳᠡᠭᠷᠢ᠂ ᠯᠤᠤᠰ ᠤᠨ ᠰᠢᠳᠤᠯᠭᠡ ᠪᠦᠭᠡ ᠮᠦᠷᠭᠦᠯ ᠤᠨ ᠭᠤᠷᠪᠠᠨ ᠶᠢᠷᠳᠢᠨᠴᠦ ᠶᠢᠨ | ᠦᠵᠡᠯᠳᠡ ᠳᠤ ᠳᠡᠭᠷᠢ ᠪᠤᠯ ᠳᠡᠭᠡᠳᠤ ᠶᠢᠷᠳᠢᠨᠴᠦ ᠶᠢᠨ ᠰᠢᠳᠤᠭᠡᠨ ᠪᠠᠶᠢᠵᠤ᠂ ᠯᠤᠤᠰ ᠪᠤᠯ ᠳᠤᠤᠷᠠᠳᠤ ᠶᠢᠷᠳᠢᠨᠴᠦ ᠶᠢᠨ | ᠰᠢᠳᠤᠭᠡᠨ ᠪᠤᠯᠤᠨ᠎ᠠ᠃ ᠬᠡᠰᠢᠭᠳᠡᠨᠴᠤᠳ ᠦᠵᠡᠮᠵᠢᠳᠤ ᠰᠠᠶᠢᠬᠠᠨ ᠨᠤᠳᠤᠭ ᠤᠰᠦ ᠪᠠᠨ ᠳᠡᠭᠷᠢ ᠨᠠᠷᠠ ᠪᠤᠶᠤ ᠯᠤᠤᠰ | ᠲᠠᠢ ᠬᠤᠯᠪᠤᠨ ᠳᠤᠮᠤᠭᠯᠠᠵᠤ᠂ ᠦᠪᠡᠷ ᠤᠨ ᠨᠤᠳᠤᠭ ᠤᠰᠦ ᠪᠠᠨ ᠨᠡᠩ ᠷᠢᠳᠢ ᠰᠢᠳᠢ ᠲᠠᠢ ᠠᠷᠢᠭᠤᠨ ᠳᠠᠷᠬᠠᠨ | ᠪᠤᠯᠭᠠᠵᠤ ᠴᠢᠳᠠᠵᠠᠢ᠃ ︽ᠰᠢᠷᠠᠮᠦ᠋ᠷᠡᠨ︾ ﹇10﹈ ᠭᠡᠬᠦ ᠳᠤᠮᠤᠭ ᠶᠠᠷᠢᠶ᠎ᠠ ᠳᠤ ᠰᠢᠷᠠᠮᠦ᠋ᠷᠡᠨ ᠭᠤᠤᠯ ᠤᠨ ᠡᠭᠦᠰᠦᠯ | ᠭᠦᠭᠵᠢᠯ ᠢ ᠨᠢᠥᠢ ᠸᠠ᠂ ᠳᠡᠭᠷᠢ ᠶᠢᠨ ᠬᠠᠭᠠᠨ᠂ ᠨᠢᠥᠢ ᠸᠠ ᠶᠢᠨ ᠦᠬᠢᠨ ᠰᠢᠷᠠᠮᠦ᠋ᠷᠡᠨ ᠪᠠ ᠬᠤᠨᠢᠴᠢᠨ ᠵᠠᠯᠠᠭᠤ ᠲᠠᠢ | ᠠᠮᠢᠳᠤᠯᠢᠭ ᠬᠤᠯᠪᠤᠨ ᠦᠯᠢᠭᠡᠷᠴᠢᠯᠡᠵᠠᠢ᠃ ︽ᠳᠠᠯᠠᠢ ᠨᠠᠭᠤᠷ︾ ﹇11﹈ ᠭᠡᠬᠦ ᠳᠤᠮᠤᠭ ᠶᠠᠷᠢᠶ᠎ᠠ ᠨᠢ ᠯᠤᠤᠰ ᠤᠨ | ᠬᠠᠭᠠᠨ᠂ ᠡᠷᠯᠢᠭ ᠨᠤᠮᠤᠨ ᠬᠠᠭᠠᠨ ᠠᠴᠠ ᠬᠡᠰᠢᠭᠳᠡᠨ ᠨᠤᠳᠤᠭ ᠤᠨ ᠬᠠᠷᠬᠢᠰ ᠪᠠᠶᠠᠨ ᠢ ᠤᠷᠤᠰᠬᠠᠨ ᠳᠠᠷᠤᠵᠤ ᠬᠦᠮᠤᠨ | ᠮᠠᠯ ᠢ ᠭᠠᠴᠢᠭ ᠠᠴᠠ ᠠᠪᠤᠷᠠᠯ᠎ᠠ ᠬᠡᠮᠡᠨ ᠬᠠᠭᠤᠴᠢᠯᠠᠵᠠᠢ᠃ ︽ᠪᠠᠶᠠᠨᠵᠢᠷᠦᠬᠡ᠂ ᠤᠯᠠᠭᠠᠨ ᠭᠠᠴᠤᠷ᠎ᠠ︾ ﹇12﹈ ᠶᠢᠨ | ᠳᠤᠮᠤᠭ ᠶᠠᠷᠢᠶ᠎ᠠ ᠳᠤ ᠤᠯᠠᠭᠠᠨ ᠭᠠᠴᠤᠷ᠎ᠠ ᠶᠢᠨ ᠤᠢ ᠨᠢ ᠬᠠᠷ᠎ᠠ ᠯᠤᠤᠰ ᠵᠤᠨ ᠤ ᠪᠦᠭᠴᠢᠮ ᠬᠠᠯᠠᠭᠤᠨ ᠳᠤ ᠬᠡᠰᠢᠭᠳᠡᠨ | ᠨᠤᠳᠤᠭ ᠲᠤ ᠵᠤᠭᠠᠴᠠᠬᠤ ᠳᠤ ᠪᠠᠨ ᠰᠡᠷᠢᠭᠦᠴᠡᠬᠦ ᠭᠠᠵᠠᠷ ᠦᠬᠡᠢ ᠰᠠᠨᠳᠤᠷᠠᠬᠤ ᠳᠤ ᠪᠠᠨ ᠰᠠᠬᠠᠯ ᠠᠴᠠ ᠪᠠᠨ ᠬᠡᠳᠤ ᠶᠢ | ᠦᠭᠳᠡᠭᠡᠨ ᠠᠪᠴᠦ ᠰᠠᠴᠤᠨ ᠶᠠᠪᠤᠭᠤᠯᠤᠭᠰᠠᠨ ᠠᠴᠠ ᠪᠤᠢ ᠪᠤᠯᠤᠯ᠎ᠠ ᠭᠡᠵᠤ ᠶᠠᠷᠢᠭᠳᠠᠳᠠᠭ᠃ ᠮᠤᠩᠭᠤᠯᠴᠤᠳ ᠤᠰᠤᠨ | ᠤᠷᠤᠨ ᠤ ᠡᠵᠡᠯᠡᠭᠴᠢ ᠶᠢ ᠯᠤᠤᠰ ᠬᠡᠮᠡᠨ ᠰᠢᠳᠤᠵᠤ ᠪᠠᠶᠢᠳᠠᠭ᠃ ᠳᠤᠮᠤᠭ ᠶᠠᠷᠢᠶ᠎ᠠ ᠳᠤ ᠭᠠᠷᠳᠠᠭ ᠯᠤᠤᠰ ᠨᠢ | ᠭᠤᠤᠯᠳᠠᠭᠤ ᠡᠬᠦᠯᠡ ᠡᠭᠦᠰᠭᠡᠵᠤ ᠬᠤᠷ᠎ᠠ ᠪᠤᠷᠤᠭᠠᠨ ᠤᠷᠤᠭᠤᠯᠬᠤ ᠷᠢᠳᠢ ᠰᠢᠳᠢ ᠲᠠᠢ ᠪᠠᠶᠢᠵᠤ᠂ ᠬᠦᠮᠤᠰ ᠳᠡᠭᠦᠨ | ᠠᠴᠠ ᠳᠡᠩᠳᠠ ᠠᠪᠤᠷᠠᠯ ᠦᠷᠦᠰᠢᠶᠡᠯ ᠬᠦᠷᠳᠡᠬᠦ ᠪᠠᠷ ᠵᠤᠷᠢᠵᠤ ᠰᠢᠳᠤᠨ ᠪᠢᠰᠢᠷᠡᠳᠡᠭ᠃ ᠡᠶᠢᠮᠤ ᠠᠴᠠ ᠦᠵᠡᠮᠵᠢᠳᠤ | ᠰᠠᠶᠢᠨᠬᠠᠨ ᠤᠯᠠᠭᠠᠨ ᠭᠠᠴᠤᠷ᠎ᠠ ᠶᠢᠨ ᠤᠢ ᠪᠠ ᠳᠠᠯᠠᠢ ᠨᠠᠭᠤᠷ ᠢ ᠯᠤᠤᠰ ᠠᠴᠠ ᠬᠡᠰᠢᠭᠳᠡᠨ ᠳᠦᠮᠡᠨ ᠳᠤ ᠰᠤᠶᠤᠷᠬᠠᠯ᠎ᠠ | ᠬᠡᠮᠡᠨ ᠳᠤᠮᠤᠭᠯᠠᠵᠤ᠂ ᠤᠯᠠᠭᠠᠨ ᠭᠠᠴᠤᠷ᠎ᠠ ᠶᠢᠨ ᠤᠢ ᠪᠠ ᠳᠠᠯᠠᠢ ᠨᠠᠭᠤᠷ ᠢ ᠤᠯᠠᠮ ᠷᠢᠳᠢ ᠰᠢᠳᠢ ᠲᠠᠢ ᠠᠷᠢᠭᠤᠨ | ᠳᠠᠷᠬᠠᠨ ᠤᠷᠤᠨ ᠪᠤᠯᠭᠠᠵᠤ ᠴᠢᠳᠠᠵᠠᠢ᠃ ︽ᠰᠢᠷᠠᠮᠦ᠋ᠷᠡᠨ︾ ᠭᠡᠬᠦ ᠳᠤᠮᠤᠭ ᠶᠠᠷᠢᠶ᠎ᠠ ᠨᠢ ᠬᠡᠳᠤᠶᠢᠪᠡᠷ ᠬᠢᠳᠡᠳ ᠤᠨ | ᠳᠤᠮᠤᠭ ᠦᠯᠢᠭᠡᠷ ᠲᠤ ᠭᠠᠷᠳᠠᠭ ᠨᠢᠥᠢ ᠸᠠ᠂ ᠳᠡᠭᠷᠢ ᠶᠢᠨ ᠬᠠᠭᠠᠨ ᠭᠡᠬᠦ ᠮᠡᠳᠤ ᠶᠢᠨ ᠳᠦᠷᠢ ᠶᠢ ᠠᠰᠢᠭᠯᠠᠭᠰᠠᠨ | ᠪᠤᠯᠪᠠᠴᠦ ᠳᠡᠭᠦᠨ ᠳᠤ ᠮᠤᠩᠭᠤᠯᠴᠤᠳ ᠤᠨ ᠳᠡᠭᠷᠢ ᠶᠢᠨ ᠰᠢᠳᠤᠯᠭᠡ ᠵᠤᠬᠢᠬᠤ ᠬᠡᠮᠵᠢᠶ᠎ᠡ ᠪᠠᠷ ᠢᠯᠡᠷᠡᠵᠤ ᠪᠤᠢ᠃ | ᠬᠤᠷᠢᠶᠠᠩᠭᠤᠶᠢᠯᠠᠪᠠᠯ᠂ ᠬᠡᠰᠢᠭᠳᠡᠨ ᠤ ᠭᠠᠵᠠᠷ ᠤᠨ ᠨᠡᠷ᠎ᠡ ᠶᠢᠨ ᠳᠤᠮᠤᠭ ᠶᠠᠷᠢᠶ᠎ᠠ ᠶᠢᠨ | ᠰᠢᠳᠤᠯᠭᠡ ᠪᠢᠰᠢᠷᠡᠯ ᠤᠨ ᠵᠠᠩ ᠦᠢᠯᠡ ᠨᠢ ᠶᠡᠷᠤᠩᠬᠡᠢ ᠳᠤ ᠪᠠᠨ ᠪᠤᠰᠤᠳ ᠨᠤᠳᠤᠭ ᠤᠨ ᠵᠠᠩ ᠭᠠᠵᠠᠷ ᠤᠨ ᠨᠡᠷ᠎ᠡ ᠶᠢᠨ | ᠳᠤᠮᠤᠭ ᠶᠠᠷᠢᠶ᠎ᠠ ᠳᠤ ᠢᠯᠡᠷᠡᠭᠰᠡᠨ ᠰᠢᠳᠤᠯᠭᠡ ᠶᠢᠨ ᠵᠠᠩ ᠦᠢᠯᠡ ᠲᠠᠢ ᠠᠳᠠᠯᠢᠬᠠᠨ ᠪᠠᠶᠢᠨ᠎ᠠ᠃ ᠭᠡᠪᠡᠴᠦ ᠳᠡᠮᠡᠭᠡ ᠪᠠ | ᠬᠤᠨᠢ ᠶᠢ ᠨᠤᠳᠤᠭ ᠤᠰᠤᠨ ᠤ ᠨᠠᠪᠳᠠᠭ ᠰᠠᠪᠳᠠᠭ ᠪᠤᠯᠭᠠᠨ ᠰᠢᠳᠢᠴᠢᠯᠡᠨ ᠳᠤᠮᠤᠭᠯᠠᠭᠰᠠᠨ ᠨᠢ ᠳᠤᠩ ᠤᠨᠴᠠᠯᠢᠭ ᠲᠠᠢ | ᠪᠤᠯᠵᠤ᠂ ᠬᠡᠰᠢᠭᠳᠡᠨ ᠤ ᠭᠠᠵᠠᠷ ᠤᠨ ᠨᠡᠷ᠎ᠡ ᠶᠢᠨ ᠳᠤᠮᠤᠭ ᠶᠠᠷᠢᠶ᠎ᠠ ᠶᠢ ᠨᠡᠩ ᠶᠡᠬᠡᠪᠡᠷ ᠦᠨᠳᠤᠰᠤᠳᠡᠨ ᠤ ᠤᠨᠴᠠᠯᠢᠭ | ᠲᠠᠢ ᠪᠤᠯᠭᠠᠵᠤ᠂ ᠮᠠᠯᠵᠢᠬᠤ ᠠᠮᠢᠳᠤᠷᠠᠯ ᠤᠨ ᠦᠨᠤᠷ ᠠᠮᠳᠠ ᠪᠠᠷ ᠦᠳᠭᠡᠨ ᠪᠤᠯᠭᠠᠵᠤ ᠴᠢᠳᠠᠵᠠᠢ᠃ | | | | ᠵᠡᠭᠦᠯᠳᠡ᠄ ﹇1﹈ ﹇2﹈ ﹇3﹈ ﹇4﹈ ﹇5﹈ ﹇6﹈ ﹇7﹈ ﹇8﹈ ﹇9﹈ ﹇ | 10﹈ ﹇11﹈ ﹇12﹈ ᠴᠦᠯᠳᠦᠮ ᠨᠠᠶᠢᠷᠠᠭᠤᠯᠪᠠ᠂ ︽ᠵᠤᠤ ᠤᠳᠠ ᠶᠢᠨ ᠭᠠᠵᠠᠷ ᠤᠨ ᠨᠡᠷ᠎ᠡ ᠶᠢᠨ ᠳᠤᠮᠤᠭ︾᠂ | ᠦᠪᠤᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2010 ᠤᠨ ᠤ 4 ᠰᠠᠷ᠎ᠠ᠃ | |