ᠢᠨᠲ᠋ᠧᠷᠨᠧᠲ ᠭᠡᠵᠦ ᠶᠠᠭᠤ ᠪᠤᠢ︖
ᠨᠡᠶᠢᠲᠡᠯᠡᠭᠰᠡᠨ ᠴᠠᠭ᠄
2014/3/31
       ᠢᠨᠲ᠋ᠧᠷᠨᠧᠲ ᠤᠨ ᠭᠠᠷᠤᠯ ᠡᠭᠦᠰᠦᠯ ᠨᠢ ᠪᠦᠷ 1960 ‍ᠭᠠᠳ ᠣᠨ ᠠᠴᠠ ᠡᠭᠦᠳᠦᠯᠲᠡ ᠲᠠᠢ᠃ ᠡᠨᠡ ᠦᠶ᠎ᠡ ᠳᠤ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠲᠤᠯᠠᠨ ᠬᠠᠮᠠᠭᠠᠯᠠᠬᠤ ᠶᠠᠮᠤᠨ anced Research Projects Agency ( ARPA ) ᠪᠤᠶᠤ ᠲᠡᠷᠢᠭᠦᠯᠡᠬᠦ ᠡᠷᠳᠡᠮ ᠰᠢᠨᠵᠢᠯᠡᠭᠡᠨ ᠤ ᠲᠥᠰᠥᠯ ᠤᠨ ᠡᠩᠧᠨ᠋ᠲᠯᠢᠭ᠋ ᠢ ᠪᠠᠶᠢᠭᠤᠯᠤᠭᠰᠠᠨ ᠪᠠᠶᠢᠨ᠎ᠠ᠃ ᠡᠨᠡ ᠪᠠᠶᠢᠭᠤᠯᠤᠯᠭ᠎ᠠ ᠶᠢᠨ ᠦᠨᠳᠦᠰᠦᠨ ᠵᠣᠷᠢᠯᠭ᠎ᠠ ᠨᠢ ᠴᠥᠮ᠎ᠡ ᠶᠢᠨ ᠪᠥᠮᠪᠥᠭᠡᠨ ᠤ ᠬᠠᠷᠢᠯᠴᠠᠨ ᠴᠣᠬᠢᠯᠲᠠ ᠶᠢᠨ ᠦᠶ᠎ᠡ ᠳᠤ ᠬᠤᠯᠪᠣᠭ᠎ᠠ ᠬᠠᠷᠢᠯᠴᠠᠭᠠᠨ ᠤ ᠠᠶᠤᠯ ᠦᠭᠡᠢ ᠪᠠᠶᠢᠳᠠᠯ ᠢ ᠬᠠᠩᠭᠠᠬᠤ ᠳᠤ ᠣᠷᠣᠰᠢᠵᠤ ᠪᠠᠶᠢᠯ᠎ᠠ᠃ ᠡᠨᠡ ᠦᠶ᠎ᠡ ᠠᠴᠠ ᠡᠬᠢᠯᠡᠨ ᠳᠡᠭᠡᠷᠡᠬᠢ ᠵᠣᠷᠢᠯᠭ᠎ᠠ ᠳᠤ ᠨᠡᠶᠢᠴᠡᠭᠰᠡᠨ ᠠᠮᠧᠷᠢᠺᠠ ᠶᠢᠨ ᠨᠢᠭᠡᠳᠦᠭᠰᠡᠨ ᠤᠯᠤᠰ ᠲᠤ ᠪᠠᠶᠢᠭ᠎ᠠ ᠺᠤᠮᠫᠢᠦ᠋ᠲ᠋ᠧᠷ ᠤᠳ ᠤᠨ ᠠᠶᠤᠯ ᠦᠭᠡᠢ ᠪᠠᠶᠢᠳᠠᠯ ᠢ ᠬᠠᠩᠭᠠᠨ ᠬᠤᠯᠪᠣᠬᠤ Arpanet ᠰᠦᠯᠵᠢᠶ᠎ᠡ ᠶᠢ ᠪᠤᠢ ᠪᠣᠯᠭᠠᠵᠤ ᠡᠬᠢᠯᠡᠭᠰᠡᠨ ᠪᠠᠶᠢᠨ᠎ᠠ᠃ ᠡᠩ ᠤᠨ ᠦᠭᠡ ᠪᠠᠷ ᠲᠠᠶᠢᠯᠪᠤᠷᠢᠯᠠᠪᠠᠯ ᠺᠤᠮᠫᠢᠦ᠋ᠲ᠋ᠧᠷ ᠤᠳ ᠢ ᠰᠦᠯᠵᠢᠶᠡᠨ ᠳᠤ ᠬᠤᠯᠪᠣᠬᠤ ᠭᠡᠳᠡᠭ ᠨᠢ ᠡᠳᠡᠭᠡᠷ ᠺᠣᠮᠫᠢᠦ᠋ᠲ᠋ᠧᠷ ᠲᠤ ᠪᠠᠶᠢᠭ᠎ᠠ ᠮᠡᠳᠡᠭᠡᠯᠡᠯ ᠢ ᠪᠦᠭᠦᠳᠡ ᠪᠠᠷ ᠬᠤᠪᠢᠶᠠᠵᠤ ᠡᠵᠡᠮᠰᠢᠨ᠎ᠡ ᠭᠡᠰᠡᠨ ᠦᠭᠡ ᠶᠤᠮ᠃ ᠬᠦᠢᠲᠡᠨ ᠳᠠᠶᠢᠨ ᠤ ᠦᠶ᠎ᠡ ᠳᠤ ᠴᠥᠮ᠎ᠡ ᠶᠢᠨ ᠴᠣᠬᠢᠯᠲᠠ ᠪᠣᠯᠬᠤ ᠳᠤ ᠡᠨᠡ ᠬᠦ ᠰᠦᠯᠵᠢᠶᠡᠨ ᠤ ᠨᠢᠭᠡ ᠬᠡᠰᠡᠭ ᠨᠢ ᠴᠣᠬᠢᠯᠲᠠ ᠳᠤ ᠦᠷᠳᠦᠬᠦ ᠳᠤ ᠪᠤᠰᠤᠳ ᠬᠡᠰᠡᠭ ᠨᠢ ᠠᠵᠢᠯᠯᠠᠬᠤ ᠴᠢᠳᠠᠪᠤᠷᠢᠲᠠᠢ ᠪᠠᠶᠢᠬᠤ ᠪᠠᠷ Arpanet ᠰᠦᠯᠵᠢᠶ᠎ᠡ ᠶᠢ ᠵᠣᠬᠢᠶᠠᠨ ᠪᠦᠲᠦᠭᠡᠭᠰᠡᠨ᠃ ᠲᠧᠭᠨᠣᠯᠣᠭᠢ ᠶᠢᠨ ᠡᠨᠡ ᠬᠦ ᠵᠠᠷᠴᠢᠮ ᠨᠢ ᠬᠤᠵᠢᠮ ᠢᠨᠲ᠋ᠧᠷᠨᠧᠲ ᠪᠤᠢ ᠪᠣᠯᠬᠤ ᠳᠤ ᠬᠠᠮᠤᠭ ᠤᠨ ᠭᠤᠣᠯ ᠡᠭᠦᠷᠭᠡ ᠶᠢ ᠭᠦᠢᠴᠡᠳᠬᠡᠭᠰᠡᠨ ᠪᠠᠶᠢᠳᠠᠭ᠃ Arpanet ᠰᠦᠯᠵᠢᠶ᠎ᠡ ᠶᠢ ᠵᠣᠬᠢᠶᠠᠨ ᠪᠦᠲᠦᠭᠡᠬᠦ ᠲᠥᠰᠥᠯ ᠨᠢ ᠲᠤᠩ ᠠᠮᠵᠢᠯᠲᠠᠲᠠᠢ ᠬᠡᠷᠡᠭᠵᠢᠭᠰᠡᠨ ᠪᠥᠭᠡᠳ 1970᠂ 1980 ‍ᠭᠠᠳ ᠣᠨ ᠭᠡᠬᠦ ᠳᠤ ᠮᠠᠰᠢ ᠣᠯᠠᠨ ᠺᠣᠮᠫᠢᠦ᠋ᠲ᠋ᠧᠷ ᠢ ᠬᠤᠭᠤᠷᠣᠨᠳᠤ ᠨᠢ ᠬᠤᠯᠪᠣᠭᠰᠠᠨ ᠠᠪᠤᠷᠭᠤ ᠲᠣᠮᠣ ᠰᠦᠯᠵᠢᠶ᠎ᠡ ᠪᠣᠯᠣᠨ ᠥᠷᠭᠡᠵᠢᠵᠡᠢ᠃ ᠡᠬᠢᠯᠡᠭᠡᠳ ᠵᠥᠪᠬᠡᠨ ᠪᠠᠲᠤᠯᠠᠨ ᠬᠠᠮᠠᠭᠠᠯᠠᠬᠤ ᠴᠢᠭᠯᠡᠯ ᠤᠨ ᠺᠣᠮᠫᠢᠦ᠋ᠲ᠋ᠧᠷ ᠤᠳ ᠬᠤᠯᠪᠣᠭᠳᠠᠵᠤ ᠪᠠᠶᠢᠭᠰᠠᠨ ᠪᠣᠯ ᠠᠭᠠᠵᠢᠮ ᠠᠭᠠᠵᠢᠮ ᠢᠶᠠᠷ ᠲᠥᠷᠥ ᠶᠢᠨ ᠪᠣᠯᠣᠨ ᠬᠤᠪᠢ ᠶᠢᠨ ᠬᠡᠪᠰᠢᠯ ᠤᠨ ᠪᠠᠶᠢᠭᠤᠯᠭ᠎ᠠ ᠨᠤᠭᠤᠳ ᠤᠨ ᠺᠣᠮᠫᠢᠦ᠋ᠲ᠋ᠧᠷ ᠤᠳ ᠬᠤᠯᠪᠣᠭᠳᠠᠵᠤ ᠡᠬᠢᠯᠡᠭᠰᠡᠨ ᠪᠠᠶᠢᠨ᠎ᠠ᠃ ᠥᠨᠥᠳᠥᠷ ᠢᠨᠲ᠋ᠧᠷᠨᠧᠲ ᠰᠦᠯᠵᠢᠶ᠎ᠡ ᠨᠢ ᠬᠡᠳᠦᠨ ᠵᠠᠭᠤᠨ ᠰᠠᠶ᠎ᠠ ᠬᠥᠮᠥᠨ ᠢ ᠪᠦᠬᠦ ᠳᠡᠯᠡᠬᠡᠢ ᠨᠡᠶᠢᠲᠡ ᠪᠠᠷ ᠬᠤᠯᠪᠣᠭᠰᠠᠨ ᠰᠦᠯᠵᠢᠶ᠎ᠡ ᠪᠣᠯᠣᠨ ᠬᠤᠪᠢᠷᠠᠭᠰᠠᠨ ᠪᠠᠶᠢᠨ᠎ᠠ᠃ ᠬᠠᠮᠤᠭ ᠤᠨ ᠭᠤᠣᠯ ᠨᠢ ᠡᠩ ᠤᠨ ᠨᠢᠭᠡ ᠲᠥᠰᠥᠯ ᠠᠴᠠ ᠳᠡᠯᠡᠬᠡᠢ ᠨᠡᠶᠢᠲᠡ ᠶᠢ ᠬᠠᠮᠤᠷᠤᠭᠰᠠᠨ ᠠᠭᠤᠤ ᠲᠣᠮᠣ ᠰᠦᠯᠵᠢᠶ᠎ᠡ ᠪᠣᠯᠣᠨ ᠥᠷᠭᠡᠵᠢᠭᠰᠡᠨ ᠢᠨᠲ᠋ᠧᠷᠨᠧᠲ ᠎ ᠨᠢ ᠬᠥᠮᠥᠨ ᠲᠥᠷᠥᠯᠬᠢᠲᠡᠨ ᠤ ᠲᠤᠭᠤᠯᠵᠤ ᠢᠷᠡᠭᠰᠡᠨ ᠤᠯᠠᠮᠵᠢᠯᠠᠯᠲᠤ ᠵᠠᠩ ᠵᠠᠩᠰᠢᠯ᠂ ᠰᠣᠶᠣᠯ ᠢᠷᠭᠡᠨᠰᠢᠯ ᠳᠤ ᠴᠣ ᠰᠢᠨ᠎ᠡ ᠡᠷᠡᠨ ᠦᠶ᠎ᠡ ᠶᠢ ᠠᠪᠴᠢᠷᠠᠵᠤ ᠪᠢᠳᠠᠨ ᠤ ᠠᠬᠤᠢ ᠠᠮᠢᠳᠤᠷᠠᠯ ᠳᠤ ᠭᠦᠨ ᠭᠦᠨᠵᠡᠭᠡᠢ ᠥᠭᠡᠷᠡᠴᠢᠯᠡᠯᠲᠡ᠂ ᠰᠢᠨ᠎ᠡ ᠬᠠᠷᠢᠯᠴᠠᠭ᠎ᠠ ᠶᠢ ᠪᠤᠢ ᠪᠣᠯᠭᠠᠭᠰᠠᠨ ᠪᠠᠶᠢᠨ᠎ᠠ᠃ ᠳᠠᠶᠠᠭᠠᠷᠰᠢᠯ ᠤᠨ ᠴᠠᠭᠠᠰᠢᠳᠠ ᠬᠥᠭᠵᠢᠨ ᠳᠡᠪᠰᠢᠨ ᠦᠨᠳᠦᠰᠦ ᠨᠢ ᠢᠨᠲ᠋ᠧᠷᠨᠧᠲ ᠭᠡᠵᠦ ᠬᠡᠯᠡᠬᠦ ᠳᠤ ᠬᠢᠯᠢᠰᠳᠡᠬᠦ ᠦᠭᠡᠢ ᠪᠣᠯᠪᠠ ᠦᠦ᠃ ᠠᠯᠢ ᠴᠦ ᠲᠠᠯ᠎ᠠ ᠠᠴᠠ ᠠᠪᠤᠭᠠᠳ ᠦᠵᠡᠭᠰᠡᠨ ᠢᠨᠲ᠋ᠧᠷᠨᠧᠲ ᠤᠨ ᠬᠥᠭᠵᠢᠯ ᠨᠢ ᠮᠠᠰᠢ ᠬᠤᠷᠳᠤᠴᠠ ᠲᠠᠢ᠂ ᠪᠠᠰᠠ ᠮᠠᠰᠢ ᠠᠮᠵᠢᠯᠲᠠᠲᠠᠢ ᠶᠠᠪᠤᠭᠳᠠᠭᠰᠠᠨ ᠪᠠᠶᠢᠳᠠᠭ᠃ ᠶᠠᠭᠠᠬᠢᠭᠠᠳ︖ ᠡᠭᠦᠨ ᠳᠤ ᠥᠭᠬᠦ ᠬᠠᠷᠢᠭᠤᠯᠲᠠ ᠨᠢ ᠬᠤᠶᠠᠷ ᠲᠠᠯ᠎ᠠ ᠲᠠᠢ᠃ ᠨᠢᠭᠡ ᠳᠠᠬᠢ ᠰᠢᠯᠲᠠᠭᠠᠨ ᠨᠢ ᠠᠮᠧᠷᠢᠺᠠ ᠶᠢᠨ ᠨᠢᠭᠡᠳᠦᠭᠰᠡᠨ ᠤᠯᠤᠰ ᠤᠨ ᠪᠠᠲᠤᠯᠠᠨ ᠬᠠᠮᠠᠭᠠᠯᠠᠬᠤ ᠶᠠᠮᠤᠨ ᠤ ᠵᠣᠬᠢᠶᠠᠨ ᠪᠦᠲᠦᠭᠡᠭᠰᠡᠨ ᠡᠨᠡ ᠬᠦ ᠲᠧᠭᠨᠣᠯᠣᠭᠢ ᠨᠢ ᠨᠠᠶᠢᠳᠠᠪᠤᠷᠢᠲᠠᠢ ︵ᠨᠠᠶᠢᠳᠠᠪᠤᠷᠢ ᠪᠠᠶᠢᠳᠠᠯ ᠢ ᠬᠠᠮᠤᠭ ᠤᠨ ᠳᠡᠭᠡᠳᠦ ᠵᠡᠷᠭᠡ ᠪᠠᠷ ᠬᠠᠩᠭᠠᠭᠰᠠᠨ ᠪᠠᠶᠢᠳᠠᠭ ᠃ ᠥᠭᠡᠷ᠎ᠡ ᠪᠠᠷ ᠬᠡᠯᠡᠪᠡᠯ ᠢᠨᠲ᠋ᠧᠷᠨᠧᠲ ᠲᠤ ᠬᠤᠯᠪᠣᠭᠳᠠᠭᠰᠠᠨ ᠺᠤᠮᠫᠢᠦ᠋ᠲ᠋ᠧᠷ ᠤᠳ ᠤᠨ ᠨᠢᠭᠡ ᠬᠡᠰᠡᠭ ᠤᠨ ᠠᠵᠢᠯᠯᠠᠭ᠎ᠠ ᠵᠣᠭᠰᠣᠭᠰᠠᠨ ᠪᠠᠶᠢᠬᠤ ᠳᠤ ᠢᠨᠲ᠋ᠧᠷᠨᠧᠲ ᠰᠦᠯᠵᠢᠶ᠎ᠡ ᠨᠢ ᠠᠦ᠋ᠲ᠋ᠣᠮᠠᠲ ᠢᠶᠠᠷ ᠮᠠᠷᠱ ᠤᠳ ᠢᠶᠠᠨ маршрутаа ᠥᠭᠡᠷᠡᠴᠢᠯᠡᠨ ᠶᠠᠮᠠᠷ ᠴᠦ ᠰᠠᠭᠠᠳ ᠦᠭᠡᠢ ᠪᠠᠷ ᠠᠵᠢᠯᠯᠠᠨ᠎ᠠ ᠭᠡᠰᠡᠨ ᠦᠭᠡ ᠶᠤᠮ᠃ ᠢᠨᠲ᠋ᠧᠷᠨᠧᠲ ᠢ WWW ᠪᠤᠶᠤ World Wide Web᠎ ᠲᠠᠢ ᠨᠢᠭᠡ ᠢᠵᠢᠯ ᠭᠡᠵᠦ ᠠᠨᠳᠠᠭᠤᠷᠠᠵᠤ ᠣᠶᠢᠯᠠᠭᠠᠵᠤ ᠪᠣᠯᠬᠤ ᠦᠭᠡᠢ᠃ WWW᠎ ᠨᠢ ᠢᠨᠲ᠋ᠧᠷᠨᠧᠲ ᠤᠨ ᠵᠥᠪᠬᠡᠨ ᠨᠢᠭᠡ ᠬᠡᠰᠡᠭ ᠶᠤᠮ᠃ ᠢᠨᠲ᠋ᠧᠷᠨᠧᠲ ᠰᠦᠯᠵᠢᠶ᠎ᠡ ᠨᠢ ᠠᠭᠤᠤ ᠲᠣᠮᠣ ᠪᠣᠯᠪᠠᠴᠤ ᠮᠠᠰᠢ ᠤᠶᠠᠨ ᠬᠠᠲᠠᠨ ᠴᠢᠨᠠᠷᠲᠠᠢ ᠪᠠᠶᠢᠳᠠᠭ᠃ ᠰᠦᠯᠵᠢᠶᠡᠨ ᠳᠤ ᠬᠤᠯᠪᠣᠭᠳᠠᠭᠰᠠᠨ ᠺᠣᠮᠫᠢᠦ᠋ᠲ᠋ᠧᠷ ᠡᠰᠡᠪᠡᠯ ᠬᠤᠯᠪᠣᠬᠤ ᠱᠤᠭᠤᠮ ᠢᠨᠲ᠋ᠧᠷᠨᠧᠲ ᠲᠤ ᠬᠤᠯᠪᠤᠭᠳᠠᠬᠤ ᠪᠠᠨ ᠪᠣᠯᠢᠪᠠᠯ ᠪᠢᠳᠠ ᠨᠠᠷ ᠺᠣᠮᠫᠢᠦ᠋ᠲ᠋ᠧᠷ ᠡᠰᠡᠪᠡᠯ ᠬᠤᠯᠪᠣᠬᠤ ᠱᠤᠭᠤᠮ DOWN ( даун ) ᠪᠣᠯᠣᠯ᠎ᠠ ᠭᠡᠵᠦ ᠶᠠᠷᠢᠨ᠎ᠠ᠃ ᠡᠭᠦᠨ ᠲᠠᠢ ᠠᠳᠠᠯᠢ ᠪᠠᠷ ᠺᠣᠮᠫᠢᠦ᠋ᠲ᠋ᠧᠷ ᠡᠰᠡᠪᠡᠯ ᠬᠤᠯᠪᠣᠬᠤ ᠱᠤᠭᠤᠮ ᠢᠨᠲ᠋ᠧᠷᠨᠧᠲ ᠲᠤ ᠬᠤᠯᠪᠣᠭᠳᠠᠪᠠᠯ UP ( ап ) ᠭᠡᠵᠦ ᠬᠡᠯᠡᠨ᠎ᠡ᠃ ᠭᠡᠪᠡᠴᠦ ᠡᠭᠦᠨ ᠠᠴᠠ ᠦᠯᠦ ᠬᠠᠮᠢᠶᠠᠷᠤᠨ ᠢᠨᠲ᠋ᠧᠷᠨᠧᠲ ᠨᠢ ᠪᠦᠬᠦᠯᠢ ᠪᠠᠷ ᠢᠶᠠᠨ ᠬᠡᠵᠢᠶ᠎ᠡ ᠴᠦ DOWN ᠪᠣᠯᠳᠠᠭ ᠦᠭᠡᠢ ᠭᠡᠳᠡᠭ ᠢ ᠰᠠᠨᠠᠬᠤ ᠬᠡᠷᠡᠭᠲᠡᠢ᠃ ᠬᠤᠶᠠᠷ ᠳᠠᠬᠢ ᠰᠢᠯᠲᠠᠭᠠᠨ ᠨᠢ ᠢᠨᠲ᠋ᠧᠷᠨᠧᠲ ᠬᠥᠮᠥᠨ ᠤ ᠪᠠᠶᠢᠭᠠᠯᠢ ᠠᠴᠠ ᠵᠠᠶᠠᠭᠠᠭᠰᠠᠨ ᠬᠤᠭᠤᠷᠣᠨᠳᠤ ᠪᠠᠨ ᠬᠠᠷᠢᠯᠴᠠᠬᠤ ᠭᠤᠣᠯ ᠬᠡᠷᠡᠭᠴᠡᠭᠡ ᠶᠢ ᠬᠠᠩᠭᠠᠵᠤ ᠪᠠᠶᠢᠭᠠᠳ ᠣᠷᠣᠰᠢᠨ᠎ᠠ᠃ ᠬᠤᠷᠢᠳᠤᠭᠠᠷ ᠵᠠᠭᠤᠨ ᠤ ᠬᠥᠮᠥᠨ ᠲᠥᠷᠥᠯᠬᠢᠲᠡᠨ ᠤ ᠲᠡᠦᠬᠡ ᠪᠣᠯ ᠬᠥᠮᠥᠰ ᠬᠤᠭᠤᠷᠣᠨᠳᠤ ᠪᠠᠨ ᠬᠤᠷᠳᠤᠨ ᠰᠢᠭᠤᠷᠬᠠᠢ᠂ ᠨᠠᠶᠢᠳᠠᠪᠤᠷᠢᠲᠠᠢ ︵ᠨᠠᠶᠢᠳᠠᠪᠤᠷᠢ᠂ ᠴᠢᠨᠠᠷᠲᠠᠢ ᠬᠠᠷᠢᠯᠴᠠᠬᠤ ᠲᠧᠭᠨᠣᠯᠣᠭᠢ ᠶᠢ ᠬᠥᠭᠵᠢᠭᠦᠯᠵᠦ ᠢᠷᠡᠭᠰᠡᠨ ᠲᠡᠦᠬᠡ ᠭᠡᠵᠦ ᠬᠡᠯᠡᠵᠦ ᠪᠣᠯᠣᠨ᠎ᠠ᠃ ᠬᠥᠮᠥᠰ ᠬᠤᠭᠤᠷᠣᠨᠳᠤ ᠪᠠᠨ ᠬᠠᠷᠢᠯᠴᠠᠨ ᠶᠠᠷᠢᠯᠴᠠᠬᠤ᠂ ᠮᠡᠳᠡᠭᠡᠯᠡᠯ ᠰᠣᠯᠢᠯᠴᠠᠬᠤ᠂ ᠮᠡᠳᠡᠭᠡᠯᠡᠯ ᠬᠦᠯᠢᠶᠡᠨ ᠠᠪᠬᠤ᠂ ᠮᠡᠳᠡᠭᠡᠯᠡᠯ ᠬᠤᠪᠢᠶᠠᠯᠴᠠᠬᠤ ᠳᠤᠷᠠᠲᠠᠢ ᠪᠠᠶᠢᠳᠠᠭ ᠨᠢ ᠪᠤᠷᠬᠠᠨ ᠠᠴᠠ ᠬᠥᠮᠥᠰ ᠪᠢᠳᠠᠨ ᠳᠤ ᠣᠯᠭᠤᠭᠰᠠᠨ ᠬᠡᠰᠢᠭ ᠶᠤᠮ᠃ ᠡᠭᠦᠨ ᠢ ᠢᠨᠲ᠋ᠧᠷᠨᠧᠲ ᠬᠠᠷᠢᠯᠴᠠᠭᠠᠨ ᠤ ᠪᠤᠰᠤᠳ ᠬᠡᠷᠡᠭᠰᠡᠯ ᠠᠴᠠ ᠬᠠᠮᠤᠭ ᠤᠨ ᠳᠠᠪᠠᠭᠤ ᠪᠠᠶᠢᠳᠠᠯ ᠢᠶᠠᠷ ᠬᠥᠮᠥᠨ ᠳᠤ ᠬᠦᠷᠭᠡᠵᠦ ᠪᠠᠶᠢᠳᠠᠭ᠃ ᠣᠷᠴᠢᠨ ᠦᠶ᠎ᠡ ᠳᠤ ᠢᠨᠲ᠋ᠧᠷᠨᠧᠲ ᠪᠣᠯ ᠬᠥᠮᠥᠰ ᠤᠨ ᠡᠳᠦᠷ ᠲᠤᠲᠤᠮ ᠤᠨ ᠬᠡᠷᠡᠭᠯᠡᠭᠡᠨ ᠭᠡᠵᠦ ᠬᠡᠯᠡᠵᠦ ᠪᠣᠯᠣᠨ᠎ᠠ᠃ ᠬᠥᠮᠥᠨ ᠲᠥᠷᠥᠯᠬᠢᠲᠡᠨ ᠤ ᠵᠣᠬᠢᠶᠠᠨ ᠪᠦᠲᠦᠭᠡᠭᠰᠡᠨ ᠬᠠᠮᠤᠭ ᠤᠨ ᠲᠣᠮᠣ ᠭᠠᠶᠢᠬᠠᠮᠰᠢᠭᠲᠤ ᠲᠧᠭᠨᠣᠯᠣᠭᠢ ᠪᠣᠯᠬᠤ ᠢᠨᠲ᠋ᠧᠷᠨᠧᠲ ᠢ ᠥᠪᠡᠷ ᠤᠨ ᠠᠬᠤᠢ ᠠᠮᠢᠳᠤᠷᠠᠯ ᠳᠠᠭᠠᠨ ᠬᠡᠷᠡᠭᠯᠡᠵᠦ ᠰᠤᠷᠬᠤ᠂ ᠳᠡᠯᠡᠬᠡᠢ ᠨᠡᠶᠢᠲᠡ ᠲᠠᠢ ᠬᠡᠨ ᠤ ᠴᠦ ᠳᠤᠰᠠᠯᠠᠮᠵᠢ ᠦᠭᠡᠢ ᠪᠠᠷ ᠬᠠᠷᠢᠯᠴᠠᠬᠤ᠂ ᠬᠡᠵᠢᠶ᠎ᠡ ᠴᠦ ᠤᠶᠢᠳᠬᠤ ᠦᠭᠡᠢ ᠪᠠᠷ ᠭᠡᠷᠡᠯ ᠭᠡᠭᠡᠲᠡᠢ ᠠᠮᠢᠳᠤᠷᠠᠬᠤ᠂ ᠳᠠᠶᠠᠭᠠᠷᠰᠢᠯ ᠤᠨ ᠦᠶ᠎ᠡ ᠳᠤ ᠮᠡᠳᠡᠭᠡᠯᠡᠯ ᠢ ᠬᠡᠨ ᠠᠴᠠ ᠴᠦ ᠳᠤᠳᠠᠬᠤ ᠦᠭᠡᠢ ᠪᠠᠷ ᠬᠤᠷᠳᠤᠨ ᠰᠢᠭᠤᠷᠬᠠᠢ ᠠᠪᠬᠤ ᠡᠭᠦᠳᠡ ᠬᠠᠭᠠᠯᠭ᠎ᠠ ᠨᠡᠭᠡᠭᠡᠭᠳᠡᠵᠦ ᠪᠠᠶᠢᠭ᠎ᠠ ᠭᠡᠳᠡᠭ ᠢ ᠪᠠᠲᠤᠲᠠᠢ ᠬᠡᠯᠡᠬᠦ ᠪᠠᠶᠢᠨ᠎ᠠ᠃ ︵ᠺᠢᠷᠢᠯ ᠠᠴᠠ ᠬᠦᠷᠡᠯᠳᠤᠭᠳᠠᠬᠤ ᠬᠦᠷᠪᠡᠬᠦᠯᠪᠠ᠃︶
 
ᠢᠷᠡᠯᠲᠡ᠄ ᠬᠡᠰᠢᠭᠲᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号