| ᠬᠡᠰᠢᠭᠳᠡᠨ ᠤ ᠠᠯᠳᠠᠷᠳᠤ ᠠᠭᠤᠯᠠ ᠨᠢᠷᠤᠭᠤᠳ ᠤᠨ ᠭᠤᠶᠤ ᠦᠵᠡᠮᠵᠢᠳᠤ ᠭᠠᠵᠠᠷ ᠤᠨ ᠨᠢᠭᠡ | ᠪᠤᠯᠬᠤ ᠲᠡᠯᠡᠬᠡᠢ ᠲᠡᠭᠡᠷ᠎ᠡ ᠬᠤᠪᠤᠷᠬᠠᠨ ᠤᠯᠠᠭᠠᠨ ᠭᠠᠴᠤᠷ᠎ᠠ ᠨᠠᠷᠠᠰᠤ ᠪᠠᠷ ᠬᠤᠴᠢᠭᠳᠠᠭᠰᠠᠨ ᠬᠤᠶᠢᠨ᠎ᠠ ᠡᠮᠤᠨ᠎ᠠ ᠪᠠᠨ | ᠤᠨᠳᠤᠷᠤᠮᠠᠯ ᠰᠠᠶᠢᠬᠠᠨ ᠪᠤᠯᠠᠭ ᠭᠤᠷᠤᠭ᠎ᠠ ᠲᠠᠢ ᠠᠷᠤ ᠦᠪᠦᠷ ᠢᠶᠠᠷ ᠢᠶᠠᠷ ᠤᠷᠤᠰᠬᠠᠯ ᠲᠤᠩᠭᠠᠯᠠᠭ ᠭᠤᠤᠯ ᠲᠠᠢ᠂ | ᠪᠠᠶᠢᠭᠠᠯᠢ ᠶᠢᠨ ᠦᠵᠡᠮᠵᠢ ᠪᠠᠷ ᠬᠦᠮᠦᠰ ᠤᠨ ᠪᠠᠭ᠋ᠠᠷᠤᠯ ᠢ ᠲᠠᠳᠠᠭᠰᠠᠨ ᠲᠠᠯᠠᠶᠢᠨᠠᠭᠤᠷ ᠰᠤᠮᠤᠨ ᠤ ᠵᠡᠬᠦᠨ ᠪᠡᠶ᠎ᠡ ᠳᠤ | ᠪᠠᠶᠢᠷᠢᠰᠢᠵᠤ ᠪᠠᠶᠢᠭ᠎ᠠ ᠲᠠᠯᠠᠢ ᠶᠢᠨ ᠲᠦᠪᠰᠢᠨ ᠠᠴᠠ ᠨᠢᠬᠡ ᠮᠢᠩᠭ᠎ᠠ ᠲᠦᠷᠪᠡᠨ ᠵᠠᠭᠤ ᠶᠡᠷᠡᠨ ᠨᠠᠢᠮᠠ ᠴᠡᠭ ᠨᠠᠢᠮᠠᠨ | ᠮᠧᠲᠷ ᠦᠨᠳᠤᠷ ᠠᠭᠤᠯᠠ ᠶᠢ ᠪᠠᠶᠠᠨᠵᠢᠷᠦᠬᠡ ᠬᠡᠵᠤ ᠨᠡᠷᠡᠯᠡᠳᠡᠭ᠃ ᠡᠨᠡᠬᠦ ᠭᠤᠶᠤ ᠦᠵᠡᠮᠵᠢᠳᠤ ᠠᠭᠤᠯᠠ ᠨᠢ ᠬᠤᠰᠢᠭᠤ | ᠵᠠᠰᠠᠭ ᠨᠤᠶᠠᠨ ᠤ ᠲᠤᠭᠳᠠᠭᠠᠭᠰᠠᠨ ᠬᠤᠰᠢᠭᠤ ᠲᠠᠶᠠᠭᠠᠷ ᠢᠶᠠᠨ ᠲᠡᠬᠢᠳᠠᠭ ᠰᠦᠯᠳᠠ ᠤᠪᠤᠭ᠎ᠠ ᠪᠤᠶᠤ᠃ | ᠬᠡᠰᠢᠭᠳᠡᠨ ᠤ ᠰᠦᠯᠳᠠ ᠤᠪᠤᠭ᠎ᠠ ᠨᠢ ᠤᠭ ᠲᠠᠭᠠᠨ ᠪᠤᠯᠳᠤ ᠠᠭᠤᠯᠠ ᠶᠢᠨ ᠦᠨᠳᠦᠷᠯᠢᠭ ᠲᠤ | ᠪᠠᠶᠢᠵᠠᠢ᠃ ᠬᠤᠵᠢᠮ ᠨᠢ ᠲᠡᠷᠡᠬᠦ ᠠᠭᠤᠯᠠ ᠠᠴᠠ ᠰᠦᠯᠳᠠ ᠤᠪᠤᠭ᠎ᠠ ᠪᠠᠨ ᠰᠢᠯᠵᠢᠬᠦᠯᠦᠨ ᠪᠠᠶᠠᠨᠵᠢᠷᠦᠬᠡ ᠠᠭᠤᠯᠠᠨ | ᠳᠤ ᠲᠤᠭᠳᠠᠭᠠᠵᠤ᠂ ᠬᠤᠰᠢᠭᠤᠨ ᠤ ᠰᠦᠯᠳᠠ ᠤᠪᠤᠭ᠎ᠠ ᠪᠤᠯᠭᠠᠵᠠᠢ᠃ ᠶᠠᠭᠤᠨ ᠳᠤ ᠰᠦᠯᠳᠠ ᠤᠪᠤᠭ᠎ᠠ ᠪᠠᠨ | ᠨᠡᠬᠦᠯᠬᠡᠵᠤ ᠠᠳᠠ ᠠᠪᠴᠢᠷᠠᠭᠰᠠᠨ ᠪᠤᠢ︖ ᠬᠡᠪᠡᠯ᠂ ᠠᠷᠠᠳ ᠤᠨ ᠲᠤᠮᠤᠭ ᠶᠠᠷᠢᠶᠠᠨ ᠳᠤ ᠢᠩᠬᠢᠵᠤ ᠦᠬᠦᠯᠡᠭᠳᠡᠳᠡᠭ | ᠄ | ᠴᠢᠩ ᠤᠯᠤᠰ ᠤᠨ ᠡᠩᠬᠡ ᠠᠮᠤᠭᠤᠯᠠᠩ ᠬᠠᠭᠠᠨ ᠤ ᠦᠶ᠎ᠡ ᠳᠤ ︵1688 ᠤᠨ ᠤ ᠦᠶ᠎ᠡ | ᠪᠠᠷ︶ ᠦᠬᠡᠯᠡᠳ ᠮᠤᠩᠭᠤᠯ ᠤᠨ ᠭᠠᠯᠳᠠᠨ ᠪᠤᠱᠤᠭᠳᠤ᠂ ᠬᠠᠯᠬ᠎ᠠ ᠮᠤᠩᠭᠤᠯ ᠤᠨ ᠲᠦᠰᠢᠶᠡᠳᠤ ᠬᠠᠨ᠂ ᠰᠡᠴᠡᠨ ᠬᠠᠨ᠂ | ᠵᠠᠰᠠᠭᠳᠤ ᠬᠠᠨ ᠠᠶᠢᠮᠠᠭ ᠢ ᠲᠤᠪᠳᠤᠯᠤᠨ ᠡᠵᠡᠯᠡᠭᠰᠡᠨ ᠠᠴᠠ ᠭᠤᠷᠪᠠᠨ ᠬᠠᠨ ᠠᠶᠢᠮᠠᠭ ᠤᠨ ᠠᠷᠪᠠᠨ ᠲᠦᠮᠡᠨ ᠠᠷᠠᠳ | ᠢᠷᠬᠡᠨ ᠢᠶᠠᠨ ᠲᠠᠭᠠᠭᠤᠯᠤᠨ ᠴᠢᠩ ᠤᠯᠤᠰ ᠤᠨ ᠡᠵᠡᠨ ᠬᠠᠭᠠᠨ ᠤ ᠦᠮᠦᠬᠡᠯᠡᠬᠦ ᠲᠤᠰᠠᠯᠠᠮᠵᠢ ᠶᠢ ᠭᠤᠶᠤᠴᠢᠯᠠᠨ | ᠲᠡᠬᠦᠨ ᠤ ᠡᠯᠢᠬᠡᠨ ᠳᠤ ᠰᠢᠷᠭᠤᠵᠤ ᠨᠡᠬᠦᠳᠡᠯᠯᠡᠨ ᠤᠷᠤᠵᠤ ᠢᠷᠡᠵᠤ ᠪᠢᠯᠡ᠃ ᠲᠤᠬᠠᠢ ᠶᠢᠨ ᠦᠶ᠎ᠡ ᠳᠤ ᠲᠦᠰᠢᠶᠡᠳᠤ | ᠬᠠᠨ ᠤ ᠤᠭᠰᠠᠭ᠎ᠠ ᠪᠤᠯᠬᠤ ᠠᠷᠤ ᠪᠤᠭᠳᠠ — ᠵᠢᠪᠽᠤᠨᠳᠠᠮᠪᠠ ᠬᠤᠳᠤᠭᠳᠤ ᠪᠤᠭᠳᠠ ᠨᠢᠬᠡ ᠪᠦᠯᠦᠭ ᠯᠠᠮᠠ | ᠬᠤᠸᠠᠷᠠᠭ ᠢᠶᠠᠨ ᠲᠠᠭᠠᠭᠤᠯᠤᠨ ᠴᠢᠩ ᠤᠯᠤᠰ ᠤᠨ ᠵᠦᠭ ᠲᠤᠳᠠᠭᠠᠵᠤ ᠬᠡᠰᠢᠭᠳᠡᠨ ᠨᠤᠳᠤᠭ ᠤᠨ ᠪᠠᠶᠠᠨᠵᠢᠷᠦᠬᠡ | ᠠᠭᠤᠯᠠ ᠶᠢᠨ ᠡᠩᠬᠡᠷ ᠲᠤ ᠲᠦᠷ ᠨᠤᠳᠤᠭᠯᠠᠨ ᠰᠠᠭᠤᠵᠤ ᠬᠡᠨ᠎ᠡ᠃ ᠲᠡᠷᠡ ᠦᠶ᠎ᠡ ᠳᠤ ᠪᠠᠶᠠᠨᠵᠢᠷᠦᠬᠡ ᠶᠢᠨ ᠤᠯᠠᠭᠠᠨ | ᠭᠠᠴᠤᠷ᠎ᠠ ᠨᠠᠷᠠᠰᠤ ᠬᠡᠪᠴᠢᠶ᠎ᠡ ᠪᠠᠷ ᠦᠷᠬᠡᠨ᠂ ᠰᠠᠬᠤᠯᠢᠭ ᠢᠭᠴᠤ ᠪᠠᠶᠢᠵᠤ᠂ ᠭᠠᠳᠠᠨ᠎ᠠ ᠲᠠᠯ᠎ᠠ ᠠᠴᠠ ᠲᠤᠳᠤᠭᠰᠢ ᠪᠠᠨ | ᠤᠷᠤᠬᠤ ᠳᠤ ᠬᠦᠴᠢᠷ ᠪᠡᠷᠬᠡ ᠲᠠᠢ᠂ ᠨᠠᠷᠠᠰᠤᠨ ᠤᠢ ᠲᠤᠳᠤᠷᠡᠬᠢ ᠶᠠᠭᠤᠮ᠎ᠠ ᠶᠢ ᠭᠠᠳᠠᠨ᠎ᠠ ᠲᠠᠯ᠎ᠠ ᠠᠴᠠ ᠦᠵᠡᠬᠦ ᠳᠤ | ᠪᠡᠷᠬᠡ ᠲᠠᠢ ᠢᠭᠴᠤ ᠤᠢ ᠪᠠᠶᠢᠵᠠᠢ᠃ ᠵᠢᠪᠽᠤᠨᠳᠠᠮᠪᠠ ᠪᠤᠭᠳᠠ ᠠᠳᠠ ᠨᠤᠳᠤᠭᠯᠠᠨ ᠰᠠᠭᠤᠵᠤ ᠪᠠᠶᠢᠬᠤ ᠳᠠᠭᠠᠨ | ᠪᠠᠶᠠᠨᠵᠢᠷᠦᠬᠡ ᠶᠢᠨ ᠤᠷᠬᠢᠯ ᠲᠡᠭᠡᠷ᠎ᠡ ᠪᠡᠶ᠎ᠡ ᠪᠠᠷ ᠢᠶᠠᠨ ᠮᠤᠷᠢᠯᠠᠨ ᠭᠠᠷᠴᠤ᠂ ᠬᠠᠳᠠᠭ ᠪᠡᠯᠡᠭᠯᠡᠨ ᠲᠠᠷᠤᠵᠤ ᠲᠠᠯᠪᠢᠭᠰᠠᠨ | ᠬᠡᠨ᠎ᠡ᠃ 1690 ᠤᠨ ᠤ ᠨᠠᠮᠤᠷ ᠭᠠᠯᠳᠠᠨ ᠪᠤᠱᠤᠭᠳᠤ ︽ᠤᠯᠠᠭᠠᠨ ᠪᠤᠳᠤᠩ︾ ᠬᠡᠳᠡᠭ ᠭᠠᠵᠠᠷ ᠲᠤ ᠴᠢᠩ ᠤᠯᠤᠰ | ᠤᠨ ᠴᠡᠷᠢᠭ ᠲᠠᠢ ᠪᠠᠶᠢᠯᠳᠤᠭᠠᠨ ᠬᠢᠵᠤ ᠢᠯᠠᠭᠳᠠᠭᠠᠳ ᠪᠠᠷᠠᠭᠤᠨᠰᠢ ᠲᠤᠳᠠᠭᠠᠨ ᠶᠠᠪᠤᠭᠰᠠᠨ ᠤ ᠲᠠᠷᠠᠭ᠎ᠠ ᠬᠠᠯᠬ᠎ᠠ ᠶᠢᠨ | ᠭᠤᠷᠪᠠᠨ ᠬᠠᠨ ᠠᠶᠢᠮᠠᠭ ᠴᠢᠩ ᠤᠯᠤᠰ ᠤᠨ ᠴᠡᠷᠢᠭ ᠤᠨ ᠬᠠᠮᠠᠭᠠᠯᠠᠯᠳᠠ ᠪᠠᠷ ᠬᠠᠯᠬ᠎ᠠ ᠨᠤᠳᠤᠭ ᠲᠠᠭᠠᠨ ᠪᠤᠴᠠᠨ | ᠶᠠᠪᠤᠵᠠᠢ᠂ ᠠᠷᠤ ᠪᠤᠭᠳᠠ ᠴᠦ ᠯᠠᠮᠠ ᠨᠠᠷ ᠢᠶᠠᠨ ᠲᠠᠭᠠᠭᠤᠯᠤᠨ ᠨᠤᠳᠤᠭᠯᠠᠨ ᠰᠠᠭᠤᠭᠰᠠᠨ ᠪᠠᠶᠠᠨᠵᠢᠷᠦᠬᠡ ᠠᠭᠤᠯᠠ ᠶᠢᠨ | ᠡᠩᠬᠡᠷ ᠠᠴᠠ ᠬᠠᠯᠬ᠎ᠠ ᠮᠤᠩᠭᠤᠯ ᠳᠠᠭᠠᠨ ᠪᠤᠴᠠᠨ ᠶᠠᠪᠤᠪᠠ᠃ ᠲᠡᠬᠦᠨ ᠤ ᠨᠡᠬᠦᠨ ᠶᠡᠪᠤᠭᠰᠠᠨ ᠤ ᠲᠠᠷᠠᠭ᠎ᠠ ᠪᠠᠶᠠᠨᠵᠢᠷᠦᠬᠡ | ᠶᠢᠨ ᠭᠠᠴᠤᠷ᠎ᠠ ᠨᠠᠷᠠᠰᠤ ᠠᠷᠤ ᠪᠤᠭᠳᠠ ᠶᠢᠨ ᠶᠠᠪᠤᠭᠰᠠᠨ ᠵᠠᠮ ᠢᠶᠠᠷ ᠬᠤᠶᠢᠰᠢ ᠪᠠᠨ ᠬᠤᠰᠢᠭᠤᠷᠠᠨ ᠴᠤᠪᠤᠷᠠᠯᠳᠤᠨ | ᠤᠷᠭᠤᠭᠰᠠᠭᠠᠷ ᠰᠢᠯᠵᠢᠨ ᠨᠡᠬᠦᠬᠦ ᠳᠤ᠂ ᠲᠤᠬᠠᠢ ᠶᠢᠨ ᠦᠶ᠎ᠡ ᠶᠢᠨ ᠬᠡᠰᠢᠭᠳᠡᠨ ᠵᠠᠰᠠᠭ ᠨᠤᠶᠠᠨ ᠵᠠᠷᠯᠢᠭ ᠤᠨ ᠪᠢᠴᠢᠭ | ᠨᠡᠶᠢᠳᠡᠯᠡᠵᠤ ︽ᠬᠡᠰᠢᠭᠳᠡᠨ ᠨᠤᠳᠤᠭ ᠠᠴᠠ ᠪᠠᠨ ᠬᠤᠶᠢᠰᠢ ᠤᠷᠭᠤᠵᠤ ᠶᠠᠪᠤᠬᠤ ᠪᠠᠨ ᠵᠤᠭᠰᠤᠬᠤ ᠬᠡᠷᠡᠭᠳᠡᠢ︾ ᠬᠡᠵᠤ | ᠬᠠᠮᠤᠭ ᠤᠨ ᠬᠤᠶᠢᠳᠤ ᠵᠠᠬ᠎ᠠ ᠳᠤ ᠲᠡᠷᠢᠬᠦᠯᠡᠨ ᠤᠷᠭᠤᠵᠤ ᠪᠠᠶᠢᠭᠰᠠᠨ ᠬᠤᠶᠠᠷ ᠭᠠᠴᠤᠷ᠎ᠠ ᠨᠠᠷᠠᠰᠤ ᠶᠢ ᠲᠡᠮᠤᠷ ᠬᠢᠨᠵᠢ | ᠪᠠᠷ ᠬᠤᠯᠪᠤᠨ ᠪᠦᠳᠦᠬᠦᠨ ᠲᠡᠮᠤᠷ ᠬᠤᠩᠬᠤᠨ ᠤᠨᠢᠰᠤ ᠪᠠᠷ ᠤᠨᠢᠰᠤᠯᠠᠨ ᠲᠠᠯᠪᠢᠭᠰᠠᠨ ᠬᠡᠨ᠎ᠡ᠃ ᠡᠨᠡᠬᠦ ᠲᠡᠮᠤᠷ | ᠤᠨᠢᠰᠤ ᠨᠢ ᠮᠢᠩᠭ᠎ᠠ ᠶᠢᠰᠦᠨ ᠵᠠᠭᠤᠨ ᠲᠦᠴᠢᠬᠡᠳ ᠤᠨ ᠬᠦᠷᠳᠡᠯ᠎ᠡ ᠲᠡᠷᠡ ᠬᠡᠪ ᠢᠶᠠᠷ ᠢᠶᠠᠨ ᠪᠠᠶᠢᠭᠰᠠᠨ ᠢ | ᠪᠠᠶᠠᠨᠵᠢᠷᠦᠬᠡ ᠤᠪᠤᠭᠠᠨ ᠤ ᠬᠠᠪᠢ ᠪᠠᠷ ᠨᠤᠳᠤᠭᠯᠠᠨ ᠰᠠᠭᠤᠭᠰᠠᠨ ᠮᠤᠩᠭᠤᠯᠴᠤᠳ ᠤᠯᠵᠤ ᠦᠵᠡᠯ᠎ᠡ ᠬᠡᠵᠤ | ᠤᠯᠠᠮᠵᠢᠯᠡᠨ ᠶᠠᠷᠢᠳᠠᠭ᠃ | ᠪᠠᠶᠠᠨᠵᠢᠷᠦᠬᠡ ᠶᠢᠨ ᠤᠷᠬᠢᠯ ᠳᠤ ᠠᠷᠤ ᠪᠤᠭᠳᠠ ᠦᠪᠡᠷ ᠤᠨ ᠭᠠᠷ ᠢᠶᠠᠷ ᠢᠶᠠᠨ ᠬᠠᠳᠠᠭ ᠡᠷᠬᠦᠨ | ᠲᠠᠷᠤᠭᠰᠠᠨ ᠤᠴᠢᠷ ᠢ ᠬᠡᠰᠢᠭᠳᠡᠨ ᠵᠠᠰᠠᠭ ᠨᠤᠶᠠᠨ ᠯᠠᠪᠯᠠᠨ ᠮᠡᠳᠡᠬᠡᠳ ᠡᠨᠡᠬᠦ ᠠᠭᠤᠯᠠ ᠤᠰᠤᠨ ᠤ ᠦᠵᠡᠮᠵᠢ | ᠪᠦᠷᠢᠳᠦᠭᠰᠡᠨ ᠦᠵᠡᠰᠬᠦᠯᠡᠩᠳᠤ ᠰᠠᠶᠢᠬᠠᠨ ᠭᠠᠵᠠᠷ ᠲᠤ ᠤᠤᠯ ᠤᠨ ᠪᠤᠯᠳᠤ ᠠᠭᠤᠯᠠ ᠲᠡᠭᠡᠷᠡᠬᠢ ᠬᠤᠰᠢᠭᠤ ᠰᠦᠯᠳᠠ | ᠤᠪᠤᠭ᠎ᠠ ᠪᠣᠯ ᠰᠢᠯᠵᠢᠬᠦᠯᠦᠨ ᠨᠡᠬᠦᠯᠬᠡᠵᠤ ᠪᠠᠶᠠᠨᠵᠢᠷᠦᠬᠡ ᠶᠢᠨ ᠠᠭᠤᠯᠠ ᠶᠢᠨ ᠤᠷᠬᠢᠯ ᠳᠤ ᠪᠤᠰᠬᠠᠬᠤ ᠪᠠᠷ ᠲᠤᠭᠳᠠᠵᠤ᠂ | ᠪᠢᠷᠠᠭᠤ ᠰᠦᠮ᠎ᠡ ᠶᠢᠨ ᠬᠤᠪᠢᠯᠭᠠᠨ ᠱᠠᠪᠷᠤᠩ — ᠲᠤᠩᠨᠠᠭᠤ ᠯᠠᠮᠠᠬᠠᠢ ᠪᠡᠶ᠎ᠡ ᠪᠠᠷ ᠢᠶᠠᠨ ᠪᠠᠶᠠᠨᠵᠢᠷᠦᠬᠡ ᠶᠢᠨ | ᠤᠷᠬᠢᠯ ᠲᠡᠭᠡᠷ᠎ᠡ ᠭᠠᠷᠴᠤ ᠪᠤᠮᠪᠤ ᠰᠠᠪᠠᠨ ᠳᠤ ᠠᠯᠳᠠ ᠮᠦᠩᠬᠦ ᠱᠢᠷᠦ ᠮᠡᠳᠤ ᠶᠢᠨ ᠡᠷᠳᠡᠨᠢᠰ ᠤᠨ ᠵᠦᠢᠯ ᠤᠨ ᠲᠡᠭᠡᠵᠢ | ᠪᠠ ᠲᠠᠪᠤᠨ ᠲᠠᠷᠢᠶ᠎ᠠ ᠶᠢᠨ ᠦᠷ᠎ᠡ ᠶᠢᠨ ᠲᠡᠭᠡᠵᠢ ᠵᠡᠷᠬᠡ ᠶᠢ ᠬᠢᠵᠤ᠂ ᠠᠮᠠᠰᠠᠷ ᠢ ᠨᠢ ᠪᠢᠳᠡᠬᠦᠯᠡᠨ ᠠᠷᠢᠭᠤᠳᠬᠠᠨ | ᠪᠤᠮᠪᠤᠯᠠᠵᠤ ᠲᠠᠯᠪᠢᠭᠠᠳ᠂ ᠴᠢᠯᠠᠭᠤᠨ ᠤᠪᠤᠭ᠎ᠠ ᠪᠤᠰᠬᠠᠵᠤ᠂ ᠲᠦᠪ ᠲᠤᠮᠳᠠ ᠨᠢ ᠰᠦᠯᠳᠠ — ᠳ᠋ᠤᠭ ᠮᠤᠳᠤ | ᠪᠤᠯᠠᠵᠤ᠂ ᠪᠠᠷᠠᠭᠤᠨᠰᠢ᠂ ᠵᠡᠬᠦᠨᠰᠢ ᠪᠠᠨ ᠲᠤᠰ ᠪᠦᠷᠢ ᠵᠢᠷᠭᠤᠭᠠᠨ ᠵᠢᠵᠢᠭ ᠱᠠᠪᠢ ᠤᠪᠤᠭ᠎ᠠ ᠤᠪᠤᠭᠠᠯᠠᠵᠤ᠂ ᠡᠮᠤᠨ᠎ᠠ | ᠲᠠᠯ᠎ᠠ ᠳᠤ ᠵᠡᠷᠬᠡᠴᠡᠭᠰᠡᠨ ᠬᠤᠶᠠᠷ ᠴᠢᠭᠠᠨ ᠪᠠᠭᠠᠨ᠎ᠠ ᠪᠤᠰᠬᠠᠵᠤ ᠬᠤᠰᠢᠭᠤ ᠵᠠᠰᠠᠭ ᠤᠨ ᠡᠬᠦᠳᠡᠨ ᠲᠡᠮᠳᠡᠭ ᠪᠤᠯᠭᠠᠵᠤ᠂ | ᠲᠡᠬᠢᠯᠭ᠎ᠠ ᠶᠢᠨ ᠨᠤᠮ ᠰᠤᠳᠤᠷ ᠢᠶᠠᠷ ᠲᠡᠬᠢᠵᠤ᠂ ᠬᠤᠰᠢᠭᠤ ᠵᠠᠰᠠᠭ ᠤᠨ ᠰᠦᠯᠳᠠ ᠤᠪᠤᠭ᠎ᠠ ᠪᠤᠯᠭᠠᠵᠠᠢ ᠬᠡᠨ᠎ᠡ᠃ | ᠪᠠᠶᠠᠨᠵᠢᠷᠦᠬᠡ ᠠᠭᠤᠯᠠ ᠶᠢ ᠬᠤᠰᠢᠭᠤ ᠵᠠᠰᠠᠭ ᠤᠨ ᠰᠦᠯᠳᠠ ᠤᠪᠤᠭ᠎ᠠ ᠪᠤᠯᠭᠠᠵᠤ ᠲᠠᠬᠢᠯᠭ᠎ᠠ ᠶᠠᠪᠤᠭᠤᠯᠤᠭᠠᠳ ᠤᠳᠤ | ᠪᠤᠯᠳᠠᠯ᠎ᠠ ᠭᠤᠷᠪᠠᠨ ᠵᠠᠭᠤ ᠢᠯᠡᠬᠦᠦ ᠵᠢᠯ ᠤᠨ ᠲᠡᠤᠬᠡ ᠲᠠᠢ ᠪᠤᠯᠵᠤ ᠪᠠᠶᠢᠨ᠎ᠠ᠃ | ᠬᠤᠰᠢᠭᠤ ᠵᠠᠰᠠᠭ ᠨᠤᠶᠠᠨ ᠠᠴᠠ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠳᠤᠭᠠᠷ | ᠰᠠᠷ᠎ᠠ ᠶᠢᠨ ᠡᠬᠢᠨ ᠢᠶᠠᠷ ᠦᠷᠦᠬᠡ ᠶᠢᠨ ᠲᠤᠪᠤ ︵ᠬᠦᠨ ᠨᠠᠭᠤᠷ ᠠᠴᠠ ᠪᠠᠷᠠᠭᠤᠨ ᠡᠮᠤᠨ᠎ᠠ᠂ ᠪᠠᠶᠠᠨᠬᠤᠰᠢᠭᠤ ᠬᠡᠳᠡᠭ | ᠭᠠᠵᠠᠷ ᠠᠴᠠ ᠪᠠᠷᠠᠭᠤᠨᠰᠢ᠂ ᠬᠦᠩᠬᠡᠷ ᠤᠨ ᠭᠤᠤᠯ ᠤᠨ ᠬᠤᠶᠢᠳᠤ ᠲᠡᠨᠵᠢᠨ ᠲᠡᠭᠡᠷ᠎ᠡ ᠪᠠᠶᠢᠬᠤ ᠠᠭᠤᠳᠠᠮ ᠰᠠᠷᠠᠭᠤᠯ | ᠲᠤᠪᠤ ᠭᠠᠵᠠᠷ ᠢ ᠤᠳᠤ ᠪᠤᠯᠳᠠᠯ᠎ᠠ ᠦᠷᠦᠬᠡ ᠶᠢᠨ ᠲᠤᠪᠤ ᠬᠡᠵᠤ ᠨᠡᠷᠡᠯᠡᠵᠤ ᠪᠤᠢ︶ ᠳᠤ ᠲᠦᠷᠪᠡᠨ ᠲᠤᠯᠭᠠᠭᠤᠷᠢ ᠲᠠᠢ | ᠲᠤᠮᠤ ᠮᠤᠩᠭᠤᠯ ᠬᠡᠷ ᠪᠤᠰᠬᠠᠵᠤ᠂ ᠪᠠᠭ᠎ᠠ ᠮᠤᠩᠭᠤᠯ ᠬᠡᠷ ᠪᠤᠯᠤᠨ ᠰᠧ ᠮᠠᠶᠢᠬᠠᠨ ᠵᠡᠷᠬᠡᠴᠡᠬᠦᠯᠦᠨ ᠪᠠᠷᠢᠵᠤ᠂ ᠬᠤᠰᠢᠭᠤ | ᠵᠠᠰᠠᠭ ᠨᠤᠶᠠᠨ ᠲᠡᠷᠢᠬᠦᠳᠠᠢ ᠲᠤᠰᠠᠯᠠᠭᠴᠢ᠂ ᠵᠠᠬᠢᠷᠤᠭᠴᠢ᠂ ᠡᠷᠬᠢᠮ ᠢᠵᠠᠭᠤᠷᠳᠠᠨ᠂ ᠲᠡᠭᠡᠳᠤ ᠲᠠᠪᠬᠤᠷᠭ᠎ᠠ ᠶᠢᠨ | ᠬᠡᠷᠬᠡᠮᠳᠠᠨ ᠯᠠᠮᠠ ᠨᠠᠷ ᠴᠤᠭᠯᠠᠷᠠᠨ ᠬᠤᠷᠠᠯ ᠬᠢᠵᠤ᠂ ᠵᠠᠰᠠᠭ ᠲᠦᠷᠦ ᠶᠢᠨ ᠶᠠᠪᠤᠳᠠᠯ ᠢᠶᠠᠨ ᠵᠦᠪᠳᠡᠯᠴᠠᠨ ᠰᠦᠯᠳᠠ | ᠤᠪᠤᠭ᠎ᠠ ᠪᠠᠨ ᠲᠠᠬᠢᠳᠠᠭ ᠬᠡᠨ᠎ᠡ᠃ ᠪᠢᠯᠢᠭ ᠤᠨ ᠤᠯᠠᠷᠢᠯ ᠤᠨ ᠲᠠᠪᠤᠳᠤᠭᠠᠷ ᠰᠠᠷ᠎ᠠ ᠶᠢᠨ ᠠᠷᠪᠠᠨ ᠭᠤᠷᠪᠠᠨ ᠤ ᠡᠳᠤᠷ | ᠪᠤᠯᠬᠤ ᠳᠤ ᠦᠷ ᠤᠨ ᠴᠠᠭᠠᠨ ᠬᠡᠬᠡ ᠰᠤᠪᠤᠷᠠᠬᠤ ᠶᠢᠨ ᠡᠮᠤᠨ᠎ᠠ ᠬᠤᠰᠢᠭᠤ ᠵᠠᠰᠠᠭ ᠨᠤᠶᠠᠨ ᠲᠡᠷᠢᠬᠦᠯᠡᠨ ᠤᠯᠠᠨ ᠲᠠᠢ | ᠬᠠᠮᠳᠤ ᠪᠠᠷ ᠪᠠᠶᠠᠨᠵᠢᠷᠦᠬᠡ ᠶᠢᠨ ᠤᠪᠤᠭᠠᠨ ᠳᠤ ᠬᠦᠷᠴᠤ᠂ ᠦᠷ ᠴᠠᠶᠢᠮᠠᠭᠴᠠ ᠬᠤᠪᠢᠯᠭᠠᠨ ᠱᠠᠪᠷᠤᠩ ᠪᠤᠶᠤ ᠳ᠋ᠠ ᠯᠠᠮᠠ | ᠨᠢ ᠤᠪᠤᠭᠠᠨ ᠲᠠᠬᠢᠯᠭ᠎ᠠ ᠪᠠᠨ ᠡᠬᠢᠯᠡᠵᠤ᠂ ᠵᠤᠯᠠ ᠬᠦᠵᠢ ᠠᠰᠠᠭᠠᠨ᠂ ᠰᠢᠬᠦᠰᠤ ᠴᠠᠭᠠᠨ ᠢᠳᠡᠭᠡ ᠪᠠᠨ ᠡᠷᠬᠦᠨ | ᠲᠠᠯᠪᠢᠵᠤ᠂ ᠲᠠᠭᠢᠯᠭ᠎ᠠ ᠶᠢᠨ ᠨᠤᠮ ᠰᠤᠳᠤᠷ ᠢᠶᠠᠨ ᠤᠩᠰᠢᠵᠤ ᠲᠠᠬᠢᠯᠭ᠎ᠠ ᠶᠢᠨ ᠶᠤᠰᠤ ᠤᠴᠢᠷ ᠢᠶᠠᠨ ᠬᠦᠢᠴᠡᠳᠬᠡᠪᠠᠯ᠂ | ᠲᠡᠬᠢᠯᠭ᠎ᠠ ᠶᠢᠨ ᠯᠠᠮᠠ ᠪᠠᠨ ᠲᠠᠭᠠᠵᠤ᠂ ᠵᠠᠰᠠᠭ ᠨᠤᠶᠠᠨ ᠲᠡᠷᠢᠬᠦᠯᠡᠨ ᠪᠤᠰᠤᠳ ᠨᠤᠶᠠᠨ ᠲᠠᠷᠠᠭᠠᠯᠠᠨ᠂ ᠠᠷᠠᠳ ᠤᠯᠠᠨ | ᠲᠠᠭᠠᠯᠳᠤᠵᠤ ᠤᠪᠤᠭ᠎ᠠ ᠪᠠᠨ ᠵᠦᠪ ᠢᠶᠠᠷ ᠭᠤᠷᠪᠠ ᠡᠷᠬᠢᠨ᠂ ᠠᠷᠢᠬᠢ ᠲᠠᠷᠠᠰᠤ ᠰᠢᠬᠦᠰᠤ᠂ ᠴᠠᠭᠠᠨ ᠢᠳᠡᠬᠡᠨ ᠤ | ᠳᠡᠭᠡᠵᠢ ᠪᠠᠨ ᠰᠠᠴᠤᠯᠢ ᠡᠷᠬᠦᠨ᠂ ᠠᠯᠢᠪᠠ ᠦᠢᠯᠡᠰ ᠢᠶᠠᠨ ᠨᠠᠮᠠᠨᠴᠢᠯᠠᠨ ᠲᠠᠭᠠᠳᠬᠠᠵᠤ᠂ ᠬᠡᠰᠢᠭ ᠪᠤᠶᠠᠨ ᠢᠶᠠᠨ | ᠬᠤᠷᠤᠶᠢᠯᠠᠨ ᠲᠠᠯᠠᠯᠭ᠎ᠠ ᠠᠪᠤᠪᠠᠯ ᠲᠠᠬᠢᠯᠭ᠎ᠠ ᠳᠡᠬᠦᠰᠳᠡᠭ᠃ ᠲᠠᠬᠢᠯᠭ᠎ᠠ ᠶᠢᠨ ᠶᠤᠰᠤ ᠤᠴᠢᠷ ᠢᠶᠠᠨ ᠬᠦᠢᠴᠡᠳᠬᠡᠪᠡᠯ | ᠨᠠᠶᠢᠷ ᠤᠨ ᠲᠠᠯᠠᠪᠠᠢ ᠳᠠᠭᠠᠨ ᠪᠤᠴᠠᠨ ᠢᠷᠡᠵᠤ᠂ ᠮᠤᠩᠭᠤᠯᠴᠤᠳ ᠤᠨ ᠬᠦᠷ ᠬᠦᠭᠵᠢᠶᠡᠨ ᠲᠠᠢ ᠨᠠᠶᠢᠷ ᠨᠠᠭᠠᠳᠤᠮ | ᠶᠠᠪᠤᠭᠳᠠᠵᠤ ᠡᠬᠢᠯᠡᠳᠡᠭ᠃ ᠡᠷ᠎ᠡ ᠶᠢᠨ ᠭᠤᠷᠪᠠᠨ ᠨᠠᠭᠠᠳᠤᠮ ᠳᠤ ᠪᠦᠬᠡ ᠪᠠᠷᠢᠯᠳᠤᠬᠤ᠂ ᠮᠤᠷᠢ ᠤᠷᠤᠯᠳᠤᠬᠤ ᠪᠠᠷ | ᠭᠤᠤᠯ ᠠᠭᠤᠯᠭ᠎ᠠ ᠪᠤᠯᠭᠠᠵᠤ᠂ ᠨᠤᠮᠤ ᠰᠤᠮᠤ ᠬᠠᠷᠪᠤᠬᠤ ᠮᠡᠳᠤ ᠶᠢᠨ ᠦᠨᠳᠤᠰᠤᠳᠠᠨ ᠤ ᠦᠪᠡᠷᠮᠢᠴᠠ ᠤᠨᠴᠠᠯᠢᠭ ᠲᠠᠢ | ᠤᠷᠤᠯᠳᠤᠭᠠᠨ ᠶᠠᠪᠤᠭᠤᠯᠵᠤ᠂ ᠲᠡᠷᠢᠬᠦᠨ ᠲᠡᠳ᠋ ᠢ ᠰᠢᠯᠭᠠᠷᠠᠭᠤᠯᠤᠨ ᠱᠠᠩᠨᠠᠨ ᠬᠦᠬᠢᠬᠦᠯᠵᠤ᠂ ᠴᠤᠯᠠ ᠢᠷᠦᠬᠡᠯ | ᠲᠠᠭᠤᠳᠠᠵᠤ᠂ ᠬᠠᠮᠳᠤ ᠪᠠᠷ ᠢᠶᠠᠨ ᠨᠠᠶᠢᠷ ᠪᠠᠶᠠᠷ ᠡᠬᠦᠰᠬᠡᠨ ᠤᠪᠤᠭ᠎ᠠ ᠰᠦᠯᠳᠠ ᠶᠢᠨ ᠢᠶᠠᠨ ᠨᠠᠪᠳᠠᠭ ᠰᠠᠪᠳᠠᠭ ᠢ | ᠪᠠᠶᠠᠰᠬᠠᠳᠠᠭ ᠵᠠᠩᠰᠢᠯ ᠤᠳᠤ ᠪᠤᠯᠳᠠᠯ᠎ᠠ ᠤᠯᠠᠮᠵᠢᠯᠠᠭᠳᠠᠭᠰᠠᠭᠠᠷ ᠪᠠᠶᠢᠨ᠎ᠠ᠃ | |