| ᠮᠤᠩᠭᠤᠯ ᠦᠰᠦᠭ ᠢ ᠺᠤᠮᠫᠢᠦ᠋ᠲ᠋ᠧᠷ ᠲᠤ ᠪᠢᠴᠢᠬᠦ ᠳᠤ ᠵᠠᠷᠢᠮ ᠲᠠᠷᠤᠭᠤᠯ ᠢ ᠵᠦᠪ ᠠᠰᠢᠭᠯᠠᠵᠤ ᠴᠢᠳᠠᠬᠤ | ᠦᠬᠡᠢ ᠪᠤᠯ ᠦᠬᠡ ᠪᠠᠨ ᠪᠤᠷᠤᠭᠤ ᠪᠢᠴᠢᠵᠤ ᠮᠠᠳᠠᠨ᠎ᠠ᠃ ᠡᠶᠢᠮᠦ ᠠᠴᠠ ᠺᠤᠮᠫᠢᠦ᠋ᠲ᠋ᠧᠷ ᠲᠤ ᠠᠩᠬᠠᠯᠠᠨ ᠦᠬᠡ ᠪᠢᠴᠢᠵᠤ | ᠪᠠᠶᠢᠭ᠎ᠠ ᠬᠦᠮᠦᠰ ᠲᠤ ᠲᠤᠤᠷᠠᠬᠢ ᠬᠡᠳᠦᠨ ᠲᠠᠷᠤᠭᠤᠯ ᠢ ᠵᠦᠪ ᠠᠰᠢᠭᠯᠠᠬᠤ ᠲᠤᠬᠠᠢ ᠲᠠᠨᠢᠯᠴᠠᠭᠤᠯᠤᠶ᠎ᠠ᠃ | E — ᠪᠤᠯ ︽ᠡ᠊ ︵e︶︾ ᠡᠭᠡᠰᠢᠭ | 1. ᠵᠢᠬᠡᠯᠡᠭᠡ ᠦᠬᠡᠨ ᠤ ︽ᠧ᠊᠂ ᠸ᠊᠂ ᠧ ︵e︶︾ ᠡᠬᠡᠰᠢᠭ ᠢ ᠪᠢᠴᠢᠬᠦ ᠳᠤ SHIFT ᠲᠠᠷᠤᠭᠤᠯ ᠢ | ᠲᠠᠷᠤᠵᠤ ᠪᠠᠶᠢᠭᠠᠳ E ᠲᠠᠷᠤᠭᠤᠯ ᠢ ᠲᠤᠶ᠋ᠢᠪᠠᠯ ᠪᠤᠯᠴᠢᠬᠠᠨ᠎ᠠ᠃ ᠵᠢᠱᠢᠶ᠎ᠠ᠄ ᠧᠦ᠋ᠷᠦᠫᠠ᠂ ᠯᠧᠨᠢᠨ᠂ ᠢᠮᠧᠯ᠂ ᠳ᠋ᠧ | ᠬᠡᠬᠦ ᠮᠡᠳᠦ᠃ | 2. ᠵᠢᠬᠡᠯᠡᠭᠡ ᠦᠬᠡᠨ ᠤ ︽ᠸ᠊ ︵e︶︾ ᠡᠬᠡᠰᠢᠭ ᠢ ᠪᠢᠴᠢᠬᠦ ᠳᠤ W ᠲᠠᠷᠤᠭᠤᠯ ᠢ ᠲᠤᠶ᠋ᠢᠭᠰᠠᠨ ᠴᠦ | ᠪᠤᠯᠤᠨ᠎ᠠ᠃ ᠵᠢᠱᠢᠶ᠎ᠡ᠄ ᠵᠧᠩ᠂ ᠹᠧᠩ ᠬᠡᠬᠦ ᠮᠡᠳᠤ᠃ | I — ᠪᠤᠯ ︽ᠢ︾ ᠡᠭᠡᠰᠢᠭ | 1. ᠲᠠᠪᠬᠤᠷ ᠰᠢᠯᠪᠢ ᠲᠠᠢ ︽ᠶᠢ᠊︾ ᠡᠬᠡᠰᠢᠭ ᠪᠤᠯ I ᠲᠠᠷᠤᠭᠤᠯ ᠢ ᠰᠢᠭᠤᠳ ᠲᠤᠶ᠋ᠢᠪᠠᠯ ᠪᠤᠯᠴᠢᠬᠠᠨ᠎ᠠ᠃ | ᠵᠢᠱᠢᠶᠡᠯᠡᠪᠡᠯ᠄ ᠠᠶᠢᠯ᠂ ᠤᠶᠢᠯᠠᠭᠠᠬᠤ ᠬᠡᠬᠦ ᠮᠡᠳᠤ᠃ ᠬᠡᠷᠪᠡ ᠲᠤᠮᠳᠠ ᠤᠷᠤᠬᠤ ︽ᠸ᠊︾ ᠡᠬᠡᠰᠢᠭ ᠤᠨ ᠲᠠᠷᠠᠭ᠎ᠠ | ᠤᠷᠤᠪᠠᠯ SHIFT ᠲᠠᠷᠤᠭᠤᠯ ᠢ ᠲᠠᠷᠤᠵᠤ ᠪᠠᠶᠢᠭᠠᠳ I ᠲᠠᠷᠤᠭᠤᠯ ᠢ ᠲᠤᠶ᠋ᠢᠪᠠᠯ ᠪᠤᠯᠴᠢᠬᠠᠨ᠎ᠠ᠃ ᠵᠢᠱᠢᠶ᠎ᠡ᠄ | ᠰᠤᠹᠲ᠋ᠧ᠊ ᠶᠢ᠊ ᠷ — ᠰᠤᠹᠲ᠋ᠧᠶᠢᠷ ᠭᠡᠬᠦ ᠮᠡᠳᠤ | 2. ᠲᠠᠩ ᠰᠢᠯᠪᠢ ᠲᠠᠢ ︽ᠵ᠊︾ ᠡᠬᠡᠰᠢᠭ ᠢ ᠪᠢᠴᠢᠬᠦ ᠳᠤ ᠪᠠᠨ ᠬᠡᠶᠢᠬᠦᠯᠦᠭᠴᠢ ᠪᠠ ᠡᠭᠡᠰᠢᠭ ︽ᠦ᠊ ︵6︶ | ᠂ ᠦ᠊ ︵7︶︾ ᠶᠢᠨ ᠲᠠᠷᠠᠭ᠎ᠠ ᠤᠷᠤᠬᠤ ᠳᠤ ᠬᠦᠷᠪᠡᠯ I ᠲᠠᠷᠣᠭᠤᠯ ᠢ ᠰᠢᠭᠤᠳ ᠲᠤᠶ᠋ᠢᠨᠠ᠃ ᠵᠢᠱᠢᠶᠡᠯᠡᠪᠡᠯ᠄ | ᠵᠢᠯ᠂ ᠪᠢᠴᠢᠭ᠂ ᠪᠠᠷᠢᠪᠴᠢᠯᠠᠬᠤ᠂ ᠦᠢᠯᠡᠰ ᠬᠦᠢᠳᠡᠨ ᠬᠡᠬᠦ ᠮᠡᠳᠤ᠃ | 3. ︽ᠨᠠᠢᠮᠠᠨ᠂ ᠰᠢᠢᠳᠪᠦᠷᠢ︾ ᠬᠡᠬᠦ ᠦᠬᠡ ᠶᠢᠨ ᠲᠠᠩ ᠰᠢᠯᠪᠢ ᠲᠠᠢ ︽ᠵ᠊︾ ᠡᠭᠡᠰᠢᠭ ᠢ ᠪᠢᠴᠢᠭᠯᠡᠬᠦ ᠳᠤ | SHIFT ᠲᠠᠷᠤᠭᠤᠯ ᠢ ᠲᠠᠷᠤᠵᠤ ᠪᠠᠶᠢᠭᠠᠳ I ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠠ᠄ ᠨᠠ᠊ ᠵ᠊ ᠮᠠᠨ — | ᠨᠠᠢᠮᠠᠨ᠂ ᠰᠢ᠊ ᠵ᠊ ᠳᠪᠦᠷᠢ — ᠰᠢᠢᠳᠪᠦᠷᠢ ᠬᠡᠬᠦ ᠮᠡᠳᠤ᠃ | H — ᠪᠤᠯ ︽ᠬ᠊ ᠭ᠊᠂ ᠡᠾ᠊ ︵h︶︾ ᠬᠡᠶᠢᠬᠦᠯᠦᠭᠴᠢ ︽ᠾ᠊︾ ᠬᠡᠶᠢᠬᠦᠯᠦᠭᠴᠢ ᠶᠢ ᠪᠢᠴᠢᠬᠦ ᠳᠤ | SHIFT ᠲᠠᠷᠤᠭᠤᠯ ᠢ ᠲᠠᠷᠤᠵᠤ ᠪᠠᠶᠢᠭᠠᠳ H ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠠ᠄ ᠾᠧᠨᠠᠨ᠂ | ᠠᠨᠾᠦ᠋ᠢ᠂ ᠾᠦᠩᠨᠦ ᠬᠡᠬᠦ ᠮᠡᠳᠤ᠃ | L — ᠪᠤᠯ ︽ᠯ᠊᠂ ᡀ᠊︾ ᠬᠡᠶᠢᠬᠦᠯᠦᠭᠴᠢ ︽ᡀ᠊︾ ᠬᠡᠶᠢᠬᠦᠯᠦᠭᠴᠢ ᠶᠢ ᠪᠢᠴᠢᠬᠦ ᠳᠤ SHIFT | ᠲᠠᠷᠤᠭᠤᠯ ᠢ ᠲᠠᠷᠤᠵᠤ ᠪᠠᠶᠢᠭᠠᠳ ︽ᡀ᠊︾ ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠠ᠄ ᡀᠠᠰᠠ᠂ | ᡀᠠᠮᠤᠵᠠᠪ ᠬᠡᠬᠦ ᠮᠡᠳᠤ᠃ | X — ᠪᠤᠯ ︽ᠱ᠊ ︵︶︾ ᠬᠡᠶᠢᠬᠦᠯᠦᠭᠴᠢ ︽ᠱ᠊︾ ᠬᠡᠶᠢᠬᠦᠯᠦᠭᠴᠢ ︽ᠢ᠊︾ ᠡᠭᠡᠰᠢᠭ ᠤᠨ ᠡᠮᠦᠨ᠎ᠡ | ᠤᠷᠤᠬᠤ ᠳᠤ ᠪᠠᠨ ᠲᠤᠰᠤᠯ ᠢᠶᠠᠨ ᠤᠷᠬᠢᠵᠤ S ᠲᠠᠷᠣᠭᠤᠯ ᠲᠤᠶ᠋ᠢᠪᠠᠯ ᠪᠢᠴᠢᠭᠳᠡᠨᠠ᠃ ᠵᠢᠱᠢᠶ᠎ᠡ᠄ ᠱ᠊ ᠵ᠊ ᠷ ᠡ — | ᠰᠢᠷ᠎ᠡ᠂ ᠱ᠊ ᠵ᠊ ᠱ᠊ ᠢ — ᠰᠢᠰᠢ ᠬᠡᠬᠦ ᠮᠡᠳᠦ᠃ ᠠᠩᠬᠠᠷᠤᠭᠤᠰᠢᠳᠠᠢ ᠨᠢ᠂ ︽ᠱᠢᠷᠦ︾ ᠬᠡᠳᠡᠭ ᠪᠤᠯ ᠲᠤᠭᠳᠠᠭᠰᠠᠨ | ᠪᠢᠴᠢᠯᠭᠡ ᠲᠠᠢ ᠦᠬᠡ᠂ ︽ᠱᠢᠷᠦ ᠰᠤᠪᠤᠳ︾ ᠬᠡᠵᠤ ᠬᠤᠯᠪᠤᠵᠤ ᠬᠡᠷᠡᠭᠯᠡᠳᠡᠭ᠂ ︽ᠵᠢᠱᠢᠶ᠎ᠠ︾ ︵ᠦᠯᠢᠭᠡᠷ ᠵᠢᠱᠢᠶ᠎ᠡ︶ | ᠬᠡᠵᠤ ᠪᠢᠴᠢᠵᠤ ᠬᠡᠷᠡᠭᠯᠡᠵᠤ ᠪᠠᠶᠢᠳᠠᠭ ᠨᠢ ︽ᠡᠬᠡᠯᠵᠢ ᠵᠢᠰᠢᠶ᠎ᠠ︾ ᠶᠢᠨ ︽ᠵᠢᠰᠢᠶ᠎ᠠ︾ ᠠᠴᠠ ᠢᠯᠭᠠᠵᠤ ᠬᠡᠷᠡᠭᠯᠡᠬᠦ | ᠶᠢᠨ ᠲᠦᠯᠦᠭᠡ ᠶᠤᠮ᠃ | T — ᠪᠤᠯ ︽ᠲ᠊ ︵t︶︾ ᠬᠡᠶᠢᠬᠦᠯᠦᠭᠴᠢ | 1. ᠵᠢᠬᠡᠯᠡᠭᠡ ᠦᠬᠡᠨ ᠤ ᠲᠤᠮᠳᠠ ᠤᠷᠤᠬᠤ ︽ᠲ᠊ ︵t︶︾ ᠶᠢ ᠪᠢᠴᠢᠭᠯᠡᠬᠦ ᠳᠤ ︽ᠸ᠊︾ ᠡᠭᠡᠰᠢᠭ ᠤᠨ | ᠡᠮᠦᠨ᠎ᠡ ᠤᠷᠤᠪᠠᠯ T ᠲᠠᠷᠤᠭᠤᠯ ᠢ ᠰᠢᠭᠤᠳ ᠲᠤᠶ᠋ᠢᠪᠠᠯ ᠪᠤᠯᠴᠢᠬᠠᠨ᠎ᠠ᠃ ᠵᠢᠱᠢᠶ᠎ᠡ᠄ ᠮᠠᠲ᠋ᠧᠷᠢᠶᠡᠯ᠂ ᠰᠢᠰᠲ᠋ᠧᠮ᠂ ᠬᠡᠬᠦ | ᠮᠡᠳᠦ᠃ ᠬᠡᠷᠪᠡ ᠪᠤᠰᠤᠳ ᠡᠬᠡᠰᠢᠭ ᠤᠨ ᠡᠮᠦᠨ᠎ᠡ ᠤᠷᠤᠪᠡᠯ SHIFT ᠲᠠᠷᠤᠭᠤᠯ ᠢ ᠲᠠᠷᠤᠵᠤ ᠪᠠᠶᠢᠭᠠᠳ T | ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠡ᠄ ᠯᠠᠲ᠋ᠢᠨ ᠬᠡᠬᠦ ᠮᠡᠳᠦ᠃ | 2. ᠠᠳᠠᠭ ᠲᠤ ᠤᠷᠤᠬᠤ ︽ᠲ ︵︶︾ ᠶᠢ ᠪᠢᠴᠢᠭᠯᠡᠬᠦ ᠳᠤ SHIFT ᠲᠠᠷᠤᠭᠤᠯ ᠢ ᠲᠠᠷᠤᠵᠤ ᠪᠠᠶᠢᠭᠠᠳ | T ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠡ᠄ ᠹᠷᠤᠨᠲ ᠬᠡᠬᠦ ᠮᠡᠳᠦ᠃ D — ︽ᠳ᠋᠊ ︵d︶︾ | ᠬᠡᠶᠢᠬᠦᠯᠦᠭᠴᠢ ᠦᠬᠡ ᠶᠢᠨ ᠡᠬᠢᠨ ᠳᠤ ᠤᠷᠤᠬᠤ ︽ᠳ᠋᠊︾᠂ ᠲᠤᠮᠳᠠ ︽ᠳ᠋᠊︾᠂ ᠠᠳᠠᠭ ᠲᠤ ᠤᠷᠤᠬᠤ ︽ᠳ᠋︾ | ᠬᠡᠶᠢᠬᠦᠯᠦᠭᠴᠢ ᠶᠢ ᠶᠢ ᠪᠢᠴᠢᠬᠦ ᠳᠤ SHIFT ᠲᠠᠷᠤᠭᠤᠯ ᠢ ᠲᠠᠷᠤᠵᠤ ᠪᠠᠶᠢᠭᠠᠳ D ᠲᠠᠷᠤᠭᠤᠯ ᠢ ᠲᠤᠶ᠋ᠢᠪᠡᠯ | ᠪᠤᠯᠴᠢᠬᠠᠨ᠎ᠠ᠃ ᠵᠢᠱᠢᠶ᠎ᠡ᠄ ᠳ᠋ᠦᠩᠰᠢᠭᠤᠷ᠂ ᠡᠳ᠋ᠯᠡᠬᠦ᠂ ᠡᠳ᠋ ᠬᠡᠬᠦ ᠮᠡᠳᠦ᠃ | NG — ᠪᠤᠯ ︽ᠩ᠊︾ ᠬᠡᠶᠢᠬᠦᠯᠦᠭᠴᠢ ︽ᠩ᠊︾ ᠬᠡᠶᠢᠬᠦᠯᠦᠭᠴᠢ ᠶᠢ ᠪᠢᠴᠢᠬᠦ ᠳᠤ N ᠪᠤᠯᠤᠨ G | ᠬᠡᠶᠢᠬᠦᠯᠦᠭᠴᠢ ᠲᠤᠶ᠋ᠢᠪᠠᠯ ᠪᠤᠯᠴᠢᠬᠠᠨ᠎ᠠ᠃ ᠵᠢᠱᠢᠶ᠎ᠡ᠄ ᠮᠤᠩᠭᠤᠯ᠂ ᠡᠩᠭᠡ ᠬᠡᠬᠦ ᠮᠡᠳᠤ᠃ | Z — ᠪᠤᠯ ︽ᠼ᠊᠂ ᠽ᠊︾ ᠬᠡᠶᠢᠬᠦᠯᠦᠭᠴᠢ ︽ᠼ᠊︾ ᠬᠡᠶᠢᠬᠦᠯᠦᠭᠴᠢ ᠶᠢ ᠪᠢᠴᠢᠬᠦ ᠳᠤ SHIFT | ᠲᠠᠷᠤᠭᠤᠯ ᠢ ᠲᠠᠷᠤᠵᠤ ᠪᠠᠶᠢᠭᠠᠳ Z ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠠ᠄ ᠺᠠᠯᠼ᠂ ᠹᠷᠠᠨᠼᠢ ᠬᠡᠬᠦ | ᠮᠡᠳᠦ᠃ ︽ᠽ᠊︾ ᠬᠡᠶᠢᠬᠦᠯᠦᠭᠴᠢ ᠶᠢ ᠪᠢᠴᠢᠬᠦ ᠳᠤ Z ᠲᠠᠷᠤᠭᠤᠯ ᠢ ᠰᠢᠭᠤᠳ ᠲᠤᠶ᠋ᠢᠪᠠᠯ ᠪᠤᠯᠴᠢᠬᠠᠨ᠎ᠠ᠃ ᠵᠢᠱᠢᠶ᠎ᠡ᠄ | ᠠᠽᠢᠶ᠎ᠡ᠂ ᠽᠠᠨᠳᠠᠨ᠂ ᠨᠢᠽᠢ ᠬᠡᠬᠦ ᠮᠡᠳᠦ᠃ | R — ᠪᠤᠯ ︽ᠿ᠊︾ ᠭᠡᠶᠢᠬᠦᠯᠦᠭᠴᠢ ︽ᠿ᠊︾ ᠬᠡᠶᠢᠬᠦᠯᠦᠭᠴᠢ ᠶᠢ ᠪᠢᠴᠢᠬᠦ ᠳᠤ SHIFT ᠲᠠᠷᠤᠭᠤᠯ ᠢ | ᠲᠠᠷᠤᠵᠤ ᠪᠠᠶᠢᠭᠠᠳ R ᠲᠠᠷᠤᠭᠤᠯ ᠢ ᠲᠤᠶ᠋ᠢᠪᠡᠯ ᠪᠤᠯᠴᠢᠬᠠᠨ᠎ᠠ᠃ ᠵᠢᠱᠢᠶ᠎ᠡ᠄ ᠿᠦᠨ ᠲᠦ᠋ | ᠲᠤᠭᠠᠨ ᠤ ᠲᠠᠷᠤᠭᠤᠯ ︵1 — 9︶ | 1 ᠪᠤᠯ ᠶᠢᠨ ᠤᠨ ᠤ᠂ 2 ᠪᠤᠯ ᠶᠢ ᠢ᠂ 3 ᠪᠤᠯ ᠳᠤ ᠲᠤ᠂ 4 ᠪᠤᠯ ᠪᠠᠷ ᠢᠶᠠᠷ᠂ 5 ᠪᠤᠯ ᠪᠠᠨ ᠢᠶᠠᠨ᠂ 6 | ᠪᠤᠯ ᠳᠠᠭᠠᠨ ᠳᠡᠭᠡᠨ ᠲᠠᠭᠠᠨ ᠲᠡᠭᠡᠨ᠂ 7 ᠪᠤᠯ ᠨᠤᠭᠤᠳ ᠨᠦᠭᠦᠳ ᠤᠳ᠂ 8 ᠪᠤᠯ ᠳᠠᠬᠢ ᠲᠠᠬᠢ᠂ 9 ᠪᠤᠯ ᠠᠴᠠ | ᠲᠤᠭᠠᠨ ᠤ ᠲᠠᠷᠣᠭᠤᠯ ᠢ ᠠᠰᠢᠭᠯᠠᠬᠤ ᠳᠤ ᠪᠠᠨ ᠬᠡᠳᠤ ᠬᠡᠳᠤᠨ ᠲᠠᠭᠠᠪᠤᠷᠢ ᠲᠠᠢ ᠪᠤᠯ ᠳ᠋ᠤᠭᠠᠷ ᠢ ᠨᠢ ᠦᠵᠡᠵᠤ | ᠰᠤᠩᠭᠤᠯᠳᠠ ᠲᠠᠢ ᠠᠰᠢᠭᠯᠠᠨ᠎ᠠ᠃ | ᠴᠡᠭ ᠲᠡᠮᠳᠡᠭ ᠴᠡᠭ ᠲᠡᠮᠳᠡᠭ ᠤᠳ ᠢ ᠠᠰᠢᠭᠯᠠᠬᠤ ᠳᠤ SHIFT ᠲᠠᠷᠤᠭᠤᠯ ᠢ ᠲᠠᠷᠤᠵᠤ ᠪᠠᠶᠢᠭᠠᠳ | ᠲᠤᠶ᠋ᠢᠪᠠᠯ ᠲᠡᠭᠡᠷᠡᠬᠢ ᠴᠡᠭ ᠲᠡᠮᠳᠡᠭ᠂ SHIFT ᠲᠠᠷᠤᠭᠤᠯ ᠢ ᠲᠠᠷᠤᠬᠤ ᠦᠬᠡᠢ ᠲᠤᠶ᠋ᠢᠪᠠᠯ ᠲᠤᠤᠷᠠᠬᠢ ᠴᠡᠭ ᠲᠡᠮᠳᠡᠭ | ᠪᠤᠯᠤᠨ᠎ᠠ᠃ | ※ ᠪᠤᠷᠤᠭᠤᠳᠠᠭᠰᠠᠨ ᠪᠠᠶᠢᠵᠤ ᠮᠡᠳᠡᠨ᠎ᠡ᠂ ᠰᠢᠬᠦᠮᠵᠢᠯᠡᠯᠳᠡᠢ ᠰᠤᠨᠢᠷᠬᠠᠭᠠᠷᠠᠢ︕ | | |