| 1. ᠴᠠᠬᠢᠯᠭᠠᠨ ᠢᠯᠤᠷ ᠢ ᠤᠳᠠᠭᠠᠨ ᠵᠠᠷᠤᠪᠠᠯ ᠳᠣᠣᠷ᠎ᠠ ᠲᠠᠯ᠎ᠠ ᠳᠤᠨᠢ ᠨᠢᠭᠡ ᠳᠠᠪᠬᠤᠷᠭ᠎ᠠ ᠥᠯᠥ | ᠮᠡᠳᠡᠭ ᠵᠢᠪᠡ ᠰᠠᠭᠤᠳᠠᠭ᠂ ᠡᠭᠦᠨ ᠢ ᠠᠷᠢᠯᠭᠠᠬᠤ ᠳᠤ ᠢᠯᠤᠷ ᠢᠶᠠᠨ ᠬᠥᠷᠥᠭᠡᠭᠰᠡᠨ ᠤ ᠲᠠᠷᠠᠭ᠎ᠠ ᠪᠠᠭ᠎ᠠ ᠶᠠᠭᠤᠤ | ᠲᠦᠷᠬᠢᠵᠦ ᠵᠥᠭᠡᠯᠡᠨ ᠪᠥᠰ ᠢᠶᠠᠷ ᠵᠦᠯᠭᠦᠪᠡᠯ ᠭᠢᠯᠦᠭᠡᠷ ᠰᠠᠶᠢᠬᠠᠨ ᠪᠣᠯᠳᠠᠭ᠃ | 2. ᠳ᠋ᠢᠶᠠᠨᠪᠠᠷ ︵手电筒︶ ᠤᠨ ᠭᠡᠷᠡᠯ ᠰᠠᠳᠠᠷᠠᠭᠤᠯᠤᠭᠴᠢ ᠰᠢᠯ ᠨᠢ ᠡᠳᠦᠷ ᠤᠨ | ᠤᠳᠠᠭᠠᠨ ᠳᠤ ᠬᠠᠷᠠᠯᠠᠳᠠᠭ᠂ ᠪᠠᠭ᠎ᠠ ᠰᠠᠭ᠎ᠠ ᠶᠠᠭᠤᠤ ᠲᠦᠷᠬᠢᠵᠦ ᠨᠠᠷᠢᠯᠢᠭ ᠵᠥᠭᠡᠯᠡᠨ ᠪᠥᠰ ᠢᠶᠠᠷ ᠬᠥᠩᠭᠡᠬᠡᠨ | ᠵᠦᠯᠭᠦᠪᠡᠯ ᠰᠢᠨ᠎ᠡ ᠰᠢᠭ᠋ ᠭᠡᠷᠡᠯ ᠲᠠᠢ ᠪᠣᠯᠳᠠᠭ᠃ | 3. ᠭᠠᠷ ᠴᠠᠭ ᠤᠨ ᠨᠢᠭᠤᠷ ᠳᠡᠭᠡᠷ᠎ᠡ ᠵᠢᠵᠢᠭ ᠵᠢᠷᠤᠭᠠᠰᠤ ᠭᠠᠷᠴᠤ ᠨᠢᠭᠤᠷ ᠨᠢ ᠪᠦᠳᠡᠩᠭᠢᠷᠡᠬᠦ | ᠳᠤ ᠪᠠᠭ᠎ᠠ ᠶᠠᠭᠤᠤ ᠲᠦᠷᠬᠢᠵᠦ ᠵᠥᠭᠡᠯᠡᠨ ᠪᠥᠰ ᠢᠶᠠᠷ ᠵᠦᠯᠭᠦᠪᠡᠯ ᠵᠢᠵᠢᠭ ᠵᠢᠷᠤᠭᠠᠰᠤ ᠨᠢ ᠠᠷᠢᠯᠵᠤ ᠰᠢᠯ ᠨᠢ | ᠭᠢᠯᠠᠯᠵᠠᠳᠠᠭ᠃ | 4. ᠱᠠᠵᠠᠩ ᠴᠣᠮᠣ ᠳᠤ ᠰᠠᠭᠤᠭᠰᠠᠨ ᠴᠠᠢ ᠶᠢᠨ ᠪᠠᠯ ᠤᠬᠢᠶᠠᠭᠠᠳ ᠠᠷᠢᠯᠬᠤ ᠦᠭᠡᠢ ᠪᠣᠯ | ᠵᠥᠭᠡᠯᠡᠨ ᠪᠥᠰ ᠳᠡᠭᠡᠷ᠎ᠡ ᠪᠠᠭ᠎ᠠ ᠶᠠᠭᠤᠤ ᠲᠦᠷᠬᠢᠵᠦ ᠵᠦᠯᠭᠦᠪᠡᠯ ᠠᠷᠢᠯᠴᠢᠬᠠᠳᠠᠭ᠃ | 5. ᠵᠤᠨ ᠤ ᠤᠯᠠᠷᠢᠯ ᠳᠤ ᠬᠤᠪᠴᠠᠰᠤᠨ ᠤ ᠵᠠᠭᠠᠮ᠎ᠠ ᠬᠠᠨᠴᠤᠢ ᠳᠠᠬᠢ ᠬᠥᠯᠥᠰᠦ ᠭᠬᠢᠷ ᠨᠢ | ᠠᠮᠠᠷᠬᠠᠨ ᠠᠷᠢᠯᠬᠤ ᠦᠭᠡᠢ ᠪᠠᠶᠢᠳᠠᠭ᠂ ᠤᠬᠢᠶᠠᠬᠤ ᠦᠶ᠎ᠡ ᠳᠡᠭᠡᠨ ᠬᠤᠪᠴᠠᠰᠤ ᠪᠠᠨ ᠴᠢᠬᠢᠭᠯᠡᠭᠰᠡᠨ ᠤ ᠲᠠᠷᠠᠭ᠎ᠠ ᠭᠬᠢᠷ | ᠲᠠᠢ ᠬᠡᠰᠡᠭ ᠳᠤᠨᠢ ᠶᠠᠭᠤᠤ ᠲᠦᠷᠬᠢᠵᠦ᠂ 1-2 ᠮᠢᠨᠦ᠋ᠲ ᠱᠤᠸᠠᠵᠠᠳᠠᠵᠤ᠂ ᠬᠠᠳᠠᠭᠰᠠᠨ ᠤ ᠲᠠᠷᠠᠭ᠎ᠠ ᠲᠠᠬᠢᠨ ᠡᠩ ᠤᠨ | ᠠᠷᠭ᠎ᠠ ᠪᠠᠷ ᠢᠶᠠᠨ ᠤᠬᠢᠶᠠᠨ᠎ᠠ᠃ | |