ᠲᠣᠭᠤᠭ᠎ᠠ ᠬᠠᠶᠢᠷᠬᠠᠨ
ᠨᠡᠶᠢᠲᠡᠯᠡᠭᠰᠡᠨ ᠴᠠᠭ᠄
2014/4/26
        ᠬᠡᠰᠢᠭᠳᠡᠨ ᠤ ᠤᠳᠤᠬᠢ ᠯᠢᠦ ᠯᠢᠨ ᠰᠢᠶᠠᠩ ︵ᠰᠤᠮᠤ︶᠎ ᠤᠨ ᠬᠡᠪᠴᠢᠶᠡᠨ ᠳᠤ ᠪᠠᠶᠢᠬᠤ ᠲᠤᠭᠤᠭ᠎ᠠ ᠶᠢᠨ ᠭᠤᠤᠯ ︵ᠶᠡᠭᠡ ᠲᠤᠭᠤᠭ᠎ᠠ ᠶᠢᠨ ᠭᠤᠤᠯ︶᠎ ᠤᠨ ᠡᠬᠢᠨ ᠳᠠᠬᠢ ᠠᠭᠤᠯᠠ ᠨᠢᠷᠤᠭᠤᠨ ᠠᠴᠠ ᠤᠷᠤᠶᠢᠯᠠᠭᠰᠠᠨ ᠰᠦᠷᠯᠢᠭ ᠰᠠᠶᠢᠬᠠᠨ ᠦᠵᠡᠮᠵᠢ ᠲᠠᠢ᠂ ᠬᠦᠮᠦᠰ ᠤᠨ ᠰᠦᠰᠦᠭ ᠪᠢᠰᠢᠷᠡᠯ ᠢ ᠲᠦᠷᠦᠭᠳᠡᠬᠦᠯᠦᠭᠰᠡᠨ ᠲᠠᠯᠠᠢ ᠶᠢᠨ ᠲᠦᠪᠰᠢᠨ ᠠᠴᠠ ᠨᠢᠭᠡ ᠮᠢᠩᠭ᠎ᠠ ᠶᠢᠰᠦᠨ ᠵᠠᠭᠤᠨ ᠵᠢᠷᠠᠨ ᠮᠧᠲᠷ ᠦᠨᠳᠤᠷ ᠲᠤ ᠰᠡᠬᠦᠶᠢᠭᠰᠡᠨ ᠠᠭᠤᠯᠠ ᠶᠢ ︽ᠲᠤᠭᠤᠭ᠎ᠠ ᠬᠠᠶᠢᠷᠬᠠᠨ︾ ᠬᠡᠵᠤ ᠨᠡᠷᠡᠯᠡᠳᠡᠭ᠃ ᠪᠠᠷᠤᠭ ᠴᠢᠩ ᠤᠯᠤᠰ ᠤᠨ ᠡᠬᠢᠨ ᠤ ᠦᠶ᠎ᠡ ᠪᠠᠷ ︵1600 ‍ᠭᠠᠳ ᠤᠨ ᠤ ᠦᠶ᠎ᠡ︶ ᠬᠡᠰᠢᠭᠳᠡᠨ ᠵᠠᠰᠠᠭ ᠨᠤᠶᠠᠨ ᠲᠤᠭᠤᠭ᠎ᠠ ᠠᠭᠤᠯᠠ ᠶᠢᠨ ᠤᠷᠤᠢ ᠲᠡᠭᠡᠷ᠎ᠡ ᠤᠪᠤᠭ᠎ᠠ ᠪᠤᠰᠬᠠᠵᠤ᠂ ᠬᠤᠰᠢᠭᠤ ᠲᠠᠶᠠᠭᠠᠷ ᠢᠶᠠᠨ ᠲᠠᠬᠢᠵᠤ ᠰᠢᠳᠦᠬᠦ ︽ᠬᠠᠶᠢᠷᠬᠠᠨ ᠠᠭᠤᠯᠠ︾ ᠪᠤᠯᠭᠠᠵᠤ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠡ ᠶᠢᠨ ᠠᠷᠪᠠᠨ ᠭᠤᠷᠪᠠᠨ ᠤ ᠡᠳᠤᠷ ᠶᠡᠭᠡ ᠲᠡᠬᠢᠯᠭ᠎ᠠ ᠬᠢᠳᠡᠭ ᠬᠡᠰᠢᠭᠳᠡᠨ ᠤ ᠡᠮᠤᠨ᠎ᠠ ᠪᠡᠶ᠎ᠡ ᠪᠠᠷ ᠨᠤᠳᠤᠭᠯᠠᠨ ᠰᠠᠭᠤᠭᠰᠠᠨ ᠮᠤᠩᠭᠤᠯᠴᠤᠳ ᠭᠤᠤᠯᠳᠠᠭᠤ ᠬᠠᠶᠢᠷᠬᠠᠨ ᠠᠭᠤᠯᠠ ᠶᠢᠨ ᠡᠩᠬᠡᠷ ᠲᠤ ᠨᠠᠶᠢᠷ ᠪᠠᠶᠠᠷ ᠡᠬᠦᠰᠬᠡᠵᠤ᠂ ᠡᠷ᠎ᠡ ᠶᠢᠨ ᠭᠤᠷᠪᠠᠨ ᠨᠠᠭᠠᠳᠤᠮ ᠨᠠᠶᠢᠷᠠᠵᠤ᠂ ᠠᠭᠤᠯᠠ ᠬᠠᠶᠢᠷᠬᠠᠨ ᠤ ᠨᠠᠪᠳᠠᠭ ᠰᠠᠪᠳᠠᠭ᠂ ᠭᠠᠵᠠᠷ ᠯᠤᠤᠰ᠂ ᠲᠡᠭᠷᠢ ᠠᠪᠤ ᠪᠠᠨ ᠪᠠᠶᠠᠷᠯᠠᠭᠤᠯᠳᠠᠭ ᠪᠠᠶᠢᠵᠠᠢ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠣᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号