| | ᠶᠠᠫᠤᠨ ᠤ ᠰᠤᠶᠤᠯ ᠤᠨ ᠬᠠᠮᠤᠭ ᠲᠡᠭᠡᠳᠤ ᠱᠠᠩᠨᠠᠯ ᠪᠤᠯᠠᠬᠤ ︽ᠰᠤᠶᠤᠯ ᠤᠨ ᠤᠳᠤᠨ︾ | ᠱᠠᠩ ᠬᠦᠷᠳᠡᠭᠰᠡᠨ ᠶᠠᠫᠤᠨ ᠤ ᠠᠯᠳᠠᠷᠳᠤ ᠵᠤᠬᠢᠶᠠᠯᠴᠢ ᠰᠢᠪᠠᠷᠢᠶᠤ ᠲᠠᠷᠤᠤ᠋ ︵司马辽太郎 1923 — | 1996 ᠤᠨ︶ ᠶᠢᠨ ︿︿ᠲᠠᠯ᠎ᠠ ᠨᠤᠳᠤᠭ ᠤᠨ ᠲᠡᠮᠳᠡᠭᠯᠡᠯ︾ ᠢ ᠰᠤᠨᠢᠷᠬᠠᠨ ᠤᠡᠭᠰᠢᠬᠤ ᠲᠠᠰᠢᠷᠠᠮ ᠳᠤ ︽ᠮᠢᠨᠤ | ᠪᠡᠶ᠎ᠠ 1923 ᠤᠨ ᠳᠤ ᠲᠦᠷᠦᠭᠰᠡᠨ᠂᠂᠂ ᠤᠳᠤ ᠶᠢᠨ ᠤᠤᠰᠺᠠ ᠶᠢᠨ ᠭᠠᠳᠠᠭᠠᠳᠤ ᠬᠡᠯᠡᠨ ᠤ ᠲᠡᠭᠡᠳᠤ ᠰᠤᠷᠭᠠᠭᠤᠯᠢ | ᠭᠡᠵᠤ ᠨᠠᠷᠡᠯᠡᠭᠳᠡᠵᠤ ᠪᠤᠢ ᠲᠡᠷᠡ ᠰᠤᠷᠭᠠᠭᠤᠯᠢ ᠳᠤ ᠮᠤᠩᠭᠤᠯ ᠬᠡᠯᠡ ᠰᠤᠷᠤᠭᠰᠠᠨ ᠶᠤᠮ᠃ ᠮᠢᠨᠤ ᠡᠮᠤᠰᠴᠤ ᠪᠤᠢ | ᠡᠸᠦ᠋ᠷᠦᠫᠡ ᠬᠤᠪᠴᠠᠰᠤ ᠶᠢ ᠬᠠᠷ᠎ᠠ ᠳ᠋ᠠ︕ ᠲᠡᠷᠡ ᠦᠶ᠎ᠡ ᠳᠤ ᠬᠤᠷᠢᠭᠠᠳᠬᠠᠨ ᠨᠠᠰᠤᠳᠠᠢ᠂ ᠦᠪᠦᠷ ᠮᠤᠩᠭᠤᠯ ᠳᠤ | ᠲᠦᠷᠦᠭᠰᠡᠨ ᠡᠷᠳᠡᠮᠪᠠᠭᠠᠳᠤᠷ ᠫᠧᠷᠤᠹᠧᠰᠰᠤᠷ ᠠᠷᠪᠠᠭᠠᠳ ᠤᠶᠤᠳᠡᠨ ᠪᠢᠳᠡᠨ ᠤ ᠡᠮᠦᠨ᠎ᠡ ᠦᠪᠡᠷ ᠢ ᠪᠠᠨ ᠵᠢᠭᠠᠭᠠᠳ | ᠡᠶᠢᠨ ᠬᠡᠯᠡᠵᠤ ᠪᠢᠯᠡ᠃ ᠲᠡᠷᠡᠪᠡᠷ ᠴᠢᠩᠬᠢᠰ ᠬᠠᠭᠠᠨ ᠤ ᠤᠳᠤᠮ ᠤᠨ ᠠᠶᠢᠯ ᠠᠴᠠ ᠭᠠᠷᠤᠯᠳᠠᠢ᠂ ᠴᠤᠩᠬᠢᠭᠠᠷ᠂ | ᠬᠡᠤᠬᠡᠳ ᠴᠢᠷᠠᠢ ᠲᠠᠢ ᠬᠦᠮᠦᠨ ᠪᠠᠶᠢᠯ᠎ᠠ᠃ ᠲᠠᠷᠠᠪᠠᠷ ᠠᠮᠧᠷᠢᠺᠠ ᠳᠤ ᠰᠤᠷᠤᠯᠴᠠᠵᠤ ᠪᠠᠶᠢᠬᠤ ᠳᠠᠭᠠᠨ ᠡᠳ᠋ᠯᠠᠵᠤ | ᠪᠠᠶᠢᠭᠰᠠᠨ ᠰᠧᠪᠢᠷᠤᠸ᠋ ᠤᠨ ᠢᠶᠠᠨ ᠡᠩᠭᠡᠷ ᠢ ᠵᠢᠭᠠᠭᠠᠳ ᠡᠨᠡ ᠡᠸᠦ᠋ᠷᠦᠫᠡ ᠬᠤᠪᠴᠠᠰᠤᠨ ᠤ ᠡᠪᠦᠭᠡ ᠶᠠᠭᠠᠬᠢᠬᠤ ᠶᠢᠨ | ᠠᠷᠭ᠎ᠠ ᠦᠬᠡᠢ ᠡᠷᠳᠡᠨ ᠤ ︽hun︾ ᠦᠨᠳᠦᠰᠦᠳᠡᠨ ᠶᠤᠮ ᠰᠢᠤ ᠳ᠋ᠠ ᠬᠡᠰᠡᠨ ᠪᠢᠯᠡ᠂᠂᠂︾ ᠭᠡᠵᠤ ᠲᠡᠮᠳᠡᠭᠯᠡᠵᠦ | ᠪᠤᠢ᠃ | ᠡᠨᠡᠬᠦ ᠨᠤᠮ ᠢ ᠤᠡᠭᠰᠢᠭ᠌ᠰᠡᠨ ᠤ ᠲᠠᠷᠠᠭ᠎ᠠ ᠶᠠᠫᠤᠨ ᠤ ᠤᠤᠰᠺᠠ ᠶᠢᠨ ᠭᠠᠳᠠᠭᠠᠳᠤ ᠬᠡᠯᠡᠨ ᠤ ᠶᠡᠭᠡ | ᠰᠤᠷᠭᠠᠭᠤᠯᠢ ᠳᠤ ᠪᠠᠭᠰᠢᠯᠠᠵᠤ᠂ ᠤᠳᠬ᠎ᠠ ᠰᠤᠶᠤᠯ ᠤᠨ ᠠᠯᠳᠠᠷᠳᠤ ᠬᠦᠮᠦᠨ ᠰᠢᠪᠠᠷᠢᠶᠤ ᠲᠠᠷᠤᠤ᠋ ᠳᠤ ᠡᠷᠳᠡᠮ ᠨᠤᠮ | ᠰᠤᠷᠭᠠᠵᠤ᠂ ᠮᠤᠩᠭᠤᠯ ᠬᠡᠯᠡ ᠵᠢᠭᠠᠵᠤ ᠠᠭᠰᠠᠨ ᠦᠪᠦᠷ ᠮᠤᠩᠭᠤᠯ ᠤᠨ ᠡᠷᠳᠡᠮᠳᠤ ᠬᠦᠮᠦᠨ ᠡᠷᠳᠡᠮᠪᠠᠭᠠᠳᠤᠷ ᠢ | ᠭᠠᠶᠢᠬᠠᠨ ᠪᠢᠰᠢᠷᠡᠵᠤ ᠠᠯᠢᠬᠠᠨ ᠨᠤᠳᠤᠭ ᠤᠨ ᠬᠡᠨ ᠤ ᠬᠤᠶᠢᠴᠢᠰ ᠪᠤᠯᠠᠬᠤ ᠶᠢ ᠰᠤᠨᠢᠷᠬᠠᠵᠤ ᠪᠠᠶᠢᠯ᠎ᠠ᠃ ᠲᠡᠭᠡᠵᠤ | ᠠᠳᠠᠯ᠎ᠠ ᠵᠠᠬᠢᠶᠠᠯᠠᠭᠰᠡᠨ ︽ᠠᠯᠳᠠᠨ ᠲᠦᠯᠬᠢᠭᠦᠷ︾ (2011᠂ 02) ᠮᠠᠨᠢ ᠢᠷᠡᠵᠤ ︽ᠦᠨᠳᠦᠰᠦᠳᠡᠨ ᠤ ᠤᠳᠬ᠎ᠠ | ᠵᠤᠬᠢᠶᠠᠯ︾ ᠰᠡᠳᠭᠦᠯ ᠤᠨ ᠬᠤᠷᠢᠶᠠᠨ ᠤ ᠶᠦᠡᠭ ᠬᠤᠸᠠ ᠪᠠᠭᠰᠢ ᠶᠢᠨ ᠡᠷᠳᠡᠮᠪᠠᠭᠠᠳᠤᠷ ᠪᠠ ᠲᠡᠭᠦᠨ ᠤ ︽ᠭᠤᠪᠢ | ᠮᠠᠩᠬ᠎ᠠ ᠶᠢᠨ ᠴᠡᠴᠡᠭ ︾ ᠤᠨ ᠲᠤᠬᠠᠢ ᠭᠡᠬᠦ ᠵᠤᠬᠢᠶᠠᠯ ᠢ ᠤᠡᠭᠰᠢᠵᠤ ᠡᠷᠳᠡᠮᠪᠠᠭᠠᠳᠤᠷ ᠤᠨ ᠲᠤᠬᠠᠢ ᠤᠯᠠᠮ ᠭᠦᠨᠵᠡᠭᠡᠢ | ᠤᠶᠢᠯᠭᠠᠵᠤ ᠪᠢᠯᠡ᠃ | ᠡᠷᠳᠡᠮᠪᠠᠭᠠᠳᠤᠷ᠂ 1914 ᠤᠨ ᠤ 6 ᠰᠠᠷ᠎ᠠ ᠶᠢᠨ 13 ᠳᠤ᠂ ᠤᠤᠯ ᠤᠨ ᠵᠤᠤ ᠤᠳᠠ | ᠴᠢᠭᠤᠯᠭᠠᠨ ᠤ ᠬᠡᠰᠢᠭᠳᠡᠨ ᠬᠤᠰᠢᠭᠤᠨ ᠤ ᠵᠡᠬᠢᠷᠤᠭᠴᠢ ᠰᠧᠳᠢᠳᠠᠷᠤᠮᠠ ᠪᠠᠰᠠ ᠱᠠᠯᠰᠠᠶᠢᠮᠡ ᠭᠡᠳᠡᠭ ︵ᠬᠢᠳᠡᠳ ᠨᠡᠷ᠎ᠡ | ᠨᠢ ᠯᠦ ᠵᠢᠢ ᠰᠠᠨ ᠪᠤᠶᠤ ᠯᠦ ᠯᠢᠶᠠᠨ ᠱᠸᠡᠭ︶ ᠤᠨ ᠬᠦᠪᠡᠭᠦᠨ ᠪᠤᠯᠤᠨ ᠵᠠᠶᠠᠭᠠᠵᠠᠢ᠃ 1930 ᠤᠨ ᠳᠤ᠂ | ᠬᠡᠰᠢᠭᠳᠡᠨ ᠬᠤᠰᠢᠭᠤᠨ ᠤ ᠦᠨᠳᠦᠷ ᠵᠡᠷᠭᠡ ᠶᠢᠨ ᠪᠠᠭ᠎ᠠ ᠰᠤᠷᠭᠠᠭᠤᠯᠢ ᠶᠢ ᠲᠡᠭᠦᠰᠭᠡᠵᠤ᠂ ᠹᠸᠡᠭᠲ᠋ᠢᠶᠠᠨ ᠮᠤᠵᠢ ᠳᠠᠬᠢ | ᠮᠤᠩᠭᠤᠯ ᠦᠨᠳᠦᠰᠦᠳᠡᠨ ᠤ ᠪᠠᠭᠰᠢ ᠶᠢᠨ ᠰᠤᠷᠭᠠᠭᠤᠯᠢ ᠳᠤ ᠰᠢᠯᠭᠠᠭᠳᠡᠨ ᠤᠷᠤᠵᠠᠢ᠃ ︽9.18 ᠤ ᠬᠡᠷᠡᠭ | ᠬᠤᠪᠢᠰᠤᠯ︾ ︵1931 ᠤᠨ︶ ᠡᠭᠦᠰᠦᠭᠰᠡᠨ ᠤ ᠲᠠᠷᠠᠭ᠎ᠠ᠂ ᠮᠤᠩᠭᠤᠯ ᠦᠨᠳᠦᠰᠦᠳᠡᠨ ᠤ ᠨᠢᠭᠡ ᠪᠦᠯᠦᠭ | ᠰᠡᠬᠡᠭᠡᠷᠡᠭᠰᠡᠨ ᠵᠠᠯᠠᠭᠤᠴᠤᠳ ᠦᠪᠦᠷ ᠮᠤᠩᠭᠤᠯ ᠤᠨ ᠲᠤᠰᠠᠭᠠᠷ ᠲᠤᠭᠳᠠᠨᠢᠯ ᠤᠨ ᠴᠡᠷᠢᠭ ᠢ ᠵᠤᠬᠢᠶᠠᠨ ᠪᠠᠶᠢᠭᠤᠯᠬᠤ ᠳᠤ᠂ | ᠠᠷᠪᠠᠨ ᠲᠤᠯᠤᠭᠠᠨ ᠨᠠᠰᠤᠳᠠᠢ ᠪᠠᠶᠢᠭᠰᠡᠨ ᠡᠷᠳᠡᠮᠪᠠᠭᠠᠳᠤᠷ ᠴᠦ ᠰᠤᠷᠤᠭᠴᠢ ᠴᠡᠷᠢᠭ ᠤᠨ ᠬᠤᠪᠢ ᠪᠠᠷ ᠤᠷᠤᠯᠴᠭᠰᠡᠨ | ᠪᠠᠶᠢᠨ᠎ᠠ᠃ 1932 ᠤᠨ ᠳᠤ᠂ ᠪᠡᠭᠡᠵᠢᠩ ᠳᠠᠬᠢ ᠮᠤᠩᠭᠤᠯ ᠲᠥᠪᠡᠳ ᠤᠨ ᠰᠤᠷᠭᠠᠭᠤᠯᠢ ᠳᠤ ᠬᠠᠭᠠᠰ ᠵᠢᠯ | ᠰᠤᠷᠤᠯᠴᠠᠨ᠂ ᠲᠠᠬᠢᠨ ᠨᠠᠨᠵᠢᠩ ᠳᠠᠬᠢ ᠲᠦᠪ ᠤᠨ ᠤᠯᠤᠰ ᠲᠦᠷᠦ ᠶᠢᠨ ᠰᠤᠷᠭᠠᠭᠤᠯᠢ ᠳᠤ ᠰᠢᠯᠭᠠᠭᠳᠠᠨ ᠤᠷᠤᠵᠤ | ᠰᠤᠷᠤᠯᠴᠠᠵᠠᠢ᠃ 1933 — 1935 ᠤᠨ ᠪᠤᠯᠳᠠᠯ᠎ᠠ᠂ ᠲᠦᠪ ᠤᠨ ᠤᠯᠤᠰ ᠲᠦᠷᠦ ᠶᠢᠨ ᠰᠤᠷᠭᠠᠭᠤᠯᠢ ᠶᠢᠨ | ᠮᠤᠩᠭᠤᠯ ᠲᠥᠪᠡᠳ ᠤᠨ ᠰᠤᠷᠭᠠᠨ ᠬᠦᠮᠦᠵᠢᠯ ᠵᠠᠰᠠᠭ ᠵᠠᠬᠢᠷᠭᠠᠨ ᠤ ᠪᠦᠯᠬᠦᠮ ᠤᠨ ᠰᠤᠷᠭᠠᠭᠤᠯᠢ ᠪᠠᠨ ᠲᠡᠭᠦᠰᠭᠡᠭᠰᠡᠨ ᠤ | ᠲᠠᠷᠠᠭ᠎ᠠ᠂ ᠪᠠᠢ ᠯᠢᠩ ᠮᠢᠶᠤᠤ ᠶᠢᠨ ᠮᠤᠩᠭᠤᠯ ᠵᠠᠰᠠᠭ ᠤᠨ ᠵᠠᠬᠢᠷᠭᠠᠨ ᠳᠠᠬᠢ ᠪᠠᠢ ᠯᠢᠩ ᠮᠢᠶᠤᠤ ᠪᠠᠭ᠎ᠠ | ᠰᠤᠷᠭᠠᠭᠤᠯᠢ ᠶᠢᠨ ᠵᠠᠬᠢᠷᠤᠯ ᠤᠨ ᠲᠤᠰᠢᠶᠠᠯ ᠳᠤ ᠪᠠᠶᠢᠵᠠᠢ᠃ 1936 ᠤᠨ ᠳᠤ ᠳ᠋ᠧ ᠬᠤᠸᠠ ᠳᠠᠬᠢ ᠮᠤᠩᠭᠤᠯ ᠤᠨ | ᠴᠡᠷᠢᠭ ᠤᠨ ᠵᠠᠰᠠᠭ ᠤᠨ ᠤᠷᠳᠤᠨ ᠤ ᠠᠯᠪᠠᠨ ᠭᠡᠷ ᠤᠨ ᠬᠠᠷᠢᠶᠠᠳᠤ ᠲᠦᠰᠢᠮᠡᠯ ᠪᠤᠯᠵᠤ᠂ 1937 ᠤᠨ ᠳᠤ | ᠬᠠᠭᠤᠷᠮᠠᠭ ᠮᠤᠩᠭᠤᠯ ᠤᠨ ᠬᠤᠯᠪᠤᠭᠠᠳᠤ ᠵᠠᠰᠠᠭ ᠤᠨ ᠤᠷᠳᠤᠨ ᠤ ᠤᠯᠤᠰ ᠲᠦᠷᠦ ᠶᠢᠨ ᠬᠤᠷᠢᠶᠠᠨ ᠤ ᠬᠠᠷᠢᠶᠠᠳᠤ | ᠲᠦᠰᠢᠮᠡᠯ ᠪᠤᠯᠤᠨ᠂ 1938 ᠤᠨ ᠳᠤ ᠬᠠᠭᠤᠷᠮᠠᠭ ᠮᠤᠩᠭᠤᠯ ᠤᠨ ᠬᠤᠯᠪᠤᠭᠠᠳᠤ ᠵᠠᠰᠠᠭ ᠤᠨ ᠤᠷᠳᠤᠨ ᠤ | ᠶᠠᠫᠤᠨ ᠳᠤ ᠤᠴᠢᠵᠤ ᠪᠠᠶᠢᠴᠠᠭᠠᠬᠤ ᠪᠦᠯᠬᠦᠮ ᠤᠨ ᠲᠠᠭᠠᠯᠳᠠ ᠬᠡᠰᠢᠭᠦᠨ ᠢᠶᠠᠷ ᠶᠠᠫᠤᠨ ᠳᠤ ᠤᠴᠢᠵᠤ ᠪᠠᠶᠢᠴᠠᠭᠠᠨ | ᠦᠵᠡᠭᠰᠡᠨ ᠪᠠᠶᠢᠨ᠎ᠠ᠃ 1939 ᠤᠨ ᠤ 4 ᠰᠠᠷ᠎ᠠ ᠳᠤ᠂ ᠬᠦᠬᠡᠬᠤᠳᠠ ᠳᠠᠬᠢ ᠰᠤᠷᠤᠯᠭ᠎ᠠ ᠶᠢᠨ ᠬᠤᠷᠢᠶᠠᠨ ᠳᠤ | ᠡᠷᠬᠢᠯᠡᠭᠴᠢ ᠪᠠᠭᠰᠢ ᠪᠤᠯᠵᠤ ᠪᠠᠶᠢᠭᠰᠠᠨ ᠪᠦᠭᠡᠳ ᠬᠡᠯᠡ ᠪᠢᠴᠢᠭ ᠪᠠ ᠲᠡᠤᠬᠡ ᠶᠢᠨ ᠬᠡᠴᠢᠶᠡᠯ ᠵᠢᠭᠠᠵᠤ ᠪᠠᠶᠢᠵᠠᠢ᠃ | 1939 ᠤᠨ 9 ᠰᠠᠷ᠎ᠠ ᠶᠢᠨ 9 ᠠᠴᠠ 1943 ᠤᠨ ᠤ 3 ᠰᠠᠷ᠎ᠠ ᠶᠢᠨ 31 ᠪᠤᠯᠳᠠᠯ᠎ᠠ ᠶᠠᠫᠤᠨ ᠤᠯᠤᠰ ᠤᠨ | ᠤᠤᠰᠺᠠ ᠶᠢᠨ ᠭᠠᠳᠠᠭᠠᠳᠤ ᠬᠡᠯᠡᠨ ᠤ ᠶᠡᠭᠡ ᠰᠤᠷᠭᠠᠭᠤᠯᠢ ᠳᠤ ᠮᠤᠩᠭᠤᠯ ᠬᠡᠯᠡᠨ ᠤ ᠪᠠᠭᠰᠢ ᠪᠠᠷ ᠠᠵᠢᠯᠯᠠᠵᠠᠢ᠃ | ᠡᠭᠦᠨ ᠠᠴᠠ ᠭᠠᠳᠠᠨ᠎ᠠ᠂ ᠡᠷᠳᠡᠮᠪᠠᠭᠠᠳᠤᠷ ᠢ ᠶᠠᠫᠤᠨ ᠳᠤ ᠤᠴᠢᠵᠤ ᠰᠤᠷᠤᠯᠴᠠᠭᠰᠠᠨ ᠪᠠ ᠶᠠᠫᠤᠨ ᠳᠤ ᠤᠴᠢᠬᠤ ᠠᠴᠠ | ᠡᠮᠦᠨ᠎ᠡ ᠠᠮᠧᠷᠢᠺᠠ ᠳᠤ ᠤᠴᠢᠵᠤ ᠰᠤᠷᠤᠯᠴᠠᠭᠰᠡᠨ ᠵᠡᠷᠭᠡ ᠬᠡᠯᠡᠯᠭᠡ ᠪᠤᠢ᠃ ᠭᠡᠳᠡᠯ᠎ᠡ ᠲᠤᠳᠤᠷᠬᠠᠢ ᠪᠠᠷᠢᠮᠳᠠ ᠦᠭᠡᠢ | ᠪᠤᠯᠬᠤᠷ ᠤᠳᠤ ᠪᠤᠯᠳᠠᠯ᠎ᠠ ᠲᠤᠳᠤᠯᠠᠭᠳᠠᠭᠠ ᠦᠭᠡᠢ ᠪᠠᠶᠢᠭᠰᠠᠭᠠᠷ᠃ ※ | ︽ᠲᠠᠯ᠎ᠠ ᠨᠤᠳᠤᠭ ᠤᠨ ᠲᠡᠮᠳᠡᠭᠯᠡᠯ︾ ᠨᠤᠮ ᠳᠤ ᠰᠢᠪᠠᠷᠢᠶᠤ ᠲᠠᠷᠤᠤ᠋ ᠶᠢᠨ ᠲᠠᠨᠢᠯᠴᠠᠭᠤᠯᠭ᠎ᠠ ᠳᠤ | ᠰᠢᠪᠠᠷᠢᠶᠤ ᠲᠠᠷᠤᠤ᠋ 1941 ᠤᠨ ᠳᠤ ᠶᠠᠫᠤᠨ ᠤ ᠤᠤᠰᠺᠠ ᠶᠢᠨ ᠭᠠᠳᠠᠭᠠᠳᠤ ᠬᠡᠯᠡᠨ ᠤ ᠶᠡᠭᠡ ᠰᠤᠷᠭᠠᠭᠤᠯᠢ ᠶᠢᠨ | ᠮᠤᠩᠭᠤᠯ ᠬᠡᠯᠡᠨ ᠤ ᠰᠠᠯᠪᠤᠷᠢ ᠳᠤ ᠰᠤᠷᠤᠯᠴᠠᠵᠤ ᠪᠠᠶᠢᠭᠰᠠᠨ ᠢ ᠲᠡᠮᠳᠡᠭᠯᠡᠵᠦ ᠪᠠᠶᠢᠬᠤ ᠪᠦᠭᠡᠳ ᠡᠷᠳᠡᠮᠪᠠᠭᠠᠳᠤᠷ | ᠠᠪᠤᠭᠠᠢ ᠴᠦ ᠶᠠᠭ ᠡᠨᠡ ᠦᠶ᠎ᠡ ᠳᠤ 1939 ᠤᠨ 9 ᠰᠠᠷ᠎ᠠ ᠶᠢᠨ 9 ᠠᠴᠠ 1943 ᠤᠨ ᠤ 3 ᠰᠠᠷ᠎ᠠ ᠶᠢᠨ 31 | ᠪᠤᠯᠳᠠᠯ᠎ᠠ ᠶᠠᠫᠤᠨ ᠤᠯᠤᠰ ᠤᠨ ᠤᠤᠰᠺᠠ ᠶᠢᠨ ᠭᠠᠳᠠᠭᠠᠳᠤ ᠬᠡᠯᠡᠨ ᠤ ᠶᠡᠭᠡ ᠰᠤᠷᠭᠠᠭᠤᠯᠢ ᠳᠤ ᠮᠤᠩᠭᠤᠯ ᠬᠡᠯᠡᠨ ᠤ | ᠪᠠᠭᠰᠢ ᠪᠠᠷ ᠠᠵᠢᠯᠯᠠᠵᠤ ᠪᠠᠶᠢᠵᠠᠢ᠃ ᠲᠠᠬᠢᠨ ᠬᠡᠯᠡᠪᠡᠯ ᠰᠢᠪᠠᠷᠢᠶᠤ ᠲᠠᠷᠤᠤ᠋ ᠶᠢᠨ ︽ᠲᠠᠯ᠎ᠠ ᠨᠤᠳᠤᠭ ᠤᠨ ᠲᠡᠮᠳᠡᠭᠯᠡᠯ︾ | ᠨᠤᠮ ᠳᠤ ︽ᠲᠠᠷᠠᠪᠠᠷ ᠠᠮᠧᠷᠢᠺᠠ ᠳᠤ ᠰᠤᠷᠤᠯᠴᠠᠵᠤ ᠪᠠᠶᠢᠬᠤ ᠳᠠᠭᠠᠨ ᠡᠳᠡᠯᠡᠵᠤ ᠪᠠᠶᠢᠭᠰᠠᠨ ᠰᠧᠪᠢᠷᠤᠸ᠋ ᠤᠨ ᠢᠶᠠᠨ | ᠡᠩᠭᠡᠷ ᠢ ᠵᠢᠭᠠᠭᠠᠳ ᠡᠨᠡ ᠡᠸᠦ᠋ᠷᠦᠫᠡ ᠬᠤᠪᠴᠠᠰᠤᠨ ᠤ ᠡᠪᠦᠭᠡ ᠶᠠᠭᠠᠬᠢᠬᠤ ᠶᠢᠨ ᠠᠷᠭ᠎ᠠ ᠦᠬᠡᠢ ᠡᠷᠳᠡᠨ ᠤ ︽hun︾ | ᠦᠨᠳᠦᠰᠦᠳᠡᠨ ᠶᠤᠮ ᠰᠢᠤ ᠳ᠋ᠠ ᠬᠡᠰᠡᠨ ᠪᠢᠯᠡ᠂᠂᠂︾ ᠭᠡᠬᠦ ᠲᠡᠮᠳᠡᠭᠯᠡᠯ ᠢ ᠦᠨᠳᠦᠰᠦᠯᠡᠪᠡᠯ ᠡᠷᠳᠡᠮᠪᠠᠭᠠᠳᠤᠷ | ᠠᠪᠤᠭᠠᠢ ᠨᠢ ᠶᠠᠫᠤᠨ ᠳᠤ ᠤᠴᠢᠬᠤ ᠠᠴᠠ ᠤᠷᠢᠳ ᠠᠮᠧᠷᠢᠺᠠ ᠳᠤ ᠤᠴᠢᠵᠤ ᠰᠤᠷᠤᠯᠴᠠᠵᠤ ᠪᠠᠶᠢᠭᠰᠠᠨ ᠨᠢ ᠪᠠᠳᠤᠳᠠᠢ | ᠬᠡᠷᠡᠭ ᠪᠤᠯᠪᠠ᠃ | | |