ᠭᠠᠰᠢᠭᠤᠨ ᠬᠠᠶᠢᠷᠬᠠᠨ
ᠨᠡᠶᠢᠲᠡᠯᠡᠭᠰᠡᠨ ᠴᠠᠭ᠄
2014/4/25
        ᠭᠠᠰᠢᠭᠤᠨ ᠬᠠᠶᠢᠷᠬᠠᠨ — ᠠᠴᠬᠠᠭᠤᠯᠠ ᠰᠤᠮᠤᠨ ︵ᠤᠳᠤ ᠲᠠᠷᠬᠠᠬᠠᠭᠤᠯᠠ ᠰᠤᠮᠤᠨ ᠳᠤ ᠨᠡᠶᠢᠯᠡᠬᠦᠯᠵᠠᠢ︶ ᠤ ᠪᠤᠭᠤᠷᠵᠢᠩ ᠭᠠᠴᠠᠭ᠎ᠠ ᠶᠢᠨ ᠠᠷᠤ ᠳᠤ ᠰᠦᠨᠳᠡᠷᠯᠡᠵᠤ ᠪᠠᠶᠢᠬᠤ ᠲᠠᠯᠠᠢ ᠶᠢᠨ ᠲᠦᠪᠰᠢᠨ ᠠᠴᠠ 1561 ᠮᠧᠲᠷ ᠦᠨᠳᠤᠷ ᠠᠭᠤᠯᠠ ᠶᠢ ᠭᠠᠰᠢᠭᠤᠨ ᠬᠠᠶᠢᠷᠬᠠᠨ ᠬᠡᠳᠡᠭ᠃ ᠡᠨᠡ ᠬᠠᠶᠢᠷᠬᠠᠨ ᠨᠢ ᠠᠶᠢᠮᠠᠭ ᠪᠦᠯᠦᠭ  ᠤᠨ ᠬᠠᠶᠢᠷᠬᠠᠨ ᠶᠤᠮ᠂ ᠤᠭ ᠤᠨ ︽ᠪᠤᠷᠭᠠᠰᠤ ᠲᠤᠬᠤᠢ︾ ᠶᠢᠨ ᠪᠠᠷᠠᠭᠤᠨ ᠰᠢᠯᠢ᠂ ︽ᠠᠳᠤᠭᠤᠨ ᠴᠢᠯᠠᠭᠤ︾᠂ ︽ᠭᠠᠭᠴᠠ ᠮᠤᠳᠤ︾ ᠬᠡᠳᠡᠭ ᠭᠠᠵᠠᠷ ᠢᠶᠠᠷ ᠨᠡᠬᠦᠳᠡᠯᠯᠡᠨ ᠰᠠᠭᠤᠳᠠᠭ ᠮᠤᠩᠭᠤᠯᠴᠤᠳ ᠠᠯᠢ ᠡᠷᠳᠡ ᠠᠴᠠ ᠪᠠᠨ ᠦᠶ᠎ᠡ ᠤᠯᠠᠷᠢᠨ ᠲᠡᠬᠢᠵᠤ ᠰᠢᠳᠦᠳᠡᠭ ᠪᠠᠶᠢᠵᠠᠢ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠬᠤᠷᠢᠨ ᠬᠤᠶᠠᠷ ᠤᠨ ᠡᠳᠤᠷ ᠠᠶᠢᠮᠠᠭ ᠪᠦᠯᠦᠭ ᠢᠶᠠᠷ ᠢᠶᠠᠨ ᠬᠠᠮᠳᠤᠷᠠᠵᠤ᠂ ᠠᠶᠢᠯ ᠤᠨ ᠲᠤᠮᠤᠭᠠᠳᠠᠨ ᠨᠠᠷ ᠨᠢ ᠵᠤᠬᠢᠶᠠᠨ ᠪᠠᠶᠢᠭᠤᠯᠤᠨ᠂ ᠦᠷ ᠤᠨ ᠭᠡᠭᠡ ᠰᠠᠴᠤᠷᠠᠬᠤ ᠦᠶ᠎ᠡ ᠪᠠᠷ ᠬᠠᠶᠢᠷᠬᠠᠨ ᠤᠪᠤᠭᠠᠨ ᠳᠠᠭᠠᠨ ᠵᠠᠪᠳᠤᠨ ᠬᠦᠷᠴᠤ᠂ ᠤᠪᠤᠭᠠᠨ ᠳᠠᠭᠠᠨ ᠰᠢᠨ᠎ᠠ ᠰᠤᠷᠭᠤᠭ ᠪᠤᠷᠭᠠᠰᠤ ᠮᠤᠳᠤ ᠨᠡᠮᠡᠷᠢᠯᠡᠨ ᠰᠢᠨᠡᠳᠬᠡᠨ ᠴᠢᠮᠡᠭᠯᠡᠵᠤ᠂ ᠲᠤᠰᠬᠠᠢ ᠵᠠᠯᠠᠭᠰᠠᠨ ᠯᠠᠮᠠ  ᠪᠠᠷ ᠲᠠᠬᠢᠯᠭ᠎ᠠ ᠶᠢᠨ ᠨᠤᠮ ᠰᠤᠳᠤᠷ ᠤᠩᠰᠢᠭᠤᠯᠤᠨ᠂ ᠵᠤᠯᠠ ᠬᠦᠵᠢ ᠡᠷᠬᠦᠨ᠂ ᠰᠢᠬᠦᠰᠤ ᠴᠠᠭᠠᠨ ᠢᠳᠡᠭᠡ ᠲᠠᠯᠪᠢᠵᠤ ᠠᠶᠢᠯ ᠡᠷᠦᠬᠡ ᠶᠢᠨ ᠢᠶᠠᠨ ᠠᠯᠢᠪᠠ ᠦᠢᠯᠡᠰ ᠢᠶᠠᠨ ︽ᠡᠴᠢᠬᠡ ᠲᠡᠭᠷᠢ᠂ ᠡᠬᠡ ᠲᠠᠯᠡᠬᠡᠢ᠂ ᠬᠠᠶᠢᠷᠬᠠᠨ ᠤᠪᠤᠭ᠎ᠠ︾  ᠳᠠᠭᠠᠨ ᠲᠠᠭᠠᠳᠬᠠᠵᠤ ᠮᠦᠷᠬᠦᠳᠡᠭ ᠵᠠᠩᠰᠢᠯ ᠲᠠᠢ᠃ ᠬᠠᠶᠢᠷᠬᠠᠨ ᠢᠶᠠᠨ ᠲᠠᠬᠢᠵᠤ ᠪᠠᠷᠠᠪᠠᠯ ᠨᠠᠶᠢᠷ ᠤᠨ ᠲᠠᠯᠠᠪᠠᠢ ᠳᠤ ᠪᠤᠴᠠᠨ ᠢᠷᠡᠵᠤ ᠨᠠᠭᠠᠳᠤᠮ ᠡᠬᠦᠰᠬᠡᠨ᠂ ᠴᠦᠬᠡᠨ ᠲᠤᠭᠠᠨ ᠤ ᠪᠦᠬᠡ ᠪᠠᠷᠢᠯᠳᠤᠭᠤᠯᠵᠤ ︵ᠤᠯᠠᠩᠬᠢ ᠳᠠᠭᠠᠨ ᠭᠤᠴᠢᠨ ᠬᠤᠶᠠᠷ ᠬᠤᠤᠰ ᠪᠦᠬᠡ︶᠂ ᠮᠤᠷᠢ ᠤᠷᠤᠯᠳᠤᠭᠤᠯᠵᠤ ᠲᠡᠷᠢᠬᠦᠨ ᠲᠠᠳ᠋ ᠢ ᠱᠠᠩᠨᠠᠳᠠᠭ ᠪᠠᠶᠢᠵᠠᠢ᠃ ᠬᠠᠶᠢᠷᠬᠠᠨ ᠲᠠᠬᠢᠯᠭ᠎ᠠ ᠨᠢ ᠴᠢᠯᠦᠬᠡᠯᠡᠭᠳᠡᠬᠦ ᠠᠴᠠ ᠡᠮᠤᠨᠡᠬᠡᠨ ᠪᠤᠯᠳᠠᠯ᠎ᠠ ᠵᠢᠯ ᠪᠦᠷᠢ ᠶᠠᠪᠤᠭᠳᠠᠵᠤ ᠪᠠᠶᠢᠭᠰᠠᠭᠠᠷ ᠭᠠᠵᠠᠷ ᠰᠢᠷᠤᠢ ᠶᠢᠨ ᠦᠬᠡᠷᠡᠴᠢᠯᠡᠯᠳᠠ ᠪᠤᠯᠬᠤ ᠳᠤ ᠵᠤᠭᠰᠤᠵᠠᠢ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠤᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号