ᠭᠠᠰᠢᠭᠤᠨ ᠬᠠᠶᠢᠷᠬᠠᠨ
ᠨᠡᠶᠢᠲᠡᠯᠡᠭᠰᠡᠨ ᠴᠠᠭ᠄
2014/4/25
        ᠭᠠᠰᠢᠭᠤᠨ ᠬᠠᠶᠢᠷᠬᠠᠨ — ᠠᠴᠬᠠᠭᠤᠯᠠ ᠰᠤᠮᠤᠨ ︵ᠤᠳᠤ ᠲᠠᠷᠬᠠᠬᠠᠭᠤᠯᠠ ᠰᠤᠮᠤᠨ ᠳᠤ ᠨᠡᠶᠢᠯᠡᠬᠦᠯᠵᠠᠢ︶᠎ ᠤ ᠪᠤᠭᠤᠷᠵᠢᠩ ᠭᠠᠴᠠᠭ᠎ᠠ ᠶᠢᠨ ᠠᠷᠤ ᠳᠤ ᠰᠦᠨᠳᠡᠷᠯᠡᠵᠤ ᠪᠠᠶᠢᠬᠤ ᠲᠠᠯᠠᠢ ᠶᠢᠨ ᠲᠦᠪᠰᠢᠨ ᠠᠴᠠ 1561 ᠮᠧᠲᠷ ᠦᠨᠳᠤᠷ ᠠᠭᠤᠯᠠ ᠶᠢ ᠭᠠᠰᠢᠭᠤᠨ ᠬᠠᠶᠢᠷᠬᠠᠨ ᠬᠡᠳᠡᠭ᠃ ᠡᠨᠡ ᠬᠠᠶᠢᠷᠬᠠᠨ ᠨᠢ ᠠᠶᠢᠮᠠᠭ ᠪᠦᠯᠦᠭ ᠎ ᠤᠨ ᠬᠠᠶᠢᠷᠬᠠᠨ ᠶᠤᠮ᠂ ᠤᠭ ᠤᠨ ︽ᠪᠤᠷᠭᠠᠰᠤ ᠲᠤᠬᠤᠢ︾᠎ ᠶᠢᠨ ᠪᠠᠷᠠᠭᠤᠨ ᠰᠢᠯᠢ᠂ ︽ᠠᠳᠤᠭᠤᠨ ᠴᠢᠯᠠᠭᠤ︾᠂ ︽ᠭᠠᠭᠴᠠ ᠮᠤᠳᠤ︾ ᠬᠡᠳᠡᠭ ᠭᠠᠵᠠᠷ ᠢᠶᠠᠷ ᠨᠡᠬᠦᠳᠡᠯᠯᠡᠨ ᠰᠠᠭᠤᠳᠠᠭ ᠮᠤᠩᠭᠤᠯᠴᠤᠳ ᠠᠯᠢ ᠡᠷᠳᠡ ᠠᠴᠠ ᠪᠠᠨ ᠦᠶ᠎ᠡ ᠤᠯᠠᠷᠢᠨ ᠲᠡᠬᠢᠵᠤ ᠰᠢᠳᠦᠳᠡᠭ ᠪᠠᠶᠢᠵᠠᠢ᠃ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠬᠤᠷᠢᠨ ᠬᠤᠶᠠᠷ ᠤᠨ ᠡᠳᠤᠷ ᠠᠶᠢᠮᠠᠭ ᠪᠦᠯᠦᠭ ᠢᠶᠠᠷ ᠢᠶᠠᠨ ᠬᠠᠮᠳᠤᠷᠠᠵᠤ᠂ ᠠᠶᠢᠯ ᠤᠨ ᠲᠤᠮᠤᠭᠠᠳᠠᠨ ᠨᠠᠷ ᠨᠢ ᠵᠤᠬᠢᠶᠠᠨ ᠪᠠᠶᠢᠭᠤᠯᠤᠨ᠂ ᠦᠷ ᠤᠨ ᠭᠡᠭᠡ ᠰᠠᠴᠤᠷᠠᠬᠤ ᠦᠶ᠎ᠡ ᠪᠠᠷ ᠬᠠᠶᠢᠷᠬᠠᠨ ᠤᠪᠤᠭᠠᠨ ᠳᠠᠭᠠᠨ ᠵᠠᠪᠳᠤᠨ ᠬᠦᠷᠴᠤ᠂ ᠤᠪᠤᠭᠠᠨ ᠳᠠᠭᠠᠨ ᠰᠢᠨ᠎ᠠ ᠰᠤᠷᠭᠤᠭ ᠪᠤᠷᠭᠠᠰᠤ ᠮᠤᠳᠤ ᠨᠡᠮᠡᠷᠢᠯᠡᠨ ᠰᠢᠨᠡᠳᠬᠡᠨ ᠴᠢᠮᠡᠭᠯᠡᠵᠤ᠂ ᠲᠤᠰᠬᠠᠢ ᠵᠠᠯᠠᠭᠰᠠᠨ ᠯᠠᠮᠠ ᠎ ᠪᠠᠷ ᠲᠠᠬᠢᠯᠭ᠎ᠠ ᠶᠢᠨ ᠨᠤᠮ ᠰᠤᠳᠤᠷ ᠤᠩᠰᠢᠭᠤᠯᠤᠨ᠂ ᠵᠤᠯᠠ ᠬᠦᠵᠢ ᠡᠷᠬᠦᠨ᠂ ᠰᠢᠬᠦᠰᠤ ᠴᠠᠭᠠᠨ ᠢᠳᠡᠭᠡ ᠲᠠᠯᠪᠢᠵᠤ ᠠᠶᠢᠯ ᠡᠷᠦᠬᠡ ᠶᠢᠨ ᠢᠶᠠᠨ ᠠᠯᠢᠪᠠ ᠦᠢᠯᠡᠰ ᠢᠶᠠᠨ ︽ᠡᠴᠢᠬᠡ ᠲᠡᠭᠷᠢ᠂ ᠡᠬᠡ ᠲᠠᠯᠡᠬᠡᠢ᠂ ᠬᠠᠶᠢᠷᠬᠠᠨ ᠤᠪᠤᠭ᠎ᠠ︾ ᠎ ᠳᠠᠭᠠᠨ ᠲᠠᠭᠠᠳᠬᠠᠵᠤ ᠮᠦᠷᠬᠦᠳᠡᠭ ᠵᠠᠩᠰᠢᠯ ᠲᠠᠢ᠃ ᠬᠠᠶᠢᠷᠬᠠᠨ ᠢᠶᠠᠨ ᠲᠠᠬᠢᠵᠤ ᠪᠠᠷᠠᠪᠠᠯ ᠨᠠᠶᠢᠷ ᠤᠨ ᠲᠠᠯᠠᠪᠠᠢ ᠳᠤ ᠪᠤᠴᠠᠨ ᠢᠷᠡᠵᠤ ᠨᠠᠭᠠᠳᠤᠮ ᠡᠬᠦᠰᠬᠡᠨ᠂ ᠴᠦᠬᠡᠨ ᠲᠤᠭᠠᠨ ᠤ ᠪᠦᠬᠡ ᠪᠠᠷᠢᠯᠳᠤᠭᠤᠯᠵᠤ ︵ᠤᠯᠠᠩᠬᠢ ᠳᠠᠭᠠᠨ ᠭᠤᠴᠢᠨ ᠬᠤᠶᠠᠷ ᠬᠤᠤᠰ ᠪᠦᠬᠡ︶᠂ ᠮᠤᠷᠢ ᠤᠷᠤᠯᠳᠤᠭᠤᠯᠵᠤ ᠲᠡᠷᠢᠬᠦᠨ ᠲᠠᠳ᠋ ᠢ ᠱᠠᠩᠨᠠᠳᠠᠭ ᠪᠠᠶᠢᠵᠠᠢ᠃ ᠬᠠᠶᠢᠷᠬᠠᠨ ᠲᠠᠬᠢᠯᠭ᠎ᠠ ᠨᠢ ᠴᠢᠯᠦᠬᠡᠯᠡᠭᠳᠡᠬᠦ ᠠᠴᠠ ᠡᠮᠤᠨᠡᠬᠡᠨ ᠪᠤᠯᠳᠠᠯ᠎ᠠ ᠵᠢᠯ ᠪᠦᠷᠢ ᠶᠠᠪᠤᠭᠳᠠᠵᠤ ᠪᠠᠶᠢᠭᠰᠠᠭᠠᠷ ᠭᠠᠵᠠᠷ ᠰᠢᠷᠤᠢ ᠶᠢᠨ ᠦᠬᠡᠷᠡᠴᠢᠯᠡᠯᠳᠠ ᠪᠤᠯᠬᠤ ᠳᠤ ᠵᠤᠭᠰᠤᠵᠠᠢ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠤᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号