﹇ᠠᠶᠢᠮᠠᠭ ᠪᠦᠯᠦᠭ᠂ ᠬᠡᠳᠤᠨ ᠡᠷᠦᠬᠡ ᠶᠢᠨ ᠲᠠᠬᠢᠯᠭ᠎ᠠ ᠶᠢᠨ ᠤᠪᠤᠭ᠎ᠠ﹈  ᠠᠳᠠᠬᠤ ᠶᠢᠨ ᠤᠪᠤᠭ᠎ᠠ ︵ᠠᠳᠠᠮᠠᠯ ᠲᠤᠰᠠᠯᠠᠭᠴᠢ ᠶᠢᠨ ᠤᠪᠤᠭ᠎ᠠ︶
ᠨᠡᠶᠢᠲᠡᠯᠡᠭᠰᠡᠨ ᠴᠠᠭ᠄
2014/4/2
 
       ᠠᠳᠠᠬᠤ ᠶᠢᠨ ᠤᠪᠤᠭ᠎ᠠ  —  ᠪᠠᠶᠠᠨᠴᠠᠭᠠᠨ ᠰᠤᠮᠤᠨ ᠤ ᠤᠤᠪᠤᠯᠠᠭ ᠭᠠᠴᠠᠭ᠎ᠠ ᠠᠴᠠ ᠵᠡᠬᠦᠨ ᠡᠮᠤᠨᠡᠰᠢ ᠬᠤᠷᠢᠭᠠᠳ ᠭᠠᠵᠠᠷ ᠤᠨ ᠵᠠᠶᠢᠳᠠᠢ ᠬᠠᠶᠢᠯᠠᠰᠤᠳᠤ ᠪᠤᠯᠠᠭ ᠤᠨ ᠭᠤᠤᠯ ᠤᠨ ᠪᠠᠷᠠᠭᠤᠨ ᠲᠠᠯ᠎ᠠ ᠳᠤ ᠪᠠᠶᠢᠬᠤ ᠦᠨᠳᠤᠷ ᠰᠠᠶᠢᠬᠠᠨ ᠠᠭᠤᠯᠠ ᠶᠢ ᠠᠳᠠᠬᠤ ᠶᠢᠨ ᠤᠪᠤᠭ᠎ᠠ ᠬᠡᠳᠡᠭ᠃       ᠤᠯᠠᠮᠵᠢᠯᠠᠯᠳᠤ ᠲᠤᠮᠤᠭ ᠶᠠᠷᠢᠶᠠᠨ ᠳᠤ᠂ ᠬᠡᠰᠢᠭᠳᠡᠨ ᠵᠠᠰᠠᠭ ᠨᠤᠶᠠᠨ ᠤ ᠠᠷᠪᠠᠨ ᠭᠤᠷᠪᠠᠳᠤᠭᠠᠷ ᠦᠶ᠎ᠡ ᠶᠢᠨ ᠲᠤᠰᠠᠯᠠᠭᠴᠢ ︵ᠪᠡᠯᠡᠳᠬᠡᠯ ᠲᠤᠰᠠᠯᠠᠭᠴᠢ ᠬᠡᠰᠡᠨ ᠤᠳᠬ᠎ᠠ ᠲᠠᠢ︶ ᠨᠢᠬᠡᠨ ᠵᠢᠯ ᠦᠪᠡᠷ ᠤᠨ ᠪᠤᠰᠬᠠᠭᠰᠠᠨ ᠤᠪᠤᠭ᠎ᠠ ᠪᠠᠨ ᠲᠠᠬᠢᠬᠤ ᠳᠠᠭᠠᠨ ᠠᠯᠪᠠᠳᠤ ᠪᠤᠭᠤᠯ ᠤᠨ ᠢᠶᠠᠨ ᠬᠡᠤᠬᠡᠳ ᠠᠴᠠ ᠨᠢᠭᠡ ᠪᠦᠳᠦᠬᠦᠨ ᠬᠦᠦ ᠶᠢ ᠰᠤᠩᠭᠤᠵᠤ ᠂ ᠠᠶᠤᠯᠭᠠᠨ ᠰᠦᠷᠳᠡᠬᠦᠯᠵᠤ ᠠᠪᠴᠢᠷᠠᠭᠠᠳ ᠰᠠᠷᠠᠯ ᠮᠤᠷᠢ ᠤᠨᠤᠭᠤᠯᠤᠨ ᠤᠪᠤᠭᠠᠨ ᠤ ᠪᠠᠨ ᠲᠤᠮᠳᠠ ᠵᠤᠭᠰᠤᠭᠠᠵᠤ᠂ ᠤᠪᠤᠭ᠎ᠠ ᠪᠠᠨ ᠠᠮᠢᠳᠤ ᠬᠦᠮᠦᠨ ᠢᠶᠠᠷ ᠱᠦᠩᠰᠢᠭᠯᠡᠵᠤ ᠲᠠᠬᠢᠵᠤ ᠬᠡᠨ᠎ᠡ᠃ ᠡᠬᠦᠨ ᠢ ᠨᠢᠭᠡᠨ ᠵᠠᠬᠢᠷᠤᠭᠴᠢ ᠨᠤᠶᠠᠨ ᠦᠵᠡᠬᠡᠳ ᠲᠡᠬᠦᠨ ᠢ ᠡᠰᠡᠷᠬᠦᠴᠡᠨ᠄ ︽ᠲᠠ ᠴᠢᠨᠢ ᠤᠪᠤᠭ᠎ᠠ ᠪᠠᠨ ᠲᠠᠬᠢᠵᠤ ᠪᠠᠶᠢᠭ᠎ᠠ ᠶᠤᠮ ᠤᠤ︖ ᠠᠯᠪᠠᠳᠤ ᠪᠤᠭᠤᠯ ᠢᠶᠠᠨ ᠲᠠᠬᠢᠵᠤ ᠪᠠᠶᠢᠭ᠎ᠠ ᠶᠤᠮ ᠤᠤ︖︾ ᠬᠡᠵᠤ ᠵᠢᠮᠡᠯᠡᠭᠰᠡᠨ ᠠᠴᠠ ᠬᠤᠶᠢᠰᠢ ᠠᠳᠠᠮᠠᠯ ᠲᠤᠰᠠᠯᠠᠭᠴᠢ ᠶᠢᠨ ᠦᠨᠳᠤᠰᠤ ᠤᠭᠰᠠᠭ᠎ᠠ ᠨᠢ ᠲᠠᠰᠤᠷᠠᠭᠰᠠᠨ ᠶᠤᠮ ᠤᠤ︖ ᠡᠰᠡᠬᠦᠯ᠎ᠡ ᠠᠯᠪᠠᠳᠤ ᠪᠤᠭᠤᠯ ᠤᠳ ᠨᠢ ᠲᠤᠳᠠᠭᠠᠵᠤ ᠪᠤᠳᠠᠷᠠᠭᠰᠠᠨ ᠶᠤᠮ ᠤᠤ ᠪᠤᠤ ᠮᠡᠳᠡ᠂ ᠰᠡᠬᠦᠯᠡᠷ ᠨᠢ ᠤᠪᠤᠭᠠᠨ ᠲᠠᠬᠢᠯᠭ᠎ᠠ ᠨᠢ ᠲᠠᠰᠤᠷᠠᠵᠤ᠂ ᠤᠳᠤ ᠵᠦᠪᠬᠡᠨ ᠴᠢᠯᠠᠭᠤᠨ ᠤᠪᠤᠭ᠎ᠠ ᠨᠢ ᠦᠯᠡᠳᠡᠵᠤ ᠪᠠᠶᠢᠨ᠎ᠠ᠃ 
 
ᠢᠷᠡᠯᠲᠡ᠄ ︽ᠬᠡᠰᠢᠭᠳᠡᠨ ᠤ ᠰᠦᠮ᠎ᠡ ᠬᠡᠶᠢᠳ ᠬᠠᠶᠢᠷᠬᠠᠨ ᠤᠪᠤᠭᠠᠳ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号