ᠲᠠᠯᠠᠶᠢᠨᠠᠭᠤᠷ ᠰᠤᠮᠤᠨ ᠤ ᠭᠠᠩᠭᠠᠨ ᠭᠠᠴᠠᠭᠠᠨ ᠤ ᠲᠤᠪᠴᠢ ᠲᠠᠨᠢᠯᠴᠠᠭᠤᠯᠭ᠎ᠠ
ᠨᠡᠶᠢᠲᠡᠯᠡᠭᠰᠡᠨ ᠴᠠᠭ᠄
2014/4/10
        ᠭᠠᠩᠭᠠᠨ ᠭᠠᠴᠠᠭ᠎ᠠ ᠨᠢ ᠬᠡᠰᠢᠭᠳᠡᠨ ᠬᠤᠰᠢᠭᠤᠨ ᠤ ᠪᠠᠷᠠᠭᠤᠨ ᠬᠤᠶᠢᠳᠤ ᠬᠡᠰᠡᠭ ᠲᠤ ᠪᠠᠶᠢᠷᠢᠯᠠᠵᠤ ᠪᠤᠢ᠂ ᠪᠦᠬᠦ ᠭᠠᠴᠠᠭᠠᠨ ᠤ ᠤᠳᠤ ᠪᠠᠶᠢᠭ᠎ᠠ ᠬᠠᠳᠤᠯᠠᠩ ᠪᠡᠯᠴᠢᠬᠡᠷ ᠤᠨ ᠲᠠᠯᠠᠪᠠᠢ ᠨᠢ 39.9 ᠲᠦᠮᠡᠨ ᠮᠤ᠋᠂ ᠡᠬᠦᠨ ᠤ ᠲᠤᠮᠳᠠ᠂ ᠬᠠᠳᠤᠯᠠᠩ ᠤᠨ ᠲᠠᠯᠠᠪᠠᠢ ᠨᠢ 25.8 ᠲᠦᠮᠡᠨ ᠮᠤ᠋ ᠪᠤᠢ᠃ ᠭᠠᠴᠠᠭᠠᠨ ᠤ ᠠᠵᠤ ᠠᠬᠤᠢ  ᠨᠢ ᠮᠠᠯᠵᠢᠯ ᠠᠵᠤ ᠠᠬᠤᠢ ᠪᠠᠷ ᠭᠤᠤᠯᠯᠠᠵᠤ᠂ 2013 ᠤᠨ ᠤ ᠭᠠᠴᠠᠭᠠᠨ ᠤ ᠮᠠᠯ ᠤᠨ ᠵᠤᠭᠰᠤᠭ᠎ᠠ ᠲᠤᠭ᠎ᠠ ᠨᠢ 2.39 ᠲᠦᠮᠡ ᠬᠦᠷᠴᠤ᠂ ᠡᠬᠦᠨ ᠳᠤ ᠪᠤᠭ ᠮᠠᠯ ᠨᠢ 0.8 ᠲᠦᠮᠡᠨ ᠲᠤᠯᠤᠭᠠᠢ ᠪᠠᠶᠢᠵᠤ᠂ ᠪᠤᠳᠠ ᠮᠠᠯ ᠨᠢ 1.59 ᠲᠦᠮᠡ ᠪᠤᠢ᠃       ᠭᠠᠴᠠᠭ᠎ᠠ ᠨᠢ 8 ᠲᠤᠭᠤᠶᠢᠯᠠᠩ ᠢᠶᠠᠷ ᠪᠦᠷᠢᠯᠳᠤᠵᠤ᠂ ᠨᠡᠶᠢᠳᠠ 228 ᠡᠷᠦᠬᠡ᠂ 876 ᠬᠦᠮᠦᠨ ᠠᠮᠠ ᠲᠠᠢ᠃ 16 — 36 ᠨᠠᠰᠤᠨ ᠤ ᠬᠦᠮᠦᠨ 309 ᠬᠦᠮᠦᠨ ᠪᠠᠶᠢᠵᠤ᠂ 36 — 45 ᠨᠠᠰᠤᠨ  ᠤ ᠬᠦᠮᠦᠨ 163 ᠬᠦᠮᠦᠨ ᠪᠠᠶᠢᠵᠤ᠂ 45 ᠨᠠᠰᠤᠨ ᠠᠴᠠ ᠲᠡᠭᠡᠭᠰᠢᠬᠢ 157 ᠬᠦᠮᠦᠨ ᠪᠤᠢ᠃       ᠭᠠᠴᠠᠭᠠᠨ ᠤ ᠰᠤᠷᠭᠠᠭᠤᠯᠢ ᠳᠤ ᠤᠷᠤᠬᠤ ᠨᠠᠰᠤᠨ ᠳᠤ ᠬᠦᠷᠦᠭᠰᠡᠨ ᠪᠠᠭᠠᠴᠤᠳ ᠬᠡᠤᠬᠡᠳ  ᠤᠳ ᠲᠠᠯᠠᠶᠢᠨᠠᠭᠤᠷ ᠦᠨᠳᠤᠰᠤᠳᠠᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠳᠤ ᠰᠤᠷᠤᠯᠴᠠᠵᠤ᠂ ᠰᠤᠷᠭᠠᠭᠤᠯᠢ ᠳᠤ ᠤᠷᠤᠬᠤ ᠨᠤᠷᠮ᠎ᠠ 100% ᠳᠤ ᠬᠦᠷᠴᠠᠢ᠃ ︽ᠲᠤᠰᠬᠤᠨ ᠪᠤᠯᠭᠠᠨ ᠳᠤ ᠨᠡᠪᠳᠡᠷᠡᠬᠦ︾ ᠢᠨᠵᠧᠨ᠋ᠷᠢᠩ ᠤᠨ ᠪᠦᠷᠬᠦᠴᠠ ᠶᠢᠨ ᠬᠡᠮᠵᠢᠶ᠎ᠡ ᠨᠢ 3% ᠳᠤ ᠬᠦᠷᠴᠠᠢ᠃ ᠭᠠᠴᠠᠭ᠎ᠠ ᠨᠢ 303 ᠤᠯᠤᠰ ᠤᠨ ᠵᠠᠮ ᠲᠠᠢ ᠬᠦᠷᠰᠢᠯᠡᠵᠤ᠂ ᠵᠠᠮ ᠬᠠᠷᠢᠯᠴᠠᠭᠠᠨ ᠤ ᠤᠷᠤᠨ ᠪᠠᠶᠢᠷᠢ ᠲᠠᠪᠠᠭᠤᠯᠢᠭ ᠨᠦᠬᠦᠴᠡᠯ ᠲᠠᠢ᠃ ᠭᠠᠴᠠᠭᠠᠨ ᠤ ᠠᠯᠪᠠᠨ ᠬᠡᠷ ᠤᠨ ᠪᠠᠷᠢᠯᠭ᠎ᠠ  ᠶᠢᠨ ᠶᠡᠷᠦᠩᠬᠡᠢ ᠲᠠᠯᠠᠪᠠᠢ ᠨᠢ 200 ᠺᠦᠸᠠᠳ᠋ ᠮᠧᠲᠷ᠂ ᠭᠠᠴᠭᠠᠨ ᠳᠤ 1 ᠡᠷᠡᠬᠦᠯ ᠬᠠᠮᠠᠭᠠᠯᠠᠯ ᠤᠨ ᠲᠠᠰᠤᠭ ᠪᠠ 1 ᠬᠦᠳᠡᠯᠬᠡᠬᠡᠨ ᠤ ᠬᠡᠷ ᠲᠠᠢ ᠪᠠᠶᠢᠵᠤ᠂ ᠲᠠᠯᠠᠪᠠᠢ ᠨᠢ ᠲᠤᠰᠪᠤᠷᠢ 50 ᠺᠦᠸᠠᠳ᠋ ᠮᠧᠲᠷ ᠪᠠ 40 ᠺᠦᠸᠠᠳ᠋ ᠮᠧᠲᠷ᠃ ᠭᠠᠴᠭᠠᠨ ᠳᠤ ᠠᠷᠠᠳ ᠲᠤ ᠲᠦᠬᠦᠮ ᠦᠵᠡᠬᠦᠯᠬᠦ ᠲᠡᠯᠬᠡᠬᠦᠷ 2 ᠪᠠᠶᠢᠵᠤ᠂ ᠭᠠᠴᠠᠭᠠᠨ ᠤ ᠱᠠᠳᠤᠨ ᠤ ᠰᠤᠶᠤᠯ ᠤᠨ ᠬᠦᠳᠡᠯᠬᠡᠬᠡᠨ ᠤ ᠲᠠᠯᠠᠪᠤᠷ 1 ᠪᠤᠢ᠃ ᠶᠠᠳᠠᠭᠤ ᠬᠦᠴᠢᠷᠳᠠᠢ ᠡᠷᠦᠬᠡ ᠶᠢᠨ ᠲᠤᠮᠳᠠ᠂ ᠲᠤᠤᠷ᠎ᠠ ᠪᠠᠳᠤᠯᠠᠭᠠᠳᠤ ᠲᠦᠷᠦ  ᠶᠢᠨ ᠪᠤᠳᠤᠯᠭ᠎ᠠ ᠶᠢᠨ ᠬᠠᠷᠠᠭᠠᠯᠵᠠᠯ ᠢ ᠬᠦᠷᠳᠡᠵᠤ ᠪᠦᠬᠦᠢ ᠮᠠᠯᠴᠢᠨ ᠡᠷᠦᠬᠡ ᠨᠢ 109 ᠡᠷᠦᠬᠡ ᠪᠠᠶᠢᠵᠤ᠂ ᠭᠠᠴᠠᠭᠠᠨ  ᠤ ᠪᠦᠬᠦ ᠡᠷᠦᠬᠡ ᠶᠢᠨ ᠶᠡᠷᠦᠩᠬᠡᠢ ᠲᠤᠭᠠᠨ ᠤ 8.03% ᠶᠢ ᠡᠵᠡᠯᠠᠵᠤ ᠪᠤᠢ᠂ ᠲᠠᠪᠤᠨ ᠪᠠᠳᠤᠯᠠᠭᠠᠳᠤ ᠡᠷᠦᠬᠡ 5 ᠡᠷᠦᠬᠡ 5 ᠬᠦᠮᠦᠨ ᠪᠠᠶᠢᠵᠤ᠂ ᠠᠮᠢᠳᠤᠷᠠᠯ ᠤᠨ ᠬᠢᠷᠢ ᠲᠦᠪᠰᠢᠨ ᠨᠢ ᠦᠨᠳᠤᠰᠤᠨ ᠳᠤ ᠪᠠᠨ ᠢᠳᠡᠵᠦ ᠡᠮᠦᠰᠬᠦ ᠳᠡᠭᠡᠨ ᠵᠥᠪ ᠪᠤᠯᠤᠭᠰᠠᠨ ᠪᠠᠶᠢᠨ᠎ᠠ᠃ ᠭᠠᠴᠠᠭᠠᠨ ᠳᠤ ᠨᠡᠶᠢᠳᠠ 34 ᠵᠡᠮᠳᠡᠭ ᠡᠷᠦᠬᠡ᠂ 38 ᠬᠦᠮᠦᠨ ᠪᠤᠢ᠃ ᠰᠢᠨ᠎ᠠ ᠬᠡᠯᠪᠡᠷᠢ ᠶᠢᠨ ᠬᠤᠷᠰᠢᠭᠰᠠᠨ ᠡᠮ ᠡᠮᠨᠡᠯᠬᠡ ᠳᠤ ᠤᠷᠤᠯᠴᠠᠭᠰᠠᠨ ᠨᠢ 222 ᠡᠷᠦᠬᠡ᠂ 869 ᠬᠦᠮᠦᠨ ᠪᠠᠶᠢᠵᠤ᠂ ᠭᠠᠴᠠᠭᠠᠨ ᠤ ᠪᠦᠬᠦ ᠡᠷᠦᠬᠡ ᠶᠢᠨ ᠲᠤᠭ᠎ᠠ ᠪᠠ ᠪᠦᠬᠦ ᠬᠦᠮᠦᠨ ᠠᠮᠠ ᠶᠢᠨ ᠲᠤᠭᠠᠨ ᠤ 97.3% ᠪᠠ 99.2% ᠶᠢ ᠡᠵᠡᠯᠡᠵᠤ ᠪᠤᠢ᠃ ᠭᠠᠴᠭᠠᠨ ᠳᠤ ᠤᠳᠤ ᠪᠠᠶᠢᠭ᠎ᠠ ᠺᠠᠳ᠋ᠷ ᠨᠢ 5 ᠨᠡᠷ᠎ᠡ᠂ ᠡᠬᠦᠷ ᠤᠨ ᠵᠦᠪᠯᠡᠯ ᠤᠨ ᠬᠡᠰᠢᠬᠦᠨ ᠨᠢ 3 ᠨᠡᠷ᠎ᠡ᠂ ᠭᠠᠴᠠᠭᠠᠨ ᠤ ᠵᠦᠪᠯᠡᠯ ᠤᠨ ᠬᠡᠰᠢᠬᠦᠨ ᠨᠢ 3 ᠨᠡᠷ᠎ᠡ᠂ ᠭᠠᠴᠠᠭᠠᠨ ᠤ ᠱᠠᠳᠤᠨ ᠤ ᠪᠡᠯᠡᠳᠬᠡᠯ ᠺᠠᠳ᠋ᠷ ᠨᠢ 2 ᠨᠡᠷ᠎ᠡ ᠪᠤᠢ᠃ ᠭᠠᠴᠠᠭᠠᠨ ᠳᠤ 35 ᠨᠠᠮ ᠤᠨ ᠬᠡᠰᠢᠬᠦᠨ᠂ 3 ᠨᠠᠮ ᠤᠨ ᠲᠤᠭᠤᠶᠢᠯᠠᠩ ᠲᠠᠢ᠃       ᠤᠶᠢᠷ᠎ᠠ ᠶᠢᠨ ᠵᠢᠯ ᠠᠴᠠ᠂ ᠲᠡᠷᠢᠭᠦᠨ ᠤ ᠬᠢ ᠶᠢ ᠡᠭᠦᠳᠴᠤ ᠰᠢᠯᠢᠳᠡᠭ ᠪᠤᠯᠬᠤ ᠪᠠᠷ ᠴᠢᠷᠮᠠᠶᠢᠬᠤ᠂ ᠨᠠᠮ ᠤᠨ ᠬᠡᠰᠢᠬᠦᠨ ᠤ ᠴᠢᠨᠡᠬᠡᠯᠢᠭᠵᠢᠬᠦᠯᠬᠦ ᠴᠢᠳᠠᠪᠤᠷᠢ ᠶᠢ ᠬᠦᠮᠦᠵᠢᠬᠦᠯᠬᠦ ᠢᠨᠵᠧᠨᠧᠷᠢᠩ ᠢᠶᠠᠷ ᠲᠠᠮᠵᠢᠭᠤᠯᠤᠨ᠂ ᠭᠠᠴᠠᠭᠠᠨ ᠤ ᠨᠠᠮ ᠤᠨ ᠬᠡᠰᠢᠬᠦᠨ ᠤ ᠴᠢᠨᠡᠬᠡᠯᠢᠭᠵᠢᠬᠦᠯᠬᠦ ᠴᠢᠳᠠᠪᠤᠷᠢ ᠪᠠ ᠪᠦᠬᠦᠯᠢ ᠴᠤᠭᠴᠠ ᠶᠢᠨ ᠬᠡᠪ ᠴᠢᠨᠠᠷ ᠢ ᠤᠯᠠᠮ ᠨᠢᠭᠡ ᠠᠯᠬᠤᠮ ᠲᠡᠭᠡᠭᠰᠢᠯᠡᠬᠦᠯᠦᠭᠰᠡᠨ ᠪᠠᠶᠢᠨ᠎ᠠ᠃ ᠭᠠᠴᠠᠭᠠᠨ ᠤ ᠠᠵᠤ ᠠᠬᠤᠢ ᠨᠡᠶᠢᠬᠡᠮ ᠤᠨ ᠲᠠᠯ᠎ᠠ ᠪᠠᠷ ᠵᠤᠬᠢᠬᠤ ᠬᠦᠭᠵᠢᠯᠳᠠ ᠲᠠᠢ ᠪᠤᠯᠵᠤ᠂ ᠮᠠᠯᠵᠢᠯ ᠤᠨ ᠦᠢᠯᠡᠰ ᠤᠨ ᠰᠢᠨ᠎ᠠ ᠵᠠᠮ ᠢ ᠰᠦᠪᠡᠭᠴᠢᠯᠡᠨ ᠨᠡᠬᠡᠬᠡᠵᠤ ᠂ ᠨᠡᠶᠢᠬᠡᠮ ᠤᠨ ᠶᠡᠭᠡ ᠪᠠᠶᠢᠳᠠᠯ ᠤᠨ ᠡᠶ᠎ᠡ ᠵᠤᠬᠢᠴᠠᠩᠭᠤᠢ ᠲᠤᠭᠳᠠᠭᠤᠨ ᠢ ᠪᠠᠳᠤᠯᠠᠭᠰᠠᠨ ᠪᠠᠶᠢᠨ᠎ᠠ᠃ ᠬᠡᠪᠡᠴᠤ ᠪᠠᠰᠠ ᠪᠠᠶᠢᠭᠠᠯᠢ ᠶᠢᠨ ᠨᠦᠬᠦᠴᠡᠯ ᠤᠨ ᠬᠢᠵᠠᠭᠠᠷᠯᠠᠯ ᠠᠴᠠ ᠪᠤᠯᠵᠤ᠂ ᠬᠦᠭᠵᠢᠯᠳᠠ ᠨᠢ ᠤᠳᠠᠭᠠᠨ᠂ ᠵᠤᠭᠰᠤᠩᠭᠤᠢ ᠪᠠᠶᠢᠳᠠᠯ  ᠲᠠᠢ ᠪᠠᠶᠢᠵᠤ᠂ ᠰᠠᠭᠤᠷᠢ ᠲᠦᠬᠦᠬᠡᠷᠦᠮᠵᠢ ᠶᠢᠨ ᠪᠦᠳᠦᠬᠡᠨ ᠪᠠᠶᠢᠭᠤᠯᠤᠯᠳᠠ ᠠᠨᠠᠢ᠂ ᠤᠯᠠᠨ ᠲᠦᠮᠡᠨ ᠤ ᠠᠮᠢᠳᠤᠷᠠᠯ  ᠤᠨ ᠨᠦᠬᠦᠴᠡᠯ ᠨᠢ ᠬᠦᠴᠢᠷᠳᠠᠢ᠂ ᠬᠠᠮᠳᠤ ᠶᠢᠨ ᠠᠵᠤ ᠠᠬᠤᠢ ᠶᠢᠨ ᠤᠷᠤᠯᠭ᠎ᠠ ᠨᠢ ᠮᠦᠨᠴᠤ ᠪᠠᠭᠤᠷᠠᠢ ᠨᠢᠮᠬᠡᠨ ᠪᠠᠶᠢᠭᠰᠠᠭᠠᠷ᠃ 
 
ᠢᠷᠡᠯᠲᠡ᠄ www.kqmw.gov.cn
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号