| ᠦᠵᠦᠮᠦᠴᠢᠨ ᠬᠤᠨᠢ ᠪᠤᠯ ᠦᠩ ᠦᠷᠭᠡᠨ ᠦᠵᠦᠮᠦᠴᠢᠨ ᠤ ᠲᠠᠯ᠎ᠠ ᠨᠤᠳᠤᠭ ᠲᠤ ᠤᠷᠳᠤ | ᠤᠳᠠᠭᠠᠨ ᠵᠢᠯ ᠤᠨ ᠬᠦᠮᠦᠨ ᠪᠠᠶᠢᠭᠠᠯᠢ ᠶᠢᠨ ᠬᠤᠤᠰ ᠰᠢᠯᠢᠯᠳᠠ ᠪᠠᠷ ᠲᠠᠮᠵᠢᠨ ᠪᠤᠶᠢᠵᠢᠭᠤᠯᠤᠭᠳᠠᠭᠰᠠᠨ ᠰᠢᠯᠢᠳᠡᠭ | ᠡᠬᠦᠯᠳᠡᠷ ᠤᠨ ᠬᠤᠨᠢ ᠪᠤᠯᠤᠨ᠎ᠠ᠃ ᠭᠤᠤᠯᠳᠠᠭᠤ ᠰᠢᠯᠢᠨ ᠭᠤᠤᠯ ᠠᠶᠢᠮᠠᠭ ᠤᠨ ᠵᠡᠬᠦᠨ ᠪᠠᠷᠠᠭᠤᠨ ᠬᠤᠶᠠᠷ | ᠦᠵᠦᠮᠦᠴᠢᠨ ᠬᠤᠰᠢᠭᠤ ᠪᠠᠷ ᠲᠠᠷᠬᠠᠵᠤ ᠪᠤᠢ᠃ 1982 ᠤᠨ ᠳᠤ ᠤᠯᠤᠰ ᠤᠨ ᠲᠠᠷᠢᠶᠠᠯᠠᠩ ᠤᠨ ᠶᠠᠮᠤᠨ᠂ ᠤᠯᠤᠰ | ᠤᠨ ᠪᠠᠷᠢᠮᠵᠢᠶ᠎ᠠ ᠶᠢᠨ ᠶᠡᠷᠦᠩᠭᠡᠢ ᠲᠤᠪᠴᠢᠶ᠎ᠠ ᠠᠴᠠ ᠦᠵᠦᠮᠦᠴᠢᠨ ᠬᠤᠨᠢ ᠶᠢ ᠤᠷᠤᠨ ᠨᠤᠳᠤᠭ ᠤᠨ ᠰᠢᠯᠢᠳᠡᠭ | ᠡᠬᠦᠯᠳᠡᠷ ᠢᠶᠠᠷ ᠲᠤᠭᠳᠠᠭᠠᠭᠰᠠᠨ ᠪᠠᠶᠢᠨ᠎ᠠ᠃ 2000 ᠤᠨ ᠳᠤ ᠦᠵᠦᠮᠦᠴᠢᠨ ᠬᠤᠨᠢ ᠨᠢ ᠦᠪᠡᠷᠳᠡᠭᠡᠨ ᠵᠠᠰᠠᠬᠤ | ᠤᠷᠤᠨ ᠤ ᠮᠠᠯ ᠲᠠᠷᠢᠶᠠᠯᠠᠩ ᠤᠨ ᠨᠡᠷᠡᠳᠤ ᠪᠦᠳᠦᠭᠡᠭᠳᠡᠬᠦᠨ ᠢᠶᠠᠷ ᠦᠨᠡᠯᠡᠭᠳᠡᠵᠤ᠂ ᠦᠵᠦᠮᠦᠴᠢᠨ ᠬᠤᠨᠢᠨ ᠮᠢᠬ᠎ᠠ ᠨᠢ | 2008 ᠤᠨ ᠤ ᠪᠡᠭᠡᠵᠢᠩ ᠤᠨ ᠤᠯᠢᠮᠫᠢᠺ ᠤᠨ ᠲᠠᠮᠢᠷ ᠤᠨ ᠴᠤᠭᠯᠠᠭᠠᠨ ᠪᠠ 2010 ᠤᠨ ᠤ ᠱᠠᠩᠬᠠᠢ ᠶᠢᠨ | ᠲᠡᠯᠡᠭᠡᠢ ᠶᠢᠨ ᠦᠵᠡᠰᠬᠦᠯᠡᠩ ᠳᠤ ᠪᠤᠬᠢᠷᠳᠤᠯ ᠦᠭᠡᠢ ᠢᠳᠡᠭᠡᠨ ᠢᠶᠠᠷ ᠰᠢᠯᠢᠭᠳᠡᠵᠠᠢ᠃ | | | | | ᠤᠳᠤᠬᠠᠨ ᠳᠤ᠂ ᠦᠵᠦᠮᠦᠴᠢᠨ ᠬᠤᠨᠢᠨ ᠮᠢᠬᠠᠨ ᠤ ᠰᠢᠷᠢᠰ ᠪᠦᠳᠦᠭᠡᠭᠳᠡᠬᠦᠨ ᠨᠢ ᠪᠡᠭᠡᠵᠢᠩ᠂ | ᠱᠠᠩᠬᠠᠢ᠂ ᠲᠢᠶᠠᠨᠵᠢᠨ᠂ ᠵᠡᠬᠦᠨ ᠬᠤᠶᠢᠳᠤ ᠤᠷᠤᠨ᠂ ᠬᠦᠬᠡᠬᠤᠳᠠ ᠵᠡᠷᠭᠡ ᠶᠡᠭᠡ ᠲᠤᠮᠳᠠ ᠬᠤᠳᠠ ᠳᠤ ᠦᠷᠭᠡᠨ ᠢᠶᠠᠷ | ᠪᠤᠷᠤᠯᠠᠭᠤᠯᠤᠭᠳᠠᠵᠤ ᠪᠠᠶᠢᠬᠤ ᠪᠠᠷ ᠦᠯᠤ ᠪᠠᠷᠠᠨ ᠰᠠᠦ᠋ᠳᠢ ᠠᠷᠠᠪ᠂ ᠶᠤᠷᠳᠠᠨ᠂ ᠺᠦᠸᠠᠶᠢᠲ ᠵᠡᠷᠭᠡ ᠲᠤᠮᠳᠠᠳᠤ ᠠᠽᠢᠶ᠎ᠠ | ᠶᠢᠨ ᠤᠯᠤᠰ ᠤᠷᠤᠨ ᠤ ᠵᠠᠬᠢᠶᠠᠯᠠᠭ᠎ᠠ ᠶᠢ ᠬᠦᠯᠢᠶᠡᠵᠤ ᠪᠤᠢ᠃ | | | | | ᠦᠵᠦᠮᠦᠴᠢᠨ ᠬᠤᠨᠢ ᠨᠢ ᠪᠡᠶ᠎ᠠ ᠲᠤᠮᠤ᠂ ᠰᠡᠬᠦᠯ ᠪᠦᠳᠦᠬᠦᠨ᠂ ᠢᠯᠡᠬᠦᠤ ᠬᠠᠪᠢᠷᠭ᠎ᠠ᠂ ᠢᠯᠡᠬᠦᠤ | ᠨᠤᠭᠤᠯᠠᠮ ᠲᠠᠢ᠂ ᠬᠤᠷᠠᠭᠠᠨ ᠤ ᠪᠤᠶᠢᠵᠢᠯᠳᠠ ᠲᠦᠷᠭᠡᠨ ᠢᠶᠠᠷ ᠢᠶᠠᠨ ᠠᠯᠳᠠᠷᠰᠢᠵᠠᠢ᠃ ᠦᠵᠦᠮᠦᠴᠢᠨ ᠬᠤᠨᠢᠨ ᠤ | ᠬᠠᠮᠠᠷ ᠮᠦᠭᠡᠷᠦᠤ᠂ ᠪᠡᠶ᠎ᠠ ᠦᠨᠳᠦᠷ ᠪᠠᠬᠢᠯᠢᠭ᠌᠂ ᠤᠭᠤᠴᠨ ᠨᠢᠷᠤᠭᠤ ᠤᠷᠳᠤᠯᠢᠭ ᠵᠤᠵᠠᠭᠠᠨ᠂ ᠲᠦᠷᠪᠡᠨ ᠮᠦᠴᠢ ᠨᠢ | ᠲᠡᠭᠰᠢ ᠢᠳᠡᠯᠢᠭ᠂ ᠰᠡᠬᠦᠯ ᠨᠢ ᠪᠦᠳᠦᠬᠦᠨ ᠮᠦᠷᠳᠡᠭᠡᠨ ᠵᠤᠵᠠᠭᠠᠨ ᠪᠠᠶᠢᠵᠤ ᠪᠤᠷᠪᠢᠨ ᠳᠤ ᠪᠠᠨ ᠬᠦᠷᠳᠡᠭ᠃ | ᠦᠵᠦᠮᠦᠴᠢᠨ ᠬᠤᠨᠢᠨ ᠤ ᠵᠢᠰᠦᠮ ᠨᠢ ᠬᠠᠷ᠎ᠠ ᠲᠦᠷᠦᠬᠦᠳᠤ ᠶᠡᠭᠡ ᠪᠡᠶ᠎ᠠ ᠨᠢ ᠴᠠᠭᠠᠨ ᠵᠢᠰᠦᠮ ᠢᠶᠠᠷ ᠭᠤᠤᠯᠯᠠᠵᠤ᠂ | ᠬᠤᠸᠠ᠂ ᠬᠦᠭᠡ᠂ ᠠᠯᠠᠭ᠂ ᠴᠤᠬᠤᠷ ᠵᠢᠰᠦᠮ ᠵᠡᠷᠭᠡ ᠤᠨᠳᠤᠤ ᠵᠢᠰᠦᠮ ᠤᠨ ᠬᠢ ᠴᠤ ᠪᠠᠶᠢᠳᠠᠭ᠃ | | | | ᠦᠵᠦᠮᠦᠴᠢᠨ ᠬᠤᠨᠢᠨ ᠤ ᠪᠤᠶᠢᠵᠢᠯᠳᠠ ᠨᠢ ᠨᠡᠯᠢᠶᠡᠳ ᠲᠦᠷᠭᠡᠨ᠂ 6 ᠰᠠᠷ᠎ᠠ ᠪᠤᠯᠤᠭᠰᠠᠨ ᠡᠷ᠎ᠠ | ᠬᠤᠷᠠᠭᠠᠨ ᠤ ᠲᠤᠮᠳᠠᠴᠢ ᠪᠡᠶ᠎ᠠ ᠶᠢᠨ ᠬᠦᠨᠳᠤ ᠨᠢ 40 ᠺᠢᠯᠤᠭᠧᠷᠠᠮ᠂ ᠦᠬᠢᠨ ᠬᠤᠷᠠᠭᠠᠨ ᠤ ᠲᠤᠮᠳᠠᠴᠢ ᠪᠡᠶ᠎ᠠ ᠶᠢᠨ | ᠬᠦᠨᠳᠤ ᠨᠢ 36 ᠺᠢᠯᠤᠭᠧᠷᠠᠮ ᠳᠤ ᠬᠦᠷᠳᠡᠭ᠃ | | | | | ᠦᠵᠦᠮᠦᠴᠢᠨ ᠬᠤᠨᠢ ᠨᠢ ᠪᠡᠯᠴᠢᠭᠡᠷ ᠤᠨ ᠮᠠᠯᠵᠢᠯᠭ᠎ᠠ ᠳᠤ ᠲᠤᠬᠢᠷᠠᠮᠵᠢᠳᠠᠢ᠂ ᠲᠠᠷᠭᠤ ᠠᠪᠬᠤ ᠨᠢ | ᠲᠦᠷᠭᠡᠨ᠂ ᠬᠦᠢᠳᠡᠨ ᠳᠤ ᠲᠡᠰᠪᠤᠷᠢᠳᠠᠢ᠂ ᠮᠠᠯᠵᠢᠬᠤ ᠳᠤ ᠠᠮᠠᠷ ᠪᠠᠶᠢᠳᠠᠭ ᠲᠤᠯᠨ ᠤᠶᠢᠷ᠎ᠠ ᠶᠢᠨ ᠵᠢᠯ ᠠᠴᠠ | ᠬᠡᠰᠢᠭᠳᠡᠨ ᠂ ᠠᠷᠤ ᠬᠤᠷᠴᠢᠨ᠂ ᠵᠠᠷᠤᠳ ᠵᠡᠷᠭᠡ ᠦᠪᠤᠷ ᠮᠤᠩᠭᠤᠯ ᠤᠨ ᠡᠯ᠎ᠠ ᠬᠤᠰᠢᠭᠤ ᠨᠤᠳᠤᠭ ᠤᠨ ᠮᠠᠯᠴᠢᠳ | ᠦᠷᠭᠡᠨ ᠢᠶᠠᠷ ᠮᠠᠯᠵᠢᠵᠤ ᠡᠬᠢᠯᠡᠭᠰᠡᠨ ᠪᠠᠶᠢᠨ᠎ᠠ᠃ | | | |