| ᠬᠡᠰᠢᠭᠳᠡᠨ ᠬᠤᠰᠢᠭᠤᠨ ᠤ ᠡᠮᠤᠨ᠎ᠠ ᠪᠡᠶ᠎ᠡ ᠪᠠᠷ ᠵᠠᠬ᠎ᠠ ᠨᠡᠶᠢᠯᠡᠨ ᠨᠤᠳᠤᠭᠯᠠᠵᠤ ᠪᠠᠶᠢᠭ᠎ᠠ ᠾᠧᠪᠸᠢ | ᠮᠤᠵᠢ ᠶᠢᠨ ᠸᠧᠢᠢᠴᠠᠩ ᠰᠢᠶᠠᠨ ᠪᠤᠯᠬᠤ ᠮᠠᠨᠵᠤ᠂ ᠮᠤᠩᠭᠤᠯ ᠦᠨᠳᠤᠰᠤᠳᠠᠨ ᠤ ᠦᠪᠡᠷᠳᠡᠬᠡᠨ ᠵᠠᠰᠠᠬᠤ ᠰᠢᠶᠠᠨ ᠪᠤᠯᠤᠨ | ᠬᠡᠰᠢᠭᠳᠡᠨ ᠬᠤᠰᠢᠭᠤᠨ ᠤ ᠵᠠᠭᠠᠭ ᠬᠢᠯᠢ ᠶᠢᠨ ᠲᠤᠳᠤᠷ᠎ᠠ ᠪᠢᠭᠠ ᠰᠠᠶᠢᠬᠠᠨ ᠬᠠᠶᠢᠷᠬᠠᠨ ᠵᠤ ᠬᠡᠳᠡᠭ ᠠᠭᠤᠯᠠ ᠶᠢᠨ | ᠤᠷᠤᠢ ᠲᠡᠭᠡᠷ᠎ᠡ ᠡᠷᠳᠡ ᠤᠷᠢᠳᠤ ᠴᠠᠭ ᠴᠢᠯᠠᠭᠤ ᠪᠠᠷ ᠤᠪᠤᠭ᠎ᠠ ᠪᠤᠰᠠᠬᠵᠤ ᠲᠦᠪ ᠲᠤᠮᠳᠠ ᠨᠢ ᠰᠦᠯᠳᠡ ᠰᠢᠳᠦᠬᠡᠨ | — ᠳ᠋ᠤᠭ ᠮᠤᠳᠤ ᠶᠢ ᠪᠤᠯᠠᠵᠤ ᠪᠤᠷᠭᠠᠰᠤ ᠮᠤᠳᠤ ᠪᠠᠷ ᠬᠦᠷᠢᠶᠡᠯᠡᠨ ᠴᠢᠮᠡᠵᠤ᠂ ᠤᠪᠤᠭᠠᠨ ᠤ ᠪᠠᠨ ᠵᠡᠬᠦᠨ ᠡᠮᠤᠨ᠎ᠡ ᠪᠠ | ᠪᠠᠷᠠᠭᠤᠨ ᠡᠮᠤᠨ᠎ᠠ ᠨᠢ ᠵᠡᠷᠬᠡᠴᠡᠭᠰᠡᠨ ᠬᠤᠶᠠᠷ ᠪᠠᠭᠠᠨ᠎ᠠ ᠪᠤᠰᠬᠠᠨ ᠪᠤᠯᠠᠵᠤ ᠬᠤᠰᠢᠭᠤ ᠵᠠᠰᠠᠭ ᠨᠤᠶᠠᠨ ᠤ ᠲᠡᠬᠢᠯ ᠤᠨ | ᠡᠬᠦᠳᠠᠨ ᠲᠡᠮᠳᠡᠭ ᠪᠤᠯᠭᠠᠭᠰᠠᠨ ᠶᠤᠮ᠃ ᠬᠠᠶᠢᠷᠬᠠᠨ ᠤᠪᠤᠭᠠᠨ ᠤ ᠵᠡᠬᠦᠨ᠂ ᠪᠠᠷᠠᠭᠤᠨ ᠲᠠᠯ᠎ᠠ ᠳᠤᠨᠢ ᠲᠤᠰ ᠪᠦᠷᠢ | ᠵᠢᠷᠭᠤᠭᠠᠨ ᠵᠢᠵᠢᠭ ᠱᠢᠪᠢ ᠤᠪᠤᠭ᠎ᠠ ᠤᠪᠤᠭᠠᠯᠠᠵᠤ᠂ ᠭᠤᠤᠯ ᠤᠪᠤᠭ᠎ᠠ ᠲᠠᠢ ᠪᠠᠨ ᠠᠷᠪᠠᠨ ᠭᠤᠷᠪᠠᠨ ᠤᠪᠤᠭ᠎ᠠ | ᠪᠤᠯᠭᠠᠨ ᠬᠤᠰᠢᠭᠤ ᠲᠠᠶᠠᠭᠠᠷ ᠢᠶᠠᠨ ᠰᠦᠰᠦᠭᠯᠡᠨ ᠲᠠᠬᠢᠳᠠᠭ ᠪᠠᠶᠢᠨ᠎ᠠ᠃ ︽ᠰᠠᠶᠢᠬᠠᠨ ᠬᠠᠶᠢᠷᠬᠠᠨ︾ ᠨᠢ ᠲᠠᠯᠠᠢ ᠶᠢᠨ | ᠲᠦᠪᠰᠢᠨ ᠠᠴᠠ ᠨᠢᠬᠡ ᠮᠢᠩᠭ᠎ᠠ ᠲᠤᠯᠤᠭᠠᠨ ᠵᠠᠭᠤ ᠲᠠᠯᠠᠨ ᠶᠢᠰᠦᠨ ᠮᠧᠲᠷ ᠦᠨᠳᠤᠷ ᠲᠤ ᠰᠦᠨᠳᠡᠷᠯᠡᠵᠤ ᠪᠠᠶᠢᠬᠤ | ᠪᠦᠬᠡᠳ ᠡᠮᠤᠨ᠎ᠠ ᠵᠠᠬ᠎ᠠ ᡁᠢ ᠿᠦᠢ ᠰᠢᠶᠠᠩ ᠤᠨ ᠬᠡᠪᠴᠢᠶᠡᠨ ᠳᠤ ᠪᠠᠶᠢᠨ᠎ᠠ᠃ | ᠰᠢᠷ᠎ᠠ ᠶᠢᠨ ᠱᠠᠰᠢᠨ ᠤ ᠨᠦᠯᠦᠬᠡᠯᠡᠯ ᠢᠶᠠᠷ ᠬᠤᠵᠢᠮ ᠨᠢ ︽ᠰᠠᠶᠢᠬᠠᠨ ᠬᠠᠶᠢᠷᠬᠠᠨ︾ ᠳᠤ | ᠰᠠᠬᠢᠭᠤᠰᠤ ᠲᠦᠷᠢ ᠵᠢᠷᠤᠭᠯᠠᠨ ᠪᠦᠳᠦᠬᠡᠵᠤ ᠦᠨᠡᠮᠰᠢᠬᠦᠯᠦᠨ ᠰᠢᠳᠦᠬᠦ ᠪᠤᠯᠵᠠᠢ᠃ ᠲᠡᠷᠡ ᠨᠢ ᠨᠢᠬᠡᠨ ᠰᠠᠷᠠᠯ ᠮᠤᠷᠢ | ᠤᠨᠤᠭᠠᠳ ᠪᠠᠷᠠᠭᠤᠨ ᠭᠠᠷ ᠲᠠᠭᠠᠨ ᠮᠦᠩᠬᠦᠨ ᠴᠠᠭᠠᠨ ᠰᠡᠯᠡᠮ᠎ᠡ ᠪᠠᠷᠢᠵᠤ᠂ ᠵᠡᠬᠦᠨ ᠭᠠᠷ ᠲᠠᠭᠠᠨ ᠡᠷᠳᠡᠨᠢ ᠶᠢᠨ | ᠤᠯᠠᠭᠠᠨ ᠲᠡᠭᠡᠰᠤ ᠠᠳᠬᠤᠭᠰᠠᠨ ᠪᠡᠶ᠎ᠡ ᠳᠡᠭᠡᠨ ᠲᠡᠷᠯᠢᠭ ᠡᠮᠤᠰᠴᠤ᠂ ᠬᠦᠯ ᠳᠡᠭᠡᠨ ᠤᠯᠭᠠᠨ ᠪᠤᠯᠢᠭᠠᠷᠢ ᠭᠤᠳᠤᠯ | ᠡᠮᠦᠰᠦᠭᠰᠡᠨ ᠰᠦᠷ ᠵᠢᠪᠬᠤᠯᠠᠩᠳᠤ ᠲᠦᠷᠢ ᠲᠠᠢ᠃ ᠭᠠᠷ ᠲᠠᠭᠠᠨ ᠪᠠᠷᠢᠭᠰᠠᠨ ᠵᠢᠳᠠ ᠨᠢ ᠠᠯᠢᠪᠠ ᠠᠳᠠ ᠴᠢᠳᠬᠦᠷ ᠢ | ᠪᠠᠶᠢᠯᠳᠤᠨ ᠲᠠᠷᠤᠩᠭᠤᠶᠢᠯᠠᠵᠤ᠂ ᠡᠷᠳᠡᠨᠢ ᠶᠢᠨ ᠤᠯᠠᠭᠠᠨ ᠲᠡᠭᠡᠰᠤ ᠪᠠᠷ ᠮᠠᠭᠤ ᠡᠳᠡᠬᠡᠳ ᠬᠤᠯᠠᠭᠠᠢ ᠲᠡᠭᠡᠷᠡᠮ ᠢ ᠪᠠᠷᠢᠵᠤ | ᠠᠪᠤᠭᠠᠳ ᠤᠶᠠᠳᠠᠭ ᠬᠡᠨ᠎ᠡ᠃ | ᠬᠡᠰᠢᠭᠳᠡᠨ ᠤ ᠠᠷᠠᠳ ᠤᠨ ᠲᠤᠮᠤᠭ ᠶᠠᠷᠢᠶᠠᠨ ᠳᠤ᠂ ᠴᠢᠩ ᠤᠯᠤᠰ ᠤᠨ ᠦᠶ᠎ᠡ ᠳᠤ ᠤᠯᠤᠰ | ᠤᠨ ᠡᠵᠡᠨ ᠬᠠᠭᠠᠨ ᠡᠩᠬᠡ ᠠᠮᠤᠭᠤᠯᠠᠩ ᠨᠢᠬᠡ ᠵᠢᠯ ᠤᠨ ᠨᠠᠮᠤᠷ ᠤᠨ ᠰᠡᠬᠦᠯᠴᠢ ᠪᠠᠷ ᠠᠪᠠ ᠶᠢᠨ ᠠᠭᠤᠯᠠ ︵ᠾᠧᠪᠸᠢ | ᠮᠤᠵᠢ ᠶᠢᠨ ᠸᠧᠢᠢᠴᠠᠩ ᠰᠢᠶᠠᠨ ᠤ ᠬᠡᠪᠴᠢᠶᠡᠨ ᠳᠤ ᠪᠠᠶᠢᠨ᠎ᠠ︶ ᠳᠠᠭᠠᠨ ᠭᠠᠷᠴᠤ ᠠᠩ ᠠᠩᠨᠠᠵᠤ ᠪᠠᠶᠢᠭᠠᠳ ᠵᠠᠬ᠎ᠠ | ᠨᠡᠶᠢᠯᠡᠵᠤ ᠪᠠᠶᠢᠭ᠎ᠠ ᠬᠡᠰᠢᠭᠳᠡᠨ ᠤ ᠰᠠᠶᠢᠬᠠᠨ ᠵᠤ ᠬᠠᠶᠢᠷᠬᠠᠨ ᠠᠭᠤᠯᠠ ᠪᠠᠷ ᠠᠪᠠ ᠬᠦᠷᠦᠬᠡ ᠬᠢᠵᠤ ᠪᠠᠶᠢᠳᠠᠯ᠎ᠠ ᠬᠡᠨᠡᠳᠳᠡ | ᠲᠡᠭᠷᠢ ᠪᠦᠷᠬᠦᠶᠢᠵᠤ᠂ ᠰᠠᠯᠬᠢᠨ ᠰᠠᠯᠬᠢᠯᠠᠵᠤ ᠴᠠᠰᠤ ᠬᠠᠶᠠᠯᠠᠵᠠᠢ ᠬᠡᠨ᠎ᠡ᠃ ᠲᠠᠭᠠᠯᠳᠤᠨ ᠶᠠᠪᠤᠭ᠎ᠠ ᠰᠢᠳᠠᠷ ᠲᠦᠰᠢᠮᠡᠳ | ᠨᠢ ᠡᠵᠡᠨ ᠬᠠᠭᠠᠨ ᠳᠠᠭᠠᠨ᠄ ︽ᠰᠠᠯᠬᠢᠨ ᠭᠠᠷᠴᠤ ᠴᠠᠰᠤ ᠤᠷᠤᠯ᠎ᠠ᠂ ᠤᠳᠤ ᠠᠪᠠᠯᠠᠬᠤ ᠪᠠᠨ ᠪᠠᠶᠢᠵᠤ᠂ ᠦᠷᠳᠡᠭᠡ | ᠪᠠᠭᠤᠳᠠᠯ ᠪᠡᠯᠡᠳᠬᠡᠬᠦ ᠤᠤ︖︾ ᠬᠡᠵᠤ ᠵᠠᠷᠯᠢᠭ ᠵᠢᠭᠠᠪᠤᠷᠢ ᠬᠦᠯᠢᠶᠡᠵᠠᠢ᠃ ᠬᠠᠭᠠᠨ ᠡᠵᠡᠨ᠄ ︽ᠶᠠᠮᠠᠷ ᠴᠠᠰᠤ | ᠤᠷᠤᠵᠤ ᠪᠠᠶᠢᠨ᠎ᠠ︖︾ ᠬᠡᠵᠤ ᠬᠠᠮ ᠲᠡᠷᠬᠡᠨ ᠲᠤᠳᠤᠷ᠎ᠠ ᠠᠴᠠ ᠠᠰᠠᠭᠤᠵᠠᠢ᠃ ᠰᠢᠳᠠᠷ ᠲᠦᠰᠢᠮᠡᠳ ᠨᠢ᠄ ︽ | ᠴᠠᠭᠠᠨ ᠴᠠᠰᠤ ᠤᠷᠤᠵᠤ ᠪᠠᠶᠢᠨ᠎ᠠ︾ ᠬᠡᠵᠠᠢ᠃ ᠬᠠᠭᠠᠨ ᠡᠵᠡᠨ᠄ ︽ᠤᠯᠠᠭᠠᠨ ᠦᠩᠬᠡ ᠲᠠᠢ ᠴᠠᠰᠤ ᠤᠷᠤᠵᠤ ᠦᠭᠡᠢ | ᠪᠤᠯ ᠦᠷᠬᠦᠯᠵᠢᠯᠠᠨ ᠤᠷᠤᠭᠰᠢᠯᠠᠵᠤ ᠠᠪᠠᠯᠠᠬᠤ ᠬᠡᠷᠡᠭᠳᠠᠢ︾ ᠬᠡᠵᠤ ᠵᠠᠷᠯᠢᠭ ᠪᠤᠯᠵᠠᠢ ᠬᠡᠨ᠎ᠡ᠃ ᠲᠡᠮᠡᠢ ᠤᠳᠠᠯ ᠦᠬᠡᠢ | ᠠᠭᠤᠷ ᠠᠮᠢᠰᠬᠤᠯ ᠬᠦᠢᠳᠡᠷᠡᠨ᠂ ᠬᠤᠶᠢᠳᠤ ᠵᠦᠭ ᠠᠴᠠ ᠶᠡᠭᠡ ᠰᠠᠯᠬᠢᠨ ᠰᠠᠯᠬᠢᠯᠠᠵᠤ᠂ ᠴᠠᠭᠠᠨ ᠴᠠᠰᠤ ᠨᠢ ᠬᠤᠪᠢᠷᠠᠨ | ᠤᠯᠠᠭᠠᠪᠳᠤᠷ ᠦᠩᠬᠡ ᠶᠢᠨ ᠴᠠᠰᠤ ᠬᠠᠶᠠᠯᠠᠨ ᠪᠤᠷᠠᠵᠤ ᠨᠢᠳᠤ ᠨᠡᠬᠡᠬᠡᠬᠦ ᠶᠢᠨ ᠠᠷᠭ᠎ᠠ ᠦᠭᠡᠢ ᠶᠡᠭᠡ ᠰᠢᠭᠤᠷᠭᠠᠨ ᠭᠠᠷᠪᠠ | ᠃ ᠡᠨᠡᠬᠦ ᠪᠠᠶᠢᠳᠠᠯ ᠢ ᠲᠤᠤᠷᠠᠬᠢ ᠰᠢᠳᠠᠷ ᠲᠦᠰᠢᠮᠡᠳ ᠨᠢ ᠡᠩᠬᠡ ᠠᠮᠤᠭᠤᠯᠠᠩ ᠬᠠᠭᠠᠨ ᠳᠤ ᠮᠡᠳᠡᠬᠦᠯᠬᠦ ᠳᠤ ᠬᠠᠭᠠᠨ | ᠡᠵᠡᠨ᠄ ︽ᠡᠨᠡ ᠭᠠᠵᠠᠷ ᠤᠨ ᠠᠭᠤᠯᠠ ᠬᠠᠶᠢᠷᠬᠠᠨ ᠤ ᠡᠵᠡᠳ ᠰᠠᠬᠢᠭᠤᠯᠰᠤᠨ ᠬᠢᠯᠢᠩᠨᠡᠭᠰᠡᠨ ᠲᠤᠯᠠ ᠲᠠᠷᠤᠢ ᠲᠦᠷᠬᠡᠨ | ᠠᠪᠠᠯᠠᠬᠤ ᠪᠠᠨ ᠵᠤᠭᠰᠤᠵᠤ᠂ ᠠᠪᠠ ᠶᠢᠨ ᠠᠭᠤᠯᠠ ᠵᠦᠭ ᠢᠶᠠᠨ ᠪᠤᠴᠠᠵᠤ ᠦᠷᠳᠡᠭᠡ ᠪᠠᠭᠤᠳᠠᠯ ᠪᠡᠯᠡᠳᠬᠡᠵᠤ | ᠪᠠᠭᠤᠳᠤᠭᠠᠢ︾ ᠬᠡᠵᠤ ᠵᠠᠷᠯᠢᠭ ᠪᠠᠭᠤᠯᠭᠠᠭᠰᠠᠨ ᠬᠡᠨ᠎ᠡ᠃ ᠡᠬᠦᠨ ᠠᠴᠠ ᠬᠤᠶᠢᠰᠢ ᠬᠡᠰᠢᠭᠳᠡᠨ ᠮᠤᠩᠭᠤᠯᠴᠤᠳ ᠤᠨ | ᠲᠤᠮᠳᠠ ︽ᠬᠡᠰᠢᠭᠳᠡᠨ ᠤ ᠶᠡᠭᠡ ᠬᠠᠶᠢᠷᠬᠠᠨ ᠷᠢᠳᠢ ᠰᠢᠳᠢ ᠪᠠᠨ ᠭᠠᠷᠭᠠᠵᠤ᠂ ᠡᠩᠬᠡ ᠠᠮᠤᠭᠤᠯᠠᠩ ᠬᠠᠭᠠᠨ ᠢ | ᠰᠤᠴᠢᠭᠠᠭᠰᠠᠨ ᠪᠦᠬᠡᠳ ᠪᠢᠰᠢᠷᠡᠬᠦᠯᠦᠭᠰᠡᠨ ᠬᠡᠨ᠎ᠡ︾ ᠬᠡᠬᠦ ᠤᠯᠠᠮᠵᠢᠯᠠᠯᠳᠤ ᠲᠤᠮᠤᠭ ᠶᠠᠷᠢᠶ᠎ᠠ ᠲᠡᠯᠬᠡᠷᠡᠭᠰᠡᠨ ᠪᠠᠶᠢᠨ᠎ᠠ᠃ | ᠬᠡᠰᠢᠭᠳᠡᠨ ᠠᠷᠠᠳ ᠤᠨ ᠪᠠᠰᠠ ᠨᠢᠬᠡᠨ ᠤᠯᠠᠮᠵᠢᠯᠠᠯᠳᠤ ᠲᠤᠮᠤᠭ ᠶᠠᠷᠢᠶᠠᠨ ᠳᠤ᠂ ︽ᠰᠠᠶᠢᠬᠠᠨ | ᠬᠠᠶᠢᠷᠬᠠᠨ︾ ᠤ ᠰᠠᠴᠤᠯᠢ ᠡᠷᠬᠦᠯᠳᠠ ᠶᠢᠨ ᠴᠢᠯᠠᠭᠤᠨ ᠤᠩᠭᠤᠴᠠ ᠳᠤ ᠤᠯᠠᠨ ᠦᠭᠯᠢᠬᠡ ᠶᠢᠨ ᠡᠵᠡᠳ ᠮᠦᠷᠬᠦᠯᠴᠢᠨ | ᠠᠴᠠ ᠤᠯᠠᠨ ᠵᠢᠯ ᠤᠯᠵᠠ ᠤᠷᠤᠯᠭ᠎ᠠ ᠶᠢᠨ ᠮᠦᠩᠬᠦ ᠵᠤᠭᠤᠰ ᠠᠴᠠ ᠲᠡᠭᠡᠵᠢᠯᠡᠨ ᠡᠷᠬᠦᠭᠰᠡᠬᠡᠷ ᠪᠠᠶᠢᠭᠠᠳ ᠨᠡᠯᠢᠶᠡᠳ | ᠠᠷᠪᠢᠨ ᠮᠦᠩᠬᠦᠨ ᠵᠤᠭᠤᠰ᠂ ᠬᠦᠷᠡᠯ ᠵᠤᠭᠤᠰ᠂ ᠭᠠᠤᠯᠢᠨ ᠵᠤᠭᠤᠰ ᠬᠤᠷᠠᠮᠳᠤᠵᠠᠢ᠃ ᠨᠢᠬᠡᠨ ᠡᠳᠤᠷ ᠡᠳ᠋ ᠮᠦᠩᠬᠦᠨ | ᠳᠤ ᠰᠢᠨᠤᠬᠠᠢ ᠬᠤᠪᠳᠤᠭ ᠬᠦᠮᠦᠨ ᠲᠡᠷᠡᠬᠦ ᠵᠤᠭᠤᠰ ᠢ ᠤᠯᠵᠤ ᠦᠵᠡᠬᠡᠳ ᠬᠤᠪᠳᠤᠭ ᠰᠠᠨᠠᠭ᠎ᠠ ᠡᠬᠦᠰᠬᠡᠨ | ᠬᠤᠯᠠᠭᠠᠶᠢᠯᠠᠨ ᠠᠪᠤᠭᠠᠳ ᠬᠤᠪᠢ ᠶᠢᠨ ᠠᠮᠢᠳᠤᠷᠠᠯ ᠳᠠᠭᠠᠨ ᠵᠠᠷᠤᠵᠤ ᠬᠡᠨ᠎ᠡ᠃ ᠵᠤᠭᠤᠰ ᠤᠯᠵᠤ ᠪᠠᠶᠠᠵᠢᠯᠠ ᠬᠡᠵᠤ | ᠪᠠᠶᠠᠷᠯᠠᠵᠤ ᠪᠠᠶᠢᠭᠰᠠᠨ ᠡᠨᠡ ᠬᠦᠮᠦᠨ ᠬᠡᠳᠤᠬᠡᠨ ᠰᠠᠷ᠎ᠠ ᠶᠢᠨ ᠬᠤᠭᠤᠷᠤᠨᠳᠤ ᠬᠡᠷ ᠪᠦᠯᠢ ᠶᠢᠨ ᠬᠦᠮᠦᠰ ᠨᠢ ᠡᠪᠡᠳᠴᠢᠨ | ᠲᠠᠬᠤᠯ ᠲᠤᠰᠴᠤ ᠠᠮᠢ ᠨᠠᠰᠤ ᠪᠠᠨ ᠠᠯᠳᠠᠵᠤ᠂ ᠠᠳᠤᠭᠤ ᠮᠠᠯ ᠨᠢ ᠦᠬᠦᠨ ᠰᠦᠢᠳᠴᠤ᠂ ᠮᠠᠰᠢ ᠶᠡᠭᠡ ᠭᠠᠢ ᠭᠠᠮᠰᠢᠭ | ᠪᠤᠯᠤᠭᠠᠳ᠂ ᠪᠤᠳᠠᠭ᠎ᠠ ᠭᠤᠶᠤᠬᠤ ᠬᠡᠮᠵᠢᠶᠡᠨ ᠳᠤ ᠬᠦᠷᠴᠤ ᠬᠡᠨ᠎ᠡ᠃ ᠪᠠᠰᠠ ᠨᠢᠬᠡᠨ ᠭᠠᠴᠢᠭᠳᠠᠵᠤ ᠲᠦᠪᠡᠭᠳᠡᠭᠰᠡᠨ | ᠶᠠᠳᠠᠭᠤ ᠬᠦᠮᠦᠨ ︽ᠰᠠᠶᠢᠬᠠᠨ ᠬᠠᠶᠢᠷᠬᠠᠨ︾ ᠳᠤ ᠮᠦᠷᠬᠦᠨ ᠰᠦᠬᠦᠳᠴᠤ᠂ ᠰᠠᠴᠤᠯᠢ ᠡᠷᠬᠦᠭᠰᠡᠨ ᠮᠦᠩᠬᠦ ᠵᠤᠭᠤᠰ ᠢ | ᠲᠤᠭᠳᠠᠭᠰᠠᠨ ᠰᠠᠷ᠎ᠠ᠂ ᠡᠳᠤᠷ ᠲᠡᠭᠡᠨ ᠲᠤᠭ᠎ᠠ ᠶᠤᠰᠤᠭᠠᠷ ᠪᠤᠴᠠᠭᠠᠨ ᠦᠭᠬᠦ ᠪᠠᠷ ᠠᠮᠠᠯᠠᠭᠠᠳ ᠵᠢᠬᠡᠯᠡᠵᠤ ᠵᠠᠷᠤᠵᠤ | ᠬᠡᠨ᠎ᠡ᠃ ᠲᠡᠷᠡᠬᠦ ᠦᠨᠡᠨᠴᠢ ᠰᠡᠳᠬᠢᠯ ᠲᠠᠢ ᠶᠠᠳᠠᠭᠤ ᠬᠦᠮᠦᠨ ︽ᠰᠠᠶᠢᠬᠠᠨ ᠬᠠᠶᠢᠷᠬᠠᠨ︾ ᠤ ᠬᠡᠰᠢᠭ ᠵᠤᠭᠤᠰ ᠢᠶᠠᠷ | ᠠᠮᠢᠳᠤᠷᠠᠯ ᠤᠨ ᠭᠠᠴᠢᠭ ᠢᠶᠠᠨ ᠰᠢᠢᠳᠪᠤᠷᠢᠯᠡᠭᠰᠡᠨ ᠪᠦᠬᠡᠳ ᠬᠤᠶᠠᠷ ᠵᠢᠯ ᠪᠤᠯᠤᠭᠰᠠᠨ ᠦᠭᠡᠢ ᠪᠠᠷ ᠠᠳᠤᠭᠤ ᠮᠠᠯ ᠨᠢ | ᠦᠷᠡᠵᠢᠨ᠂ ᠡᠮᠤᠰᠴᠤ ᠢᠳᠡᠬᠦ ᠳᠡᠭᠡᠨ ᠭᠠᠴᠢᠭᠳᠠᠬᠤ ᠦᠭᠡᠢ ᠪᠤᠯᠤᠭᠠᠳ ᠲᠤᠭᠳᠠᠭᠰᠠᠨ ᠰᠠᠷ᠎ᠠ ᠡᠳᠤᠷ ᠲᠡᠭᠡᠨ ︽ | ᠰᠠᠶᠢᠬᠠᠨ ᠬᠠᠶᠢᠷᠬᠠᠨ︾ ᠤ ᠬᠡᠰᠢᠭ ᠵᠤᠭᠤᠰ ᠢ ᠲᠤᠭ᠎ᠠ ᠶᠤᠰᠤᠭᠠᠷ ᠪᠤᠴᠠᠭᠠᠨ ᠦᠭᠴᠤ᠂ ᠤᠯᠵᠠ ᠤᠷᠤᠯᠭ᠎ᠠ ᠠᠴᠠ | ᠪᠠᠨ ᠲᠡᠭᠡᠵᠢᠯᠡᠨ ᠰᠠᠴᠤᠯᠢ ᠡᠷᠬᠦᠨ᠂ ᠦᠨᠡᠨ ᠰᠡᠳᠬᠢᠯ ᠠᠴᠠ ᠪᠠᠨ ᠰᠦᠰᠦᠭᠯᠡᠨ ᠮᠦᠷᠬᠦᠵᠤ᠂ ᠵᠢᠯ ᠪᠦᠷᠢ ᠲᠠᠬᠢᠳᠠᠭ | ᠪᠤᠯᠵᠤ ᠬᠡᠨ᠎ᠡ᠃ ᠬᠤᠵᠢᠮ ᠨᠢ ᠡᠨᠡ ᠬᠦᠮᠦᠨ ᠪᠠᠶᠠᠨ ᠡᠯᠪᠡᠭ ᠠᠮᠢᠳᠤᠷᠠᠯ ᠲᠠᠢ ᠪᠤᠯᠵᠤ᠂ ᠨᠡᠷ᠎ᠡ ᠠᠯᠳᠠᠷᠰᠢᠭᠰᠠᠨ ︽ | ᠪᠠᠶᠠᠨ︾ ᠪᠤᠯᠤᠭᠰᠠᠨ ᠬᠡᠬᠦ ᠮᠡᠳᠤ ᠶᠢᠨ ᠲᠤᠮᠤᠭ ᠶᠠᠷᠢᠶ᠎ᠠ ᠪᠠᠶᠢᠳᠠᠭ᠃ | ᠬᠡᠰᠢᠭᠳᠡᠨ ᠮᠤᠩᠭᠤᠯᠴᠤᠳ ᠶᠡᠭᠡ ᠰᠠᠬᠢᠭᠤᠯᠰᠤᠨ ᠬᠠᠶᠢᠷᠬᠠᠨ — ᠰᠠᠶᠢᠬᠠᠨ ᠬᠠᠶᠢᠷᠬᠠᠨ ᠢ | ᠬᠠᠮᠤᠭ ᠠᠴᠠ ᠢᠯᠡᠬᠦᠦ ᠪᠢᠰᠢᠷᠡᠨ ᠰᠢᠳᠦᠳᠡᠭ ᠤᠨ ᠤᠴᠢᠷ ᠨᠢ ᠬᠠᠭᠠᠨ ᠡᠵᠡᠨ ᠠᠴᠠ ᠠᠶᠤᠳᠠᠭ ᠦᠭᠡᠢ᠂ ᠬᠤᠪᠳᠤᠭ | ᠰᠢᠨᠤᠬᠠᠶᠢᠳᠠᠨ ᠢ ᠵᠠᠨᠤᠵᠤ᠂ ᠦᠨᠡᠨᠴᠢ ᠠᠷᠠᠳ ᠢ ᠬᠠᠶᠢᠷᠠᠯᠠᠨ ᠲᠤᠰᠠᠯᠠᠵᠤ᠂ ᠠᠳᠠ ᠴᠢᠳᠬᠦᠷ᠂ ᠬᠤᠯᠠᠭᠠᠢ ᠲᠡᠭᠡᠷᠡᠮ ᠢ | ᠲᠠᠷᠤᠩᠭᠤᠶᠢᠯᠠᠳᠠᠭ ᠬᠡᠵᠤ ᠰᠦᠰᠦᠭᠯᠡᠨ ᠲᠠᠬᠢᠳᠠᠭ ᠪᠠᠶᠢᠨ᠎ᠠ᠃ ᠰᠠᠶᠢᠬᠠᠨ ᠬᠠᠶᠢᠷᠬᠠᠨ ᠢ ᠵᠢᠯ ᠪᠦᠷᠢ ᠶᠢᠨ ᠪᠢᠯᠢᠭ ᠤᠨ | ᠤᠯᠠᠷᠢᠯ ᠤᠨ ᠵᠢᠷᠭᠤᠳᠤᠭᠠᠷ ᠰᠠᠷ᠎ᠠ ᠶᠢᠨ ᠠᠷᠪᠠᠨ ᠭᠤᠷᠪᠠᠨ ᠤ ᠡᠳᠤᠷ ᠬᠤᠰᠢᠭᠤ ᠵᠠᠰᠠᠭ ᠨᠤᠶᠠᠨ ᠠᠴᠠ ᠲᠠᠬᠢᠯᠭ᠎ᠠ ᠶᠢ | ᠡᠷᠬᠢᠯᠡᠨ ᠨᠠᠷ᠎ᠡ ᠬᠦᠨᠳᠤᠳᠤ ᠳ᠋ᠠ ᠯᠠᠮᠠ ᠪᠤᠶᠤ ᠱᠠᠪᠷᠦᠩ ᠬᠤᠪᠢᠯᠭᠠᠨ ᠲᠠᠬᠢᠯᠭ᠎ᠠ ᠶᠢᠨ ᠨᠤᠮ ᠰᠤᠳᠤᠷ ᠤᠩᠰᠢᠵᠤ᠂ | ᠬᠤᠰᠢᠭᠤ ᠲᠠᠶᠠᠭᠠᠷ ᠢᠶᠠᠨ ᠲᠠᠬᠢᠳᠠᠭ ᠵᠠᠩᠰᠢᠯ ᠲᠠᠢ᠃ ᠪᠤᠷᠵᠢᠬᠢᠨ ᠤᠪᠤᠭᠳᠠᠨ ᠤ ᠨᠠᠯᠢᠶᠡᠳ ᠲᠤᠭᠠᠨ ᠤ ᠡᠷᠦᠬᠡ ᠨᠢ | ᠪᠠᠰᠠ ︽ᠰᠠᠶᠢᠬᠠᠨ ᠬᠠᠶᠢᠷᠬᠠᠨ︾ ᠳᠠᠭᠠᠨ ᠠᠳᠤᠭᠤ ᠮᠠᠯ ᠵᠢᠰᠤᠯᠠᠨ ᠡᠷᠬᠦᠵᠤ᠂ ᠬᠠᠶᠢᠷᠬᠠᠨ ᠤ ᠰᠠᠳᠠᠷ ᠵᠡᠬᠦᠯᠬᠡᠵᠤ᠂ | ᠮᠠᠯ ᠰᠦᠷᠦᠭ ᠲᠡᠭᠡᠨ ᠤᠩᠭᠤᠯᠠᠨ ᠲᠠᠯᠪᠢᠳᠠᠭ ᠴᠦ ᠪᠤᠢ᠃ | |