| ᠨᠠᠷᠡᠰᠤ ᠭᠠᠴᠠᠭ᠎ᠠ ᠨᠢ ᠲᠠᠷᠬᠠᠬᠠᠭᠤᠯᠠ ᠰᠤᠮᠤᠨ ᠤ ᠪᠠᠷᠠᠭᠤᠨ ᠬᠡᠰᠡᠭ ᠲᠤ ᠪᠠᠶᠢᠷᠢᠯᠠᠵᠤ᠂ | ᠰᠤᠮᠤᠨ ᠤ ᠵᠠᠰᠠᠭ ᠤᠨ ᠤᠷᠳᠤᠨ ᠤ ᠪᠠᠶᠢᠭ᠎ᠠ ᠭᠠᠵᠠᠷ ᠠᠴᠠ ᠪᠠᠨ 30 ᠺᠢᠯᠤᠮᠧᠲᠷ ᠵᠠᠶᠢᠳᠠᠢ᠃ ᠲᠤᠰ ᠤᠷᠤᠨ ᠤ | ᠭᠠᠵᠠᠷ ᠤᠨ ᠭᠠᠳᠠᠷ ᠲᠦᠷᠰᠤ ᠨᠢ ᠤᠯᠠᠨ ᠶᠠᠩᠵᠤᠳᠤ ᠴᠢᠨᠠᠷᠳᠠᠢ ᠪᠠᠶᠢᠵᠤ᠂ ᠰᠡᠷᠢᠬᠦᠨ ᠪᠦᠰᠡᠨ ᠤ ᠡᠬᠡ ᠬᠠᠭᠤᠷᠠᠢ | ᠶᠢᠨ ᠴᠢᠨᠠᠷᠳᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ ᠤᠨ ᠤᠷᠤᠨ ᠬᠠᠷᠢᠶᠠᠯᠠᠭᠳᠠᠵᠤ᠂ ᠪᠦᠬᠦ ᠵᠢᠯ ᠤᠨ | ᠲᠤᠨᠤᠳᠠᠰᠤᠨ ᠤ ᠲᠤᠮᠳᠠᠴᠢ ᠬᠡᠮᠵᠢᠶ᠎ᠡ ᠨᠢ 240 — 420 mm ᠪᠠᠶᠢᠵᠤ᠂ ᠤᠯᠠᠩᠬᠢ ᠳᠠᠭᠠᠨ 7᠂ 8 ᠳᠤ | ᠲᠦᠪᠯᠡᠷᠡᠭᠰᠡᠨ ᠪᠠᠶᠢᠳᠠᠭ᠃ | ᠭᠠᠴᠠᠭᠠᠨ ᠤ ᠪᠦᠬᠦ ᠲᠠᠯᠠᠪᠠᠢ ᠨᠢ 45 ᠲᠦᠮᠡᠨ ᠮᠤ᠋ ᠪᠠᠶᠢᠵᠤ᠂ ᠬᠠᠳᠤᠯᠠᠩ ᠪᠡᠯᠴᠢᠬᠡᠷ ᠤᠨ | ᠲᠠᠯᠠᠪᠠᠢ ᠨᠢ 36.5 ᠲᠦᠮᠡᠨ ᠮᠤ᠋ ᠪᠤᠢ᠃ ᠭᠠᠴᠠᠭᠠᠨ ᠤ ᠤᠳᠤ ᠪᠠᠶᠢᠭ᠎ᠠ ᠮᠠᠯᠵᠢᠬᠤ ᠡᠷᠦᠬᠡ ᠨᠢ ᠨᠡᠶᠢᠳᠠ 263 | ᠡᠷᠦᠬᠡ ᠪᠠᠶᠢᠵᠤ᠂ ᠬᠦᠮᠦᠨ ᠠᠮᠠ ᠶᠢᠨ ᠨᠡᠶᠢᠳᠠ ᠲᠤᠭ᠎ᠠ ᠨᠢ 850᠃ | ᠭᠠᠴᠠᠭᠠᠨ ᠤ ᠠᠵᠤ ᠠᠬᠤᠢ ᠨᠢ ᠮᠠᠯ ᠠᠵᠤ ᠠᠬᠤᠢ ᠪᠠᠷ ᠭᠤᠤᠯᠯᠠᠵᠤ᠂ ᠮᠠᠯ ᠤᠨ ᠪᠦᠬᠦ | ᠲᠤᠭ᠎ᠠ ᠨᠢ 14400 ᠲᠤᠯᠤᠭᠠᠢ ︵ᠲᠤᠭ᠎ᠠ︶ ᠪᠠᠶᠢᠵᠤ᠂ ᠡᠬᠦᠨ ᠤ ᠲᠤᠮᠳᠠ ᠪᠤᠳᠠ ᠮᠠᠯ ᠨᠢ 10500 ᠲᠤᠯᠤᠭᠠᠢ | ᠪᠠᠶᠢᠵᠤ᠂ ᠪᠤᠭ ᠮᠠᠯ ᠨᠢ 3900 ᠪᠤᠢ᠃ ᠭᠠᠴᠠᠭᠠᠨ ᠤ ᠠᠶᠢᠯ ᠤᠳ ᠨᠢ ᠲᠠᠷᠬᠠᠨ ᠰᠠᠭᠤᠷᠢᠰᠢᠵᠤ᠂ ᠨᠡᠬᠦᠳᠡᠯᠯᠡᠨ | ᠮᠠᠯᠵᠢᠬᠤ ᠪᠠᠷ ᠭᠤᠤᠯ ᠪᠤᠯᠭᠠᠳᠠᠭ᠃ | 2012 ᠤᠨ᠂ ᠲᠤᠰ ᠭᠠᠴᠠᠭᠠᠨ ᠤ ᠮᠠᠯᠴᠢᠳ ᠤᠨ ᠵᠢᠯ ᠤᠨ ᠬᠦᠮᠦᠨ ᠲᠤᠮᠳᠠᠴᠢ ᠶᠢᠨ | ᠤᠷᠤᠯᠭ᠎ᠠ ᠨᠢ 7000 ᠲᠦᠬᠦᠷᠢᠭ ᠲᠤ ᠬᠦᠷᠴᠠᠢ᠃ | |