ᠺᠤᠮᠫᠢᠤᠲ᠋ᠧᠷ ᠡᠭᠦᠰᠴᠦ ᠬᠥᠭᠵᠢᠭᠰᠡᠨ 1960 ᠭᠠᠳ ᠣᠨ ᠳᠤ ᠠᠮᠧᠷᠢᠺᠠ ᠶᠢᠨ ᠪᠠᠲᠤᠯᠠᠨ ᠬᠠᠮᠠᠭᠠᠯᠠᠬᠤ | ᠰᠦᠯᠵᠢᠶ᠎ᠡ ᠪᠠᠶᠢᠭᠤᠯᠤᠭᠳᠠᠵᠦ᠂ ᠲᠡᠭᠦᠨ ᠳᠤ ᠴᠡᠷᠢᠭ ᠤᠨ ᠭᠠᠵᠠᠷ ᠤᠳ ᠤᠨ ᠺᠣᠮᠫᠢᠦ᠋ᠲ᠋ᠧᠷ ᠤᠳ ᠢ ᠬᠤᠯᠪᠣᠵᠠᠢ᠃ | ᠡᠭᠦᠨ ᠢ ᠪᠠᠨ ARPANET ᠭᠡᠵᠦ ᠨᠡᠷᠡᠯᠡᠵᠡᠢ᠃ ᠡᠨᠡ ᠰᠦᠯᠵᠢᠶ᠎ᠡ ᠨᠢ ᠴᠡᠷᠢᠭ ᠤᠨ ᠪᠠ ᠡᠩ ᠤᠨ ᠵᠢᠵᠢᠭ | ᠰᠦᠯᠵᠢᠶ᠎ᠡ ᠪᠣᠯᠣᠨ ᠰᠠᠯᠪᠤᠷᠢᠯᠠᠭᠰᠠᠨ ᠪᠠᠶᠢᠨ᠎ᠠ᠂ ᠡᠩ ᠤᠨ ᠵᠢᠵᠢᠭ ᠰᠦᠯᠵᠢᠶ᠎ᠡ ᠨᠢ ᠣᠳᠣ ᠶᠢᠨ ᠢᠨᠲ᠋ᠧᠷᠨᠡᠲ | ᠰᠦᠯᠵᠢᠶᠡᠨ ᠤ ᠦᠨᠳᠦᠰᠦ ᠰᠠᠭᠤᠷᠢ ᠨᠢ ᠪᠣᠯᠣᠭᠰᠠᠨ ᠶᠤᠮ᠃ ᠡᠨᠡ ᠰᠦᠯᠵᠢᠶ᠎ᠡ ᠳᠡᠯᠡᠬᠡᠢ ᠶᠢᠨ ᠲᠥᠪ ᠤᠳ ᠢ | ᠬᠤᠯᠪᠣᠭᠰᠠᠨ ᠰᠦᠯᠵᠢᠶ᠎ᠡ ᠪᠣᠯᠣᠨ ᠥᠷᠭᠡᠵᠢᠵᠡᠢ᠃ ᠳᠡᠯᠡᠬᠡᠢ ᠶᠢᠨ ᠲᠥᠪ ᠤᠳ ᠢ ᠬᠤᠯᠪᠣᠭᠰᠠᠨ | ᠺᠣᠮᠫᠢᠦ᠋ᠲ᠋ᠧᠷ ᠤᠳ ᠢᠶᠠᠷ ᠣᠯᠠᠨ ᠮᠢᠩᠭᠠᠨ ᠮᠡᠳᠡᠭᠡᠯᠡᠯ ᠢ ᠬᠦᠯᠢᠶᠡᠨ ᠠᠪᠴᠤ ᠢᠯᠡᠭᠡᠵᠦ ᠪᠠᠶᠢᠨ᠎ᠠ᠃ ᠢᠨᠲ᠋ᠧᠷᠨᠡᠲ ᠤᠨ | ᠰᠦᠯᠵᠢᠶ᠎ᠡ ᠨᠢ ᠮᠠᠰᠢ ᠪᠣᠭᠤᠨᠢ ᠬᠤᠭᠤᠴᠠᠭᠠᠨ ᠳᠤ ᠬᠡᠷᠡᠭᠯᠡᠭᠴᠢᠳ ᠲᠤ ᠰᠣᠨᠢᠷᠬᠠᠯ ᠲᠠᠢ᠂ ᠬᠡᠷᠡᠭᠴᠡᠭᠡᠲᠡᠢ | ᠮᠡᠳᠡᠭᠡᠯᠡᠯ ᠬᠠᠩᠬᠠᠳᠠᠭ ᠢᠶᠠᠷ ᠢᠶᠠᠨ ᠪᠤᠰᠤᠳ ᠮᠡᠳᠡᠭᠡᠯᠡᠯ ᠤᠨ ᠬᠡᠷᠡᠭᠰᠡᠯ ᠤᠳ ᠠᠴᠠ ᠣᠯᠠᠨ ᠳᠠᠬᠢᠨ ᠳᠠᠪᠠᠭᠤ ᠲᠠᠯ᠎ᠠ ᠲᠠᠢ | ᠂ ᠢᠨᠲ᠋ᠧᠷᠨᠡᠲ ᠨᠢ ᠬᠡᠷᠡᠭᠯᠡᠭᠴᠢᠳ ᠤᠨ ᠬᠤᠭᠤᠷᠤᠨᠳᠤᠭᠢ ᠵᠠᠢ ᠶᠢ ᠦᠯᠦ ᠬᠠᠮᠢᠶᠠᠷᠳᠠᠭ ᠪᠥᠭᠡᠳ ᠮᠡᠳᠡᠭᠡᠯᠡᠯ | ᠰᠣᠯᠢᠯᠴᠠᠬᠤ ᠥᠷᠭᠡᠨ ᠠᠭᠤᠳᠠᠮ ᠵᠠᠢ ᠶᠢ ᠬᠠᠮᠤᠷᠤᠭᠰᠠᠨ ᠵᠦᠢᠯ ᠪᠢᠯᠡ᠃ ᠣᠳᠣ ᠦᠶ᠎ᠡ ᠳᠤ 43000 | ᠰᠦᠯᠵᠢᠶ᠎ᠡ ᠶᠢ ᠠᠭᠤᠯᠤᠭᠰᠠᠨ 3864000 ᠺᠣᠮᠫᠢᠦ᠋ᠲ᠋ᠧᠷ᠂ 28900000 ᠬᠡᠷᠡᠭᠯᠡᠭᠴᠢ ᠲᠠᠢ ᠪᠠᠶᠢᠨ᠎ᠠ᠃ | ᠢᠨᠲ᠋ᠧᠷᠨᠡᠲ ᠢᠶᠠᠷ ᠪᠤᠰᠤᠳ ᠺᠣᠮᠫᠢᠦ᠋ᠲ᠋ᠧᠷ ᠤᠳ ᠠᠴᠠ ᠮᠡᠳᠡᠭᠡᠯᠡᠯ ᠬᠦᠯᠢᠶᠡᠨ ᠠᠪᠬᠤ ᠶᠢ Download ᠭᠡᠬᠦ ᠪᠠ | ᠥᠪᠡᠷ ᠤᠨ ᠺᠣᠮᠫᠢᠦ᠋ᠲ᠋ᠧᠷ ᠠᠴᠠ ᠮᠡᠳᠡᠭᠡᠯᠡᠯ ᠳᠠᠮᠵᠢᠭᠤᠯᠬᠤ ᠶᠢ Up- load ᠭᠡᠳᠡᠭ᠃ ᠣᠳᠣ ᠦᠶ᠎ᠡ ᠶᠢᠨ | ᠬᠡᠷᠡᠭᠯᠡᠭᠴᠢᠳ ᠤᠨ ᠠᠮᠢᠳᠤᠷᠠᠯ ᠳᠤ ᠳ᠋ᠢᠶᠠᠩᠬᠤᠸᠠ᠂ ᠲᠧᠯᠸᠢᠰ ᠶᠠᠮᠠᠷ ᠶᠡᠭᠡ ᠦᠢᠯᠡᠳᠦᠯ ᠪᠠᠶᠢᠭ᠎ᠠ ᠲᠠᠢ ᠠᠳᠠᠯᠢ | ᠢᠨᠲ᠋ᠧᠷᠨᠡᠲ ᠴᠢᠬᠤᠯᠠ ᠬᠡᠷᠡᠭᠴᠡᠭᠡᠲᠡᠢ ᠪᠣᠯᠵᠠᠢ᠃ ᠢᠨᠲ᠋ᠧᠷᠨᠡᠲ ᠤᠨ ᠬᠥᠮᠥᠰ ᠲᠤ ᠥᠭᠴᠦ ᠪᠠᠶᠢᠭ᠎ᠠ ᠠᠰᠢᠭ ᠲᠤᠰᠠ | ᠥᠭᠦᠯᠡᠵᠦ ᠪᠠᠷᠠᠰᠢ ᠦᠭᠡᠢ ᠶᠡᠭᠡ ᠤᠴᠢᠷ ᠠᠴᠠ ᠲᠣᠪᠴᠢ ᠥᠭᠦᠯᠡᠶ᠎ᠡ᠂ ᠢᠨᠲ᠋ᠧᠷᠨᠡᠲ ᠭᠡᠵᠦ ᠶᠠᠭᠤ ᠪᠤᠢ︖ ᠬᠥᠮᠥᠨ | ᠲᠥᠷᠥᠯᠬᠢᠲᠡᠨ ᠤ ᠲᠡᠦᠬᠡᠨ ᠳᠠᠬᠢ ᠬᠠᠮᠤᠭ ᠤᠨ ᠲᠣᠮᠣ ᠣᠯᠣᠯᠲᠠ ᠳᠠᠪᠰᠢᠯᠳᠠ ᠨᠤᠭᠤᠳ ᠤᠨ ᠨᠢᠭᠡ ᠨᠢ ᠢᠨᠲ᠋ᠧᠷᠨᠡᠲ | ᠪᠢᠯᠡ᠃ ᠠᠩᠬ᠎ᠠ ᠠᠮᠧᠷᠢᠺᠠ ᠶᠢᠨ ᠴᠡᠷᠢᠭ᠂ ᠰᠤᠷᠭᠠᠨ ᠬᠥᠮᠥᠵᠢᠯ ᠤᠨ ᠰᠠᠯᠪᠤᠷᠢ ᠶᠢᠨ ᠺᠣᠮᠫᠢᠦ᠋ᠲ᠋ᠧᠷ ᠤᠳ ᠢ ᠯᠠ | ᠬᠠᠮᠤᠷᠤᠭᠰᠠᠨ ᠰᠦᠯᠵᠢᠶ᠎ᠡ ᠪᠠᠶᠢᠭᠰᠠᠨ ᠪᠣᠯ᠂ ᠥᠨᠥᠳᠥᠷ ᠢᠨᠲ᠋ᠧᠷᠨᠡᠲ ᠨᠢ ᠳᠡᠯᠡᠬᠡᠢ ᠳᠠᠶᠠᠭᠠᠷ ᠬᠡᠳᠦᠨ ᠮᠢᠩᠭᠠᠨ | ᠲᠦᠮᠡᠨ ᠢ ᠬᠤᠯᠪᠣᠭᠰᠠᠨ ᠠᠪᠤᠷᠭᠤ ᠲᠣᠮᠣ ᠰᠦᠯᠵᠢᠶ᠎ᠡ ᠪᠣᠯᠣᠨ ᠥᠨᠳᠡᠶᠢᠵᠡᠢ᠃ 1990 ᠭᠡᠳ ᠣᠨ ᠤ ᠳᠤᠮᠳᠠᠭᠤᠷ | ᠢᠨᠲ᠋ᠧᠷᠨᠡᠲ ᠬᠡᠷᠡᠭᠯᠡᠭᠴᠢᠳ ᠤᠨ ᠲᠤᠭ᠎ᠠ ᠰᠠᠷ᠎ᠠ ᠳᠤ ᠳᠤᠮᠳᠠᠴᠢ ᠪᠠᠷ 15% ᠪᠤᠶᠤ ᠵᠢᠯ ᠳᠤ 400 ᠭᠠᠷᠤᠢ | ᠬᠤᠪᠢ ᠪᠠᠷ ᠨᠡᠮᠡᠭᠳᠡᠵᠦ ᠪᠠᠶᠢᠯ᠎ᠠ᠃ ᠥᠨᠥᠳᠥᠷ ᠡᠨᠡ ᠬᠤᠷᠳᠤᠴᠠ ᠨᠢ ᠬᠠᠷᠢᠴᠠᠩᠭᠤᠢ ᠪᠠᠭᠤᠷᠠᠭᠰᠠᠨ ᠪᠣᠯᠪᠠᠴᠤ᠂ | ᠬᠡᠷᠡᠭᠯᠡᠭᠴᠢᠳ ᠤᠨ ᠲᠤᠭ᠎ᠠ ᠥᠨᠳᠥᠷ ᠬᠤᠷᠳᠤᠴᠠ ᠪᠠᠷ ᠨᠡᠮᠡᠭᠳᠡᠭᠰᠡᠨ ᠬᠡᠪ ᠢᠶᠠᠷ ᠪᠠᠶᠢᠭ᠎ᠠ ᠪᠢᠯᠡ᠃ ᠶᠠᠭ ᠬᠡᠳᠦᠨ | ᠬᠥᠮᠥᠨ ᠢᠨᠲ᠋ᠧᠷᠨᠡᠲ ᠢ ᠬᠡᠷᠡᠭᠯᠡᠳᠡᠭ ᠢ ᠬᠡᠨ ᠴᠦ ᠲᠣᠳᠣᠷᠬᠠᠢ ᠬᠡᠯᠡᠵᠦ ᠴᠢᠳᠠᠬᠤ ᠦᠭᠡᠢ ᠴᠦ ᠭᠡᠰᠡᠨ᠂ 3.5 ᠭᠠᠷᠤᠢ | ᠳ᠋ᠦᠩᠰᠢᠭᠤᠷ ᠬᠡᠷᠡᠭᠯᠡᠭᠴᠢ ᠲᠠᠢ ᠭᠡᠵᠦ ᠪᠠᠷᠢᠮᠵᠢᠶᠠᠯᠠᠳᠠᠭ ᠪᠥᠭᠡᠳ ᠣᠶᠢᠷ᠎ᠠ ᠶᠢᠨ ᠬᠤᠭᠤᠴᠠᠭᠠᠨ ᠳᠤ 10 ᠳ᠋ᠦᠩᠰᠢᠭᠤᠷ | ᠬᠡᠷᠡᠭᠯᠡᠭᠴᠢ ᠲᠠᠢ ᠪᠣᠯᠣᠨ᠎ᠠ ᠭᠡᠵᠦ ᠲᠣᠭᠠᠴᠠᠯᠠᠵᠤ ᠪᠠᠶᠢᠨ᠎ᠠ᠃ ᠬᠡᠷᠡᠭᠯᠡᠭᠴᠢᠳ ᠤᠨ ᠶᠡᠬᠡᠩᠬᠢ ᠨᠢ ᠵᠠᠯᠠᠭᠤ ᠬᠥᠮᠥᠰ ︵ | 35 ᠨᠠᠰᠤ ᠠᠴᠠ ᠵᠠᠯᠠᠭᠤ︶᠂ ᠡᠷᠡᠭᠲᠡᠢ ︵67%︶᠂ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ︵55%︶᠂ | ᠳᠤᠮᠳᠠ ᠪᠤᠶᠤ ᠳᠤᠮᠳᠠ ᠠᠴᠠ ᠳᠡᠭᠡᠭᠦᠷ ᠠᠮᠢᠳᠤᠷᠠᠯ ᠲᠠᠢ ᠪᠠᠶᠢᠨ᠎ᠠ ᠭᠡᠰᠡᠨ ᠰᠤᠳᠤᠯᠤᠯᠭ᠎ᠠ ᠪᠠᠶᠢᠳᠠᠭ ᠶᠤᠮ᠃ | ᠬᠡᠷᠡᠭᠯᠡᠭᠴᠢᠳ ᠤᠨ ᠲᠤᠭ᠎ᠠ ᠬᠤᠷᠳᠤ ᠲᠠᠢ ᠥᠰᠴᠦ ᠪᠠᠶᠢᠭ᠎ᠠ ᠦᠶ᠎ᠡ ᠳᠤ ᠳᠡᠭᠡᠷᠡᠬᠢ ᠢᠯᠭᠠᠭ᠎ᠠ ᠤᠯᠠᠮ ᠪᠦᠷ ᠪᠠᠭᠠᠰᠴᠤ | ᠪᠠᠶᠢᠭ᠎ᠠ᠃ ᠢᠨᠲ᠋ᠧᠷᠨᠡᠲ ᠤᠨ ᠲᠡᠦᠬᠡ ᠣᠳᠣ ᠠᠴᠠ 43 ᠵᠢᠯ ᠤᠨ ᠡᠮᠦᠨ᠎ᠡ ︵1969 ᠣᠨ ᠳᠤ︶᠂ ᠠᠮᠧᠷᠢᠺᠠ ᠶᠢᠨ | ᠨᠢᠭᠡᠳᠦᠭᠰᠡᠨ ᠤᠯᠤᠰ ᠤᠨ ᠪᠠᠲᠤᠯᠠᠨ ᠬᠠᠮᠠᠭᠠᠯᠠᠬᠤ ᠶᠠᠮᠤᠨ ᠨᠢ ᠢᠨᠲ᠋ᠧᠷᠨᠡᠲ ᠢ ARPANET ᠭᠡᠳᠡᠭ | ᠨᠡᠷ᠎ᠡ ᠲᠠᠢ ᠪᠠᠷ ᠠᠩᠬ᠎ᠠ 4 ᠺᠣᠮᠫᠢᠦ᠋ᠲ᠋ᠧᠷ ᠢ ᠬᠤᠭᠤᠷᠣᠨᠳᠤ ᠨᠢ ᠬᠤᠯᠪᠣᠵᠤ ᠡᠭᠦᠰᠭᠡᠵᠠᠢ᠃ ᠡᠭᠦᠨ ᠤ ᠭᠤᠣᠯ | ᠵᠣᠷᠢᠯᠭ᠎ᠠ ᠨᠢ ᠴᠡᠷᠢᠭ ᠤᠨ ᠰᠤᠳᠤᠯᠤᠯᠭ᠎ᠠ ᠰᠢᠨᠵᠢᠯᠡᠭᠡ ᠬᠢᠵᠦ ᠪᠠᠶᠢᠭᠰᠠᠨ ᠴᠥᠭᠡᠨ ᠬᠡᠳᠦᠨ ᠶᠡᠭᠡ ᠳᠡᠭᠡᠳᠦ | ᠰᠤᠷᠭᠠᠭᠤᠯᠢ ᠨᠤᠭᠤᠳ ᠤᠨ ᠺᠣᠮᠫᠢᠦ᠋ᠲ᠋ᠧᠷ ᠤᠳ ᠢ ᠬᠤᠯᠪᠣᠬᠤ ᠶᠠᠪᠤᠳᠠᠯ ᠪᠠᠶᠢᠵᠠᠢ᠃ ᠡᠨᠡ ᠰᠦᠯᠵᠢᠶᠡᠨ ᠳᠤ | ᠺᠣᠮᠫᠢᠦ᠋ᠲ᠋ᠧᠷ ᠤᠳ ᠢ ᠨᠡᠮᠡᠵᠦ ᠬᠤᠯᠪᠣᠭᠰᠠᠨ ᠢᠶᠠᠷ 1974 ᠣᠨ ᠳᠤ 62 ᠺᠣᠮᠫᠢᠦ᠋ᠲ᠋ᠧᠷ ᠬᠤᠯᠪᠣᠭᠳᠠᠭᠠᠳ ᠪᠠᠶᠢᠵᠠᠢ᠃ | 1983 ᠣᠨ ᠳᠤ ᠤᠭ ᠰᠦᠯᠵᠢᠶ᠎ᠡ ᠶᠢ ᠬᠤᠶᠠᠷ ᠰᠠᠯᠭᠠᠭᠰᠠᠨ ᠪᠥᠭᠡᠳ ᠨᠢᠭᠡ ᠨᠢ ᠴᠤᠯ ᠴᠡᠷᠢᠭ ᠤᠨ | ᠬᠡᠷᠡᠭᠴᠡᠭᠡᠨ ᠳᠤ ︵Milnet︶᠂ ᠨᠥᠭᠦᠭᠡ ᠶᠢ ᠨᠢ ᠶᠡᠭᠡ ᠳᠡᠭᠡᠳᠦ ᠰᠤᠷᠭᠠᠭᠤᠯᠢ ᠨᠤᠭᠤᠳ ᠤᠨ ᠡᠷᠳᠡᠮ ᠰᠢᠨᠵᠢᠯᠡᠭᠡ | ᠰᠤᠳᠤᠯᠭᠠᠨ ᠤ ᠠᠵᠢᠯ ᠳᠤ ᠵᠣᠷᠢᠭᠤᠯᠵᠤ ᠢᠨᠲ᠋ᠧᠷᠨᠡᠲ ᠭᠡᠵᠦ ᠨᠡᠷᠡᠯᠡᠵᠡᠢ᠃ ︵ᠬᠠᠰᠪᠢᠯᠢᠭ᠌︶ | | ᠢᠨᠲ᠋ᠧᠷᠨᠡᠲ ᠲᠠᠬᠢ ᠬᠠᠶ᠋ᠢᠭ ᠤᠳ | | edu ᠰᠤᠷᠭᠠᠨ ᠬᠥᠮᠥᠵᠢᠯ ᠤᠨ ᠪᠠᠶᠢᠭᠤᠯᠤᠯᠭ᠎ᠠ ᠨᠤᠭᠤᠳ | com ᠠᠷᠠᠯᠵᠢᠶ᠎ᠠ ᠬᠤᠳᠠᠯᠳᠤᠭᠠᠨ ᠤ ᠪᠠᠶᠢᠭᠤᠯᠤᠯᠭ᠎ᠠ ᠶᠢᠨ v ᠬᠠᠶ᠋ᠢᠭ᠂ ᠵᠠᠰᠠᠭ ᠤᠨ ᠭᠠᠵᠠᠷ ᠤᠨ | ᠬᠠᠷᠢᠶᠠᠨ ᠤ ᠪᠠᠶᠢᠭᠤᠯᠤᠯᠭ᠎ᠠ ᠶᠢᠨ ᠰᠦᠯᠵᠢᠶ᠎ᠡ | mil ᠴᠡᠷᠢᠭ ᠤᠨ ᠪᠠᠶᠢᠭᠤᠯᠤᠯᠭ᠎ᠠ | net ᠰᠦᠯᠵᠢᠶ᠎ᠡ ᠭᠡᠰᠡᠨ ᠤᠳᠬ᠎ᠠ ᠶᠢ ᠵᠢᠭᠠᠨ᠎ᠠ org ᠠᠰᠢᠭ ᠤᠨ ᠪᠤᠰᠤ ᠪᠠᠶᠢᠭᠤᠯᠤᠯᠭ᠎ᠠ ᠭᠡᠰᠡᠨ | ᠤᠳᠬ᠎ᠠ ᠶᠢ ᠵᠢᠭᠠᠨ᠎ᠠ | ca ᠺᠠᠨᠠᠳᠠ ᠤᠯᠤᠰ ᠤᠨ | au ᠠᠦ᠋ᠰᠲᠷᠠᠯᠢᠶ᠎ᠠ ᠶᠢᠨ ᠬᠢ | uk ᠠᠩᠭ᠍ᠯᠢ ᠶᠢᠨ ᠬᠢ | de ᠭᠧᠷᠮᠠᠠ ᠤ ᠬᠢ | jp ᠶᠠᠫᠤᠨ ᠤ ᠬᠢ | mn ᠮᠣᠩᠭᠤᠯ ᠤᠨ ᠬᠢ | ru ᠣᠷᠣᠰ ᠤᠨ ᠬᠢ | cn ᠳᠤᠮᠳᠠᠳᠤ ᠤᠯᠤᠰ ᠤᠨ ᠬᠢ | |