| | ᠴᠠᠢ ᠤᠤᠭᠤᠬᠤ ᠨᠢ ᠰᠡᠳᠭᠢᠯ ᠰᠠᠨᠠᠭ᠎ᠠ ᠶᠢ ᠲᠠᠶᠢᠪᠤᠰᠢᠷᠠᠭᠤᠯᠬᠤ ᠪᠦᠭᠡᠳ ᠪᠡᠶ᠎ᠠ ᠮᠠᠬᠠᠪᠤᠳ ᠢ | ᠵᠠᠰᠠᠬᠤ ᠳᠤ ᠲᠤᠰᠠᠳᠠᠢ᠃ ᠦᠷᠭᠦᠯᠵᠢ ᠨᠢᠳᠦ ᠡᠪᠡᠳᠬᠦ᠂ ᠤᠷᠮ᠎ᠠ ᠰᠡᠳᠭᠢᠯ ᠤᠢᠢᠳᠬᠤ ᠵᠡᠷᠭᠡ ᠪᠤᠬᠢᠨᠢᠳᠤᠯ ᠳᠤ | ᠤᠴᠠᠷᠠᠳᠠᠭ ︽ᠤᠷᠳᠤ ᠬᠤᠭᠤᠴᠠᠭ᠎ᠠ ᠰᠠᠭᠤᠭᠴᠢᠳ︾᠂ ︽ᠺᠤᠮᠫᠢᠦᠲ᠋ᠧᠷ ᠲᠠᠢ ᠨᠦᠬᠦᠷᠯᠡᠭᠰᠡᠳ︾ ᠲᠤ ᠠᠪᠴᠤ | ᠬᠡᠯᠡᠪᠡᠯ᠂ ᠴᠢᠭᠯᠡᠯᠳᠦ ᠴᠢᠨᠠᠷ ᠲᠠᠢ ᠪᠠᠷ ᠴᠠᠢ ᠤᠤᠭᠤᠬᠤ ᠨᠢ ᠪᠡᠶ᠎ᠠ ᠮᠠᠬᠠᠪᠤᠳ ᠤᠨ ᠡᠳᠡᠭᠡᠷ ᠲᠠᠭᠠᠯᠠᠮᠵᠢ ᠦᠭᠡᠢ | ᠪᠠᠶᠢᠳᠠᠯ ᠢ ᠰᠠᠶᠢᠵᠢᠷᠠᠭᠤᠯᠵᠤ ᠴᠢᠳᠠᠨ᠎ᠠ᠃ | | | | | ᠡᠯᠢᠭᠡᠨ ᠬᠠᠯᠠᠭᠤᠨ ᠲᠠᠢ ᠬᠦᠮᠦᠨ ᠤᠳᠪᠠᠯᠠ ᠴᠡᠴᠡᠭ ᠤᠨ ᠴᠠᠢ ᠤᠤᠭᠤᠪᠠᠯ ᠲᠤᠬᠢᠷᠠᠨ᠎ᠠ᠃ | ᠤᠯᠠᠩᠭᠢ ᠬᠦᠮᠦᠨ ᠦᠷᠭᠦᠯᠵᠢ ᠲᠤᠯᠤᠭᠠᠢ ᠡᠷᠬᠢᠵᠦ ᠠᠮᠠ ᠭᠠᠰᠢᠭᠤᠨ ᠪᠤᠯᠵᠤ᠂ ᠠᠷᠠᠰᠤ ᠨᠢ ᠬᠠᠳᠠᠵᠤ ᠬᠠᠭᠠᠷᠠᠨ᠂ | ᠬᠡᠯᠡ ᠠᠮᠠ ᠨᠢ ᠢᠳᠡᠭᠡᠯᠡᠵᠦ᠂ ᠠᠭᠠᠰᠢ ᠵᠠᠩ ᠨᠢ ᠭᠡᠳᠡᠷ ᠲᠤᠭᠰᠢᠨ ᠪᠤᠯᠬᠤ ᠵᠡᠷᠭᠡ ᠡᠪᠡᠳᠴᠢᠨ ᠤ ᠢᠯᠡᠷᠡᠯ ᠭᠠᠷᠳᠠᠭ᠂ | ᠡᠨᠡ ᠨᠢ ᠡᠯᠢᠭᠡᠨ ᠬᠠᠯᠠᠭᠤᠨ ᠬᠡᠳᠦ ᠶᠡᠭᠡ ᠠᠴᠠ ᠪᠤᠯᠤᠭᠰᠠᠨ ᠪᠠᠶᠢᠨ᠎ᠠ᠃ ᠤᠳᠪᠠᠯᠠ ᠴᠡᠴᠡᠭ ᠤᠨ ᠴᠠᠢ ᠨᠢ ᠬᠡᠢ ᠶᠢ | ᠲᠠᠷᠬᠠᠭᠠᠵᠤ ᠬᠠᠯᠠᠭᠤᠨ ᠢ ᠬᠦᠭᠡᠭᠡᠬᠦ᠂ ᠡᠯᠢᠭᠡᠨ ᠬᠠᠯᠠᠭᠤᠨ ᠢ ᠠᠷᠢᠯᠭᠠᠵᠤ ᠬᠠᠷᠠᠭ᠎ᠠ ᠶᠢ ᠲᠤᠳᠤᠷᠠᠭᠤᠯᠬᠤ᠂ ᠡᠯᠢᠭᠡ ᠶᠢ | ᠰᠤᠪᠢᠯᠠᠨ ᠬᠠᠯᠠᠭᠤᠨ ᠢ ᠬᠦᠭᠡᠭᠡᠬᠦ ᠦᠢᠯᠡᠳᠦᠯ ᠲᠠᠢ᠂ ᠠᠮᠠ ᠭᠠᠰᠢᠭᠤᠨ ᠪᠤᠯᠬᠤ᠂ ᠲᠤᠯᠤᠭᠠᠢ ᠡᠪᠡᠳᠬᠦ᠂ ᠬᠤᠭᠤᠯᠠᠢ | ᠬᠠᠪᠤᠳᠴᠤ ᠡᠪᠡᠳᠬᠦ ᠵᠡᠷᠭᠡ ᠡᠪᠡᠳᠴᠢᠨ ᠤ ᠢᠯᠡᠷᠡᠯ ᠢ ᠰᠠᠶᠢᠵᠢᠷᠠᠭᠤᠯᠵᠤ ᠴᠢᠳᠠᠨ᠎ᠠ᠃ ᠤᠳᠪᠠᠯᠠ ᠴᠡᠴᠡᠭ ᠤᠨ | ᠴᠠᠢ ᠶᠢ 100 ᠭᠷᠠᠳᠦ᠋ᠰ ᠤᠷᠴᠢᠮ ᠤᠨ ᠪᠤᠴᠠᠯᠤᠭᠰᠠᠨ ᠤᠰᠤ ᠪᠠᠷ ᠴᠢᠢᠯᠡᠵᠦ᠂ 3 — 5 ᠮᠢᠨᠦ᠋ᠲ ᠲᠡᠪᠳᠦᠭᠡᠵᠦ | ᠤᠤᠭᠤᠨ᠎ᠠ᠂ ᠴᠠᠢ ᠪᠠᠨ ᠤᠤᠭᠤᠭᠠᠳ 1\3 ᠶᠢᠨ ᠰᠢᠭᠦᠰᠦ ᠦᠯᠡᠳᠡᠭᠡᠵᠦ ᠲᠠᠬᠢᠵᠤ ᠪᠤᠴᠠᠯᠤᠭᠰᠠᠨ ᠤᠰᠤ ᠪᠠᠨ | ᠨᠡᠮᠡᠨ᠎ᠠ᠃ | | | | | ᠨᠢᠳᠦ ᠶᠠᠳᠠᠷᠠᠪᠠᠯ ᠴᠢᠨ᠋ᠸ᠎ᠠ ᠶᠢᠨ ᠬᠠᠷᠮᠠᠭ ᠤᠨ ᠴᠠᠢ ᠤᠤᠭᠤᠨ᠎ᠠ᠃ ᠺᠤᠮᠫᠢᠦ᠋ᠲᠧᠷ ᠤᠨ ᠡᠮᠦᠨ᠎ᠠ | ᠤᠳᠠᠭᠠᠨ ᠰᠠᠭᠤᠳᠠᠭ ᠠᠯᠪᠠᠨ ᠠᠵᠢᠯᠳᠠᠳ᠂ ᠲᠠᠰᠬᠠᠯ ᠲᠠᠭᠠᠭᠠᠯᠭᠠᠪᠤᠷᠢ ᠶᠢᠨ ᠡᠭᠦᠷᠭᠡ ᠬᠦᠨᠳᠦ ᠵᠠᠯᠠᠭᠤᠴᠤᠳ | ᠪᠠᠭᠠᠴᠤᠳ ᠤᠨ ᠨᠢᠳᠦ ᠠᠮᠠᠷᠬᠠᠨ ᠶᠠᠳᠠᠷᠠᠳᠠᠭ᠂ ᠡᠨᠡᠬᠦ ᠪᠠᠶᠢᠳᠠᠯ ᠲᠤᠤᠷ᠎ᠠ ᠡᠯᠢᠭᠡ ᠪᠦᠭᠡᠷ᠎ᠠ ᠳᠤ ᠲᠡᠵᠢᠭᠡᠯ ᠦᠭᠬᠦ᠂ | ᠬᠠᠷᠠᠭ᠎ᠠ ᠶᠢ ᠲᠤᠳᠤᠷᠠᠭᠤᠯᠬᠤ ᠦᠢᠯᠡᠳᠦᠯ ᠪᠦᠬᠦᠢ ᠴᠢᠨ᠋ᠸ᠎ᠠ ᠶᠢᠨ ᠬᠠᠷᠮᠠᠭ ᠤᠨ ᠴᠠᠢ ᠤᠤᠭᠤᠪᠠᠯ ᠬᠠᠮᠤᠭ ᠤᠨ | ᠲᠤᠬᠢᠷᠠᠮᠵᠢᠳᠠᠢ᠃ ᠡᠯᠢᠭᠡ ᠪᠦᠭᠡᠷ᠎ᠠ ᠶᠢᠨ ᠴᠢᠳᠠᠪᠤᠷᠢ ᠲᠤᠷᠤᠢ ᠠᠴᠠ ᠪᠤᠯᠤᠭᠰᠠᠨ ᠨᠢᠳᠦ ᠡᠷᠢᠶᠡᠯᠵᠢᠬᠦ ᠵᠡᠷᠭᠡ ᠪᠠᠶᠢᠳᠠᠯ | ᠢᠯᠡᠷᠡᠪᠡᠯ 20 ᠮᠦᠬᠦᠯᠢᠭ ᠴᠢᠨ᠋ᠸ᠎ᠠ ᠶᠢᠨ ᠬᠠᠷᠮᠠᠭ ᠢ ᠤᠰᠤᠨ ᠳᠤ ᠲᠡᠪᠳᠦᠭᠡᠵᠦ ᠤᠤᠭᠤᠨ᠎ᠠ︔ ᠨᠢᠳᠦ | ᠬᠠᠭᠤᠷᠠᠶᠢᠳᠤᠬᠤ᠂ ᠨᠢᠯᠪᠤᠰᠤ ᠭᠤᠭᠤᠵᠢᠬᠤ᠂ ᠬᠠᠷᠠᠭ᠎ᠠ ᠮᠠᠭᠤᠳᠠᠬᠤ᠂ ᠴᠠᠭᠠᠨ ᠬᠠᠷᠠᠩ ᠡᠪᠡᠳᠴᠢᠨ ᠲᠠᠢ ᠬᠦᠮᠦᠰ | 20 ᠮᠦᠬᠦᠯᠢᠭ ᠴᠢᠨ᠋ᠸ᠎ᠠ ᠶᠢᠨ ᠬᠠᠷᠮᠠᠭ ᠢ 5 ᠨᠠᠪᠴᠢ ᠤᠳᠪᠠᠯᠠ ᠴᠡᠴᠡᠭ ᠤᠨ ᠴᠠᠢ ᠲᠠᠢ ᠬᠠᠮᠳᠤ ᠴᠢᠢᠯᠡᠵᠦ ᠤᠤᠭᠤᠪᠠᠯ | ᠰᠠᠶᠢᠨ᠃ ᠭᠡᠳᠡᠯ᠎ᠠ ᠶᠠᠭ ᠰᠠᠶ᠋ᠢᠬᠠᠨ ᠬᠢᠮᠤᠷᠠᠵᠤ ᠬᠠᠯᠠᠭᠤᠷᠠᠵᠤ᠂ ᠪᠡᠶ᠎ᠠ ᠮᠠᠬᠠᠪᠤᠳ ᠨᠢ ᠦᠷᠪᠢᠰᠦᠯ ᠲᠠᠢ᠂ | ᠰᠢᠩᠭᠡᠭᠡᠯᠳᠡ ᠶᠢᠨ ᠴᠢᠳᠠᠪᠤᠷᠢ ᠲᠤᠷᠤᠢ ᠵᠡᠷᠭᠡ ᠬᠦᠮᠦᠰ ᠴᠢᠨ᠋ᠸ᠎ᠠ ᠶᠢᠨ ᠬᠠᠷᠮᠠᠭ ᠤᠨ ᠴᠠᠢ ᠤᠤᠭᠤᠪᠠᠯ ᠲᠤᠬᠢᠷᠠᠬᠤ | ᠦᠭᠡᠢ᠃ | | | | | ᠤᠢ ᠭᠤᠳᠤᠪᠠᠯ ᠰᠠᠷᠭᠠᠢ ᠴᠡᠴᠡᠭ ᠤᠨ ᠴᠠᠢ ᠤᠤᠭᠤᠭᠠᠷᠠᠢ᠃ ᠰᠠᠷᠭᠠᠢ ᠴᠡᠴᠡᠭ ᠤᠨ ᠴᠠᠢ | ᠰᠡᠳᠭᠢᠯ ᠰᠠᠨᠠᠭ᠎ᠠ ᠶᠢ ᠠᠮᠤᠷᠵᠢᠭᠤᠯᠤᠨ᠂ ᠴᠢᠰᠤ ᠶᠢ ᠰᠠᠶᠢᠵᠢᠷᠠᠭᠤᠯᠤᠨ ᠰᠢᠷᠬ᠎ᠠ ᠶᠢ ᠡᠳᠡᠭᠡᠵᠦ᠂ ᠰᠠᠷ᠎ᠠ ᠶᠢᠨ ᠭᠬᠢᠷ ᠢ | ᠲᠡᠭᠰᠢᠯᠡᠨ ᠡᠪᠡᠳᠬᠦ ᠶᠢ ᠨᠠᠮᠳᠠᠭᠠᠵᠤ᠂ ᠭᠠᠩᠰᠠᠷᠠᠬᠤ ᠭᠡᠮ᠂ ᠰᠠᠨᠠᠭ᠎ᠠ ᠠᠮᠤᠷ ᠦᠭᠡᠢ ᠪᠤᠯᠬᠤ ᠵᠡᠷᠭᠡ ᠰᠡᠳᠭᠢᠴᠡ ᠶᠢᠨ | ᠬᠠᠷᠰᠢ ᠰᠠᠭᠠᠳ ᠢ ᠡᠮᠨᠡᠬᠦ ᠦᠢᠯᠡᠳᠦᠯ ᠲᠠᠢ ᠶᠤᠮ᠃ ᠲᠠᠷᠤᠭᠠᠰᠤ ᠲᠠᠢ ᠰᠠᠨᠠᠭᠳᠠᠬᠤ ᠪᠤᠶᠤ ᠤᠢ ᠭᠤᠳᠤᠬᠤ ᠦᠶᠡᠰ | ᠰᠠᠷᠭᠠᠢ ᠴᠡᠴᠡᠭ ᠤᠨ ᠴᠠᠢ ᠤᠤᠭᠤᠪᠠᠯ ᠰᠡᠳᠭᠢᠯ ᠰᠠᠨᠠᠭ᠎ᠠ ᠶᠢ ᠠᠮᠤᠷᠵᠢᠭᠤᠯᠵᠤ ᠴᠢᠳᠠᠨ᠎ᠠ᠃ ᠰᠠᠷᠭᠠᠢ ᠴᠡᠴᠡᠭ ᠤᠨ | ᠴᠠᠢ ᠶᠢ ᠠᠷᠢᠭᠤᠳᠬᠠᠭᠰᠠᠨ ᠤᠰᠤ ᠪᠠᠷ ᠰᠢᠯ ᠤᠨ ᠴᠤᠮᠤ ᠳᠤ ᠴᠢᠢᠯᠠᠪᠠᠯ ᠰᠠᠶᠢᠨ᠂ ᠬᠠᠯᠠᠭᠤᠨ ᠢᠶᠠᠷ ᠨᠢ ᠤᠤᠭᠤᠬᠤ | ᠦᠶᠡᠰ ᠴᠡᠴᠡᠭ ᠤᠨ ᠦᠨᠦᠷ ᠠᠩᠭᠢᠯᠵᠦ᠂ ᠰᠡᠳᠭᠢᠯ ᠰᠠᠨᠠᠭ᠎ᠠ ᠶᠢ ᠠᠭᠤᠵᠢᠷᠠᠭᠤᠯᠤᠨ᠎ᠠ᠃ ᠰᠠᠷᠭᠠᠢ ᠴᠡᠴᠡᠭ ᠤᠨ | ᠴᠠᠢ ᠨᠢ ᠡᠭ᠍ᠰᠢᠭᠡᠬᠦ ᠦᠢᠯᠡᠳᠦᠯ ᠲᠠᠢ ᠪᠤᠯᠬᠤᠷ ᠬᠤᠷᠭᠤᠰᠤᠯᠠᠬᠤ ᠭᠡᠮ ᠲᠠᠢ ᠬᠦᠮᠦᠨ ᠤᠤᠭᠤᠬᠤ ᠦᠭᠡᠢ ᠪᠤᠯ ᠰᠠᠶᠢᠨ᠃ | | | | | | ᠬᠤᠷᠭᠤᠰᠤᠯᠠᠳᠠᠭ ᠬᠦᠮᠦᠰ ᠬᠠᠰᠢᠶ᠎ᠠ ᠪᠤᠷᠴᠠᠭ ᠤᠨ ᠦᠷ᠎ᠠ ᠶᠢ ᠴᠢᠢᠯᠡᠵᠦ ᠤᠤᠭᠤᠭᠠᠷᠠᠢ᠃ | ᠬᠠᠰᠢᠶ᠎ᠠ ᠪᠤᠷᠴᠠᠭ ᠤᠨ ᠦᠷ᠎ᠠ ᠨᠢ ᠭᠡᠳᠡᠰᠦ ᠶᠢ ᠲᠤᠰᠤᠯᠠᠵᠤ ᠬᠤᠷᠭᠤᠰᠤ ᠶᠢ ᠵᠦᠭᠡᠯᠡᠷᠡᠭᠦᠯᠬᠦ ᠦᠢᠯᠡᠳᠦᠯ ᠲᠠᠢ᠂ | ᠬᠠᠰᠢᠶ᠎ᠠ ᠪᠤᠷᠴᠠᠭ ᠤᠨ ᠦᠷ᠎ᠠ ᠶᠢ ᠦᠷᠭᠦᠯᠵᠢ ᠴᠢᠢᠯᠡᠵᠦ ᠤᠤᠭᠤᠪᠠᠯ ᠴᠢᠰᠤᠨ ᠤ ᠦᠭᠡᠬᠦ ᠶᠢ ᠪᠠᠭᠤᠷᠠᠭᠤᠯᠵᠤ ᠴᠢᠳᠠᠨ᠎ᠠ | ᠃ ᠡᠳᠦᠷ ᠲᠤᠳᠤᠮ ᠤᠨ ᠡᠷᠡᠭᠦᠯᠵᠢᠯ ᠳᠤ ᠬᠠᠰᠢᠶ᠎ᠠ ᠪᠤᠷᠴᠠᠭ ᠤᠨ ᠦᠷ᠎ᠠ ᠡᠰᠡᠭᠦᠯ᠎ᠠ ᠨᠢᠭᠡᠨᠳᠡ ᠨᠢᠴᠠᠯᠤᠭᠰᠠᠨ ᠬᠠᠰᠢᠶ᠎ᠠ | ᠪᠤᠷᠴᠠᠭ ᠤᠨ ᠦᠷ᠎ᠠ ᠶᠢ 15 ᠭᠷᠠᠮ ᠰᠢᠭᠤᠳ ᠴᠢᠢᠯᠡᠵᠦ ᠤᠤᠭᠤᠨ᠎ᠠ︔ ᠵᠠᠩᠰᠢᠯ ᠤᠨ ᠴᠢᠨᠠᠷᠳᠠᠢ ᠬᠤᠷᠭᠤᠰᠤᠯᠠᠳᠠᠭ | ᠬᠦᠮᠦᠰ ᠬᠠᠭᠤᠷᠤᠭᠰᠠᠨ ᠬᠠᠰᠢᠶ᠎ᠠ ᠪᠤᠷᠴᠠᠭ ᠤᠨ ᠦᠷ᠎ᠠ ᠶᠢ 10 — 15 ᠭᠷᠠᠮ ᠨᠢᠴᠠᠯᠵᠤ᠂ ᠲᠡᠭᠡᠷ᠎ᠠ ᠨᠢ 300 | — 400 ᠮᠢᠯᠢᠭᠷᠡᠮ ᠤᠰᠤ ᠨᠡᠮᠡᠵᠦ᠂ 10 ᠮᠢᠨᠦ᠋ᠲ ᠪᠤᠴᠠᠯᠭᠠᠭᠠᠳ᠂ 20 — 30 ᠭᠷᠠᠮ ᠵᠦᠭᠡᠢ ᠶᠢᠨ ᠪᠠᠯ | ᠬᠢᠵᠦ ᠬᠤᠳᠬᠤᠭᠠᠳ ᠦᠷᠯᠦᠭᠡ ᠦᠳᠡᠰᠢ ᠤᠤᠭᠤᠪᠠᠯ ᠰᠠᠶᠢᠨ᠃ ᠬᠤᠳᠤᠭᠤᠳᠤ ᠲᠠᠯᠢᠭᠦᠦ ᠪᠠᠷᠤᠭᠳᠠᠢ᠂ ᠴᠢᠴᠠᠭ᠎ᠠ | ᠠᠯᠳᠠᠭᠰᠠᠳ ᠤᠤᠭᠤᠬᠤ ᠳᠤ ᠲᠤᠬᠢᠷᠠᠬᠤ ᠦᠭᠡᠢ᠃ | |