ᠮᠠᠷᠳᠠᠭᠳᠠᠰᠢ ᠦᠬᠡᠢ ᠨᠢᠬᠡ ᠴᠠᠭ ᠤᠨ ᠬᠢᠴᠢᠶᠡᠯ
ᠨᠡᠶᠢᠲᠡᠯᠡᠭᠰᠡᠨ ᠴᠠᠭ᠄
2014/3/29
      ᠪᠢ ᠵᠢᠯ ᠪᠤᠯᠭᠠᠨ ᠵᠤᠨ ᠤ ᠠᠮᠠᠷᠠᠯᠳᠠ ᠪᠤᠯᠪᠠᠯ ᠨᠠᠭᠠᠴᠤ ᠡᠪᠦᠭᠡ ᠡᠮᠡᠭᠡ ᠪᠠᠨ ᠡᠷᠬᠢᠵᠤ ᠦᠵᠡᠬᠦ ᠪᠠᠷ ᠶᠠᠪᠤᠳᠠᠭ ᠃ ᠡᠨᠡ ᠵᠢᠯ ᠴᠤ ᠵᠤᠷᠰᠢᠯ ᠶᠤᠰᠤᠭᠠᠷ ᠶᠠᠪᠤᠯ᠎ᠠ᠃ ᠡᠨᠡ ᠵᠢᠯ᠂ ᠨᠠᠭᠠᠴᠤ ᠶᠢᠨ ᠮᠢᠨᠢ ᠨᠤᠳᠤᠭ ᠬᠡᠵᠤ ᠵᠢᠯ ᠵᠢᠯ ᠠᠴᠠ  ᠪᠠᠨ ᠭᠤᠶᠤ ᠪᠠᠶᠢᠵᠤ᠂ ᠪᠤᠷᠷᠤᠭᠠᠨ ᠬᠤᠷ᠎ᠠ ᠡᠯᠪᠡᠭ᠂ ᠡᠪᠡᠰᠦ ᠪᠡᠯᠴᠢᠭᠡᠷ ᠰᠠᠶᠢᠨ ᠪᠠᠶᠢᠵᠤ᠂ ᠪᠤᠷ ᠪᠤᠷ ᠪᠤᠷᠤᠭᠠᠨ ᠲᠠᠢ᠂ ᠰᠡᠷ ᠰᠡᠷ ᠰᠠᠯᠬᠢᠨ ᠲᠠᠢ᠂ ᠪᠤᠷᠬᠠᠨ ᠪᠤᠮᠪᠤ ᠶᠢᠨ ᠤᠷᠤᠨ ᠰᠢᠭ᠋ ᠨᠠᠷᠠ ᠬᠤᠷ᠎ᠠ ᠲᠡᠩᠴᠡᠭᠡᠳ ᠤᠨᠴᠠᠭᠠᠢ ᠰᠠᠶᠢᠠᠬᠨ ᠪᠠᠶᠢᠯ᠎ᠠ᠃       ᠨᠠᠶᠢᠷᠳᠠᠢ ᠰᠠᠶᠢᠬᠠᠨ ᠤᠯᠠᠷᠢᠯ ᠬᠡᠵᠤ ᠮᠤᠩᠭᠤᠯᠴᠤᠳ ᠵᠤᠨ ᠤ ᠤᠯᠠᠷᠢᠯ ᠢᠶᠠᠨ ᠮᠠᠭᠳᠠᠳᠠᠭ ᠨᠢ ᠪᠤᠷᠤᠭᠤ ᠦᠬᠡᠢ᠃ ᠮᠤᠩᠭᠤᠯ ᠤᠷᠤᠨ ᠳᠤ ᠨᠠᠶᠢᠷ ᠨᠠᠭᠠᠳᠤᠮ ᠦᠷᠬᠦᠯᠵᠢᠯᠡᠭᠰᠡᠭᠡᠷ᠂᠂᠂᠂ ᠤᠴᠢᠭᠰᠠᠨ ᠤ ᠮᠢᠨᠢ ᠭᠤᠷᠪᠠᠳᠤᠭᠠᠷ ᠡᠳᠦᠷ ᠲᠤ ᠤᠷᠤᠨ ᠤ ᠲᠡᠰ ᠤᠨ ᠲᠤᠮᠤ ᠨᠠᠶᠢᠷ ᠨᠠᠭᠠᠴᠤ ᠶᠢᠨ ᠮᠢᠨᠢ ᠨᠤᠳᠤᠭ ᠲᠤ ᠨᠠᠮᠪᠠᠳᠠᠶᠢᠬᠠᠨ ᠰᠠᠭᠠᠳᠠᠯ᠎ᠠ᠃ ᠨᠠᠭᠠᠴᠤ ᠡᠪᠦᠭᠡ ᠠᠴᠠ ᠪᠤᠰᠤᠳ ᠨᠢ ᠪᠦᠷ ᠯᠠ ᠨᠠᠶᠢᠷ ᠦᠵᠡᠬᠦ ᠪᠠᠷ ᠶᠠᠪᠤᠬᠤ ᠶᠤᠮ ᠬᠡᠵᠤ ᠬᠦᠯ ᠬᠦᠩᠬᠡᠷᠡᠵᠤ᠂ ᠰᠡᠳᠬᠢᠯ ᠬᠦᠭᠰᠤᠨ ᠶᠠᠭᠠᠷᠠᠵᠠᠭᠠᠨ᠎ᠠ᠃ ᠡᠮᠧ ᠪᠢᠳᠡ ᠬᠤᠶᠠᠷ ᠨᠠᠭᠠᠨ᠎ᠠ ᠴᠠᠭᠠᠨ᠎ᠠ ᠨᠢ ᠲᠦᠪᠬᠢᠨᠡᠬᠦᠯᠬᠡ ᠬᠢᠵᠤ ᠪᠠᠶᠢᠬᠤ  ᠳᠤ ᠨᠠᠷᠮᠠᠢ ᠲᠡᠬᠦᠤᠳᠠᠢ ᠮᠢᠨᠢ ᠨᠠᠮᠠᠢᠢ ︽ᠶᠠᠪᠤᠶ᠎ᠠ ᠶᠠᠪᠤᠶ᠎ᠠ︕ ᠶᠠᠪᠤᠴᠢᠬ᠎ᠠ︕︾ ᠭᠡᠵᠤ ᠪᠠᠶᠢᠨ ᠪᠠᠶᠢᠨ ᠨᠢᠳᠤᠷᠤᠨ᠎ᠠ᠃ ᠪᠢ ᠲᠡᠷᠭᠡᠨ ᠤ ᠦᠨᠦᠷ ᠲᠤ ᠤᠭᠰᠢᠭᠤᠯᠬᠤ ᠲᠠᠳᠬᠠᠯ ᠲᠠᠢ ᠪᠤᠯᠬᠤᠷ ᠶᠠᠭ ᠶᠠᠪᠤᠬᠤ ᠰᠠᠨᠠᠭ᠎ᠠ ᠦᠬᠡᠢ ᠪᠠᠶᠢᠯ᠎ᠠ᠃ ᠨᠠᠭᠠᠴᠤ ᠡᠮᠡᠭᠡ ᠴᠤ ᠡᠮᠧ ᠶᠢ ︽ᠨᠤᠳᠤᠭ ᠤᠨ ᠢᠶᠠᠨ ᠨᠠᠶᠢᠷ ᠢ ᠦᠵᠡᠭᠡ ᠦᠬᠡᠢ ᠭᠡᠴᠢᠨᠡᠨ ᠵᠢᠯ ᠪᠤᠯᠴᠢᠬᠠᠯ᠎ᠠ᠂ ᠶᠠᠪᠤᠴᠢᠬ᠎ᠠ ᠶᠠᠪᠤᠴᠢᠬ᠎ᠠ︕ ᠠᠵᠠᠢ ᠴᠢᠨᠢ ᠬᠤᠳᠠ ᠪᠠᠨ ᠬᠠᠷᠠᠴᠢᠬᠠᠨ᠎ᠠ︾ ᠬᠡᠵᠤ ᠱᠠᠯᠠᠵᠣ ᠪᠠᠶᠢᠯ᠎ᠠ᠃ ︽ᠬᠦᠦ ᠪᠢᠳᠡ ᠬᠤᠶᠠᠷ ᠠᠵᠠᠢ ᠲᠠᠢ ᠬᠠᠮᠳᠤ ᠦᠯᠡᠳᠡᠶ᠎ᠡ︾ ᠬᠡᠳ ᠡᠮᠧ ᠶᠠᠪᠤᠭᠰᠠᠨ ᠦᠬᠡᠢ᠃       ᠲᠡᠭᠦᠦᠳᠠᠢ ᠶᠠᠪᠤᠴᠢᠬᠠᠭᠰᠠᠨ ᠴᠢᠨᠢ ᠪᠢ ᠬᠢᠳᠠᠯ ᠠᠯᠳᠠᠵᠤ ᠭᠠᠳᠠᠭᠤᠷ ᠠᠯᠬᠤᠵᠤ ᠪᠠᠶᠢᠳᠠᠯ᠎ᠠ ᠨᠢᠬᠡ ᠰᠢᠪᠠᠭᠤ ︽ᠵᠢᠷ ᠵᠢᠷ︾ ᠭᠡᠵᠤ ᠲᠤᠤᠭᠠᠷᠤᠨ᠂ ᠪᠴᠢᠮᠳᠠᠵᠤ ᠰᠠᠨᠳᠤᠷᠤᠭᠰᠠᠨ ᠮᠠᠶ᠋ᠢᠭ ᠲᠠᠢ ᠵᠢᠬᠦᠷ ᠢᠶᠠᠨ ᠬᠤᠷᠳᠤᠨ ᠬᠤᠷᠳᠤᠨ ᠲᠡᠪᠢᠨ᠎ᠡ᠃ ᠪᠢ ᠡᠨᠡᠬᠦ ᠪᠠᠶᠢᠳᠠᠯ ᠢ ᠡᠮᠧ ᠳᠤ ᠪᠠᠨ ᠬᠡᠯᠡᠭᠰᠡᠨ ᠳᠤ᠂ ᠡᠮᠧ ᠠᠵᠢᠯ ᠬᠢᠵᠤ ᠪᠠᠶᠢᠬᠤ ᠵᠠᠭᠤᠷ᠎ᠠ ᠪᠠᠨ ︽ᠴᠢᠨᠤ ᠤᠴᠢᠭᠰᠠᠨ ᠭᠠᠵᠠᠷ ᠴᠢᠨᠢ ᠡᠨᠡ ᠰᠢᠪᠠᠭᠤᠨ ᠤ ᠦᠨᠳᠡᠭᠡ ᠨᠢ ᠪᠠᠶᠢᠨ᠎ᠠ᠂ ᠴᠢᠮᠠᠢᠢ ᠠᠪᠠᠴᠢᠬᠠᠬᠤ ᠠᠴᠠ ᠠᠶᠤᠭᠠᠳ ᠰᠠᠨᠳᠤᠷᠴᠤ ᠪᠠᠶᠢᠨ᠎ᠠ ᠰᠢᠤ︾ ᠬᠡᠵᠤ ᠬᠡᠯᠡᠯ᠎ᠠ᠃ ᠪᠢ ᠢᠳᠡᠭᠡᠭᠰᠡᠨ ᠦᠬᠡᠢ᠂ ᠦᠨᠡᠨ ᠡᠰᠡᠬᠦ ᠶᠢ ᠮᠡᠳᠡᠬᠦ  ᠶᠢᠨ ᠲᠦᠯᠦᠬᠡ ᠴᠢᠯᠠᠭᠤᠨ ᠬᠤᠷᠤᠭᠠᠨ ᠤ ᠵᠠᠪᠰᠠᠷ ᠵᠠᠭᠠᠯᠬᠠᠢ ᠪᠠᠷ ᠰᠢᠬᠠᠵᠤ ᠶᠠᠪᠤᠳᠠᠯ᠎ᠠ ᠰᠢᠪᠠᠭᠤ ᠲᠦᠩᠬᠡᠵᠤ ᠯᠡ ᠤᠷᠤᠵᠤ ᠪᠠᠭᠳᠠᠮ᠎ᠠ ᠨᠢᠬᠡᠨ ᠵᠠᠪᠰᠠᠷ ᠲᠤ ᠨᠡᠯᠢᠶᠠᠳ ᠴᠠᠭᠠᠨ᠎ᠠ ᠭᠤᠷᠪᠠᠨ ᠦᠨᠳᠡᠭᠡ ᠪᠠᠶᠢᠬᠤ ᠶᠢ ᠤᠯᠵᠤ ᠦᠵᠡᠯ᠎ᠡ᠃ ᠮᠢᠨᠤ ᠪᠠᠶᠠᠷᠯᠠᠭᠰᠠᠨ ᠬᠡᠵᠢ ᠡ︕ ᠨᠢᠬᠡ ᠯᠠ ᠠᠮᠢᠰᠬᠤᠭ᠎ᠠ ᠪᠠᠷ ᠬᠦᠶᠤᠵᠤ ᠢᠷᠡᠭᠡᠳ ᠨᠠᠭᠠᠴᠤ ᠡᠪᠦᠭᠡ ᠳᠤ ᠬᠡᠯᠡᠭᠰᠡᠨ  ᠳᠤ ᠡᠮᠧ ᠲᠤᠳᠤᠷ᠎ᠠ ᠭᠡᠷ ᠠᠴᠠ ︽ᠰᠢᠪᠠᠭᠤᠨ ᠤ ᠡᠬᠦᠷ ᠢ ᠮᠠᠯᠳᠠᠵᠤ ᠪᠤᠯᠬᠤ ᠦᠬᠡᠢ ᠰᠢᠤ︕ ᠮᠤᠭᠠᠢ ᠪᠠᠶᠢᠨ᠎ᠠ᠂ ᠬᠠᠳᠬᠤᠨ᠎ᠠ︕︾ ᠬᠡᠵᠤ ᠰᠠᠨᠳᠤᠷᠤᠭᠰᠠᠨ ᠮᠠᠶ᠋ᠢᠭᠳᠠᠢ ᠬᠡᠯᠡᠯ᠎ᠡ᠃ ︽ᠮᠤᠭᠠᠢ ᠪᠠᠶᠢᠭᠰᠠᠨ ᠪᠤᠯ ᠦᠨᠳᠡᠭᠡ ᠶᠢ ᠨᠢ ᠢᠳᠡᠴᠢᠭᠡᠭᠰᠡᠨ ᠪᠠᠶᠢᠯᠬᠦᠢ ᠳ᠋ᠡ︾ ᠭᠡᠵᠤ ᠬᠡᠯᠡᠬᠡᠳ ᠪᠢ ᠭᠠᠷᠴᠤ ᠶᠠᠪᠤᠯ᠎ᠠ᠃ ︽ᠮᠢᠨᠤ ᠬᠦᠦ ᠦᠬᠡᠷ᠎ᠡ ᠭᠠᠵᠠᠷ ᠨᠠᠭᠠᠳᠬᠤ ᠪᠠᠷ ᠶᠠᠪᠤ᠂ ᠡᠬᠡ ᠨᠢ ᠦᠨᠳᠡᠬᠡᠨ ᠤ ᠪᠠᠨ ᠲᠦᠯᠦᠬᠡ ᠵᠤᠪᠠᠵᠤ ᠪᠠᠶᠢᠨ᠎ᠠ ᠰᠢᠤ᠂ ᠡᠬᠦᠷ ᠤᠨ ᠬᠢᠨᠢ ᠲᠡᠨᠳᠡ ᠪᠢᠳᠡᠭᠡᠢ ᠤᠴᠢ︾ ᠬᠡᠵᠤ ᠡᠮᠧ ᠠᠷᠤ ᠠᠴᠠ ᠬᠡᠯᠡᠯ᠎ᠡ᠃       ︽ᠨᠠᠶᠢᠷ ᠤᠨ ᠤᠯᠤᠰ ᠤᠳ ᠪᠤᠴᠠᠵᠤ ᠪᠠᠶᠢᠨ᠎ᠠ᠂ ᠴᠠᠢ ᠪᠠᠨ ᠬᠢᠬᠦ ᠶᠤᠮ ᠪᠠ︾ ᠬᠡᠵᠤ ᠡᠮᠧ ᠶᠢ ᠬᠡᠯᠡᠬᠦᠯᠡᠷ ᠭᠠᠭᠴᠠᠭᠠᠷ ᠨᠠᠭᠠᠳᠴᠤ ᠤᠶᠢᠳᠬᠠᠷᠯᠠᠭᠰᠠᠨ ᠪᠢ ᠴᠤ ᠲᠡᠭᠦᠦᠳᠡᠢ ᠶᠢ ᠬᠤᠷᠳᠤᠨ ᠢᠷᠡᠬᠦ ᠶᠢ ᠬᠦᠰᠡᠵᠤ᠂ ᠵᠠᠮ ᠬᠠᠷᠠᠬᠤ  ᠪᠠᠷ ᠶᠠᠪᠤᠳᠠᠯ᠎ᠠ᠂ ᠴᠢᠯᠠᠭᠤᠨ ᠬᠤᠷᠤᠭ᠎ᠠ ᠶᠢ ᠦᠵᠡᠮᠡᠭᠴᠡ ᠰᠢᠪᠠᠭᠤᠨ ᠤ ᠡᠭᠦᠷ ᠢ ᠪᠤᠳᠤᠭᠠᠳ ᠤᠯᠴᠢᠬᠠᠯ᠎ᠠ᠃ ᠤᠴᠢᠭᠠᠳ ᠱᠠᠭᠠᠶᠢᠭᠰᠠᠨ ᠴᠢᠨᠢ ᠨᠢᠬᠡᠨ ︽ᠲᠡᠭᠡᠰᠦ︾ ᠪᠠᠶᠢᠨ᠎ᠠ᠃ ᠮᠢᠨᠤ ᠭᠠᠶᠢᠬᠠᠭᠰᠠᠨ ᠬᠡᠵᠢ︕ ᠲᠡᠷᠡ ᠵᠠᠭᠤᠷ᠎ᠠ ᠡᠮᠧ ᠶᠢᠨ ᠬᠡᠯᠡᠵᠤ ᠪᠠᠶᠢᠭᠰᠠᠨ ︽ᠮᠤᠭᠠᠢ︾ ᠲᠠᠷᠢᠬᠢᠨ ᠳᠤ ᠮᠢᠨᠢ ᠬᠢᠯᠠᠰᠬᠢᠨ ᠤᠷᠤᠵᠤ ᠢᠷᠡᠪᠡ᠃ ᠪᠢ ᠪᠤᠷᠤ ᠮᠦᠷ  ᠢᠶᠠᠷ ᠢᠶᠠᠨ ᠲᠠᠪᠬᠢᠵᠤ ᠤᠴᠢᠭᠠᠳ ︽ᠰᠢᠪᠠᠭᠤᠨ ᠡᠭᠦᠷ ᠲᠤ ᠮᠤᠭᠠᠢ ᠤᠷᠤᠴᠢᠬᠠᠵᠠᠢ︾ ᠭᠡᠪᠡ᠃ ᠡᠮᠧ ︽ᠡᠶᠢᠮᠤ ᠲᠦᠷᠭᠡᠨ ᠤᠷᠤᠴᠢᠬᠠᠨ᠎ᠠ ᠭᠡᠵᠢ︖︾ ᠭᠡᠭᠰᠡᠭᠡᠷ ᠭᠠᠷᠴᠤ ᠢᠷᠡᠪᠡ᠃ ᠨᠠᠭᠠᠴᠤ ᠡᠪᠦᠭᠡ ︽ᠤᠷᠤᠴᠢᠬᠠᠨ᠎ᠠ᠂ ᠤᠷᠤᠴᠢᠬᠠᠨ᠎ᠠ︾ ᠭᠡᠭᠰᠡᠭᠡᠷ ᠤᠩᠰᠢᠵᠤ ᠪᠠᠶᠢᠭᠰᠠᠨ ᠪᠢᠴᠢᠭ ᠢᠶᠠᠨ ᠲᠠᠯᠪᠢᠵᠤ ᠬᠠᠨᠵᠤᠨ ᠲᠡᠭᠡᠷ᠎ᠡ ᠠᠴᠠ ᠪᠠᠨ ᠪᠠᠭᠤᠨ᠎ᠠ᠃ ᠡᠮᠧ ᠱᠠᠭᠠᠶᠢᠵᠤ ᠦᠵᠡᠭᠰᠡᠨ ᠢᠶᠠᠨ ︽ᠦᠨᠡᠭᠡᠷ ᠤᠷᠤᠴᠢᠬᠠᠭᠰᠠᠨ ᠪᠠᠶᠢᠨ᠎ᠠ ᠰᠢᠳᠡ︾ ᠬᠡᠵᠦ ᠬᠡᠯᠡᠪᠡ᠃ ᠨᠠᠭᠠᠴᠤ ᠡᠪᠦᠭᠡ ᠭᠠᠯ ᠤᠨ ᠬᠠᠶᠢᠴᠢ ᠪᠠᠨ ᠪᠠᠷᠢᠭᠠᠳ ᠴᠢᠯᠠᠭᠤᠨ ᠬᠤᠷᠤᠭ᠎ᠠ ᠤᠷᠤᠭᠤ ᠢᠷᠡᠵᠤ ᠪᠠᠶᠢᠬᠤ ᠵᠠᠭᠤᠷ᠎ᠠ ᠪᠠᠨ ᠡᠮᠧ ᠳᠤ ︽ᠮᠢᠨᠤ ᠬᠡᠤᠬᠡᠨ ᠴᠠᠢ ᠶᠢᠨ ᠰᠦ ᠠᠴᠠ ᠪᠠᠨ ᠰᠢᠨᠠᠭᠠᠨ ᠳᠤ ᠬᠢᠬᠡᠳ ᠠᠪᠤᠭᠠᠳ ᠢᠷ᠎ᠡ︾ ᠭᠡᠯ᠎ᠡ᠃ ᠪᠢ ᠵᠠᠮᠴᠢ ᠪᠤᠯᠵᠤ ᠨᠠᠭᠠᠴᠤ ᠡᠪᠦᠭᠡ ᠶᠢ ᠲᠠᠭᠠᠭᠤᠯᠵᠤ ᠰᠢᠪᠠᠭᠤᠨ ᠤ ᠡᠬᠦᠷ ᠪᠠᠶᠢᠬᠤ ᠭᠠᠵᠠᠷ ᠲᠤ ᠠᠪᠠᠴᠢᠯ᠎ᠠ᠃ ᠮᠤᠭᠠᠢ ᠤᠷᠢᠶᠠᠯᠳᠤᠭᠠᠳ ᠭᠡᠪᠳᠡᠴᠢᠭᠡᠭᠰᠡᠨ ᠪᠤᠯᠬᠤᠷ ᠬᠠᠶᠢᠴᠢ ᠪᠠᠷ ᠬᠠᠪᠴᠢᠬᠤ ᠳᠤ ᠲᠤᠩ ᠠᠮᠠᠷ ᠦᠬᠡᠢ ᠪᠠᠶᠢᠯ᠎ᠠ᠃ ᠤᠷᠤᠯᠳᠤᠭᠰᠠᠭᠠᠷ ᠪᠠᠶᠢᠳᠠᠯ᠎ᠠ ᠨᠢ ᠮᠤᠭᠠᠢ ᠭᠡᠨᠡᠳᠳᠡ ᠴᠢᠨᠠᠭᠰᠢ ᠲᠤᠳᠠᠭᠠᠬᠤ ᠬᠡᠵᠤ ᠤᠷᠢᠶᠠᠮᠠᠭ ᠨᠢ ᠰᠤᠯᠠᠷᠠᠬᠤ ᠪᠠᠷ ᠲᠡᠭ ᠭᠤᠤᠯ ᠠᠴᠠ ᠨᠢ ᠲᠤᠯᠤᠭᠠᠢ ᠨᠢ ᠭᠠᠷᠴᠤ ᠢᠷᠡᠪᠡ᠃ ᠨᠠᠭᠠᠴᠤ ᠡᠪᠦᠭᠡ ᠲᠦᠩᠬᠡᠵᠤ ᠯᠠ ᠵᠠᠪᠳᠤᠵᠤ ᠲᠤᠯᠤᠭᠠᠢ  ᠶᠢ ᠨᠢ ᠬᠠᠪᠴᠢᠪᠡ᠃ ᠡᠮᠧ ᠠᠪᠴᠢᠷᠠᠭᠰᠠᠨ ᠰᠦ ᠠᠴᠠ ᠪᠠᠨ ᠮᠤᠭᠠᠢ ᠶᠢᠨ ᠲᠤᠯᠤᠭᠠᠢ ᠲᠡᠭᠡᠷ᠎ᠡ ᠨᠢ ᠲᠤᠰᠤᠭᠠᠪᠠ᠃ ᠮᠤᠭᠠᠢ ᠶᠢᠨ ᠭᠡᠳᠡᠰᠦ ᠨᠢ ᠲᠦᠭᠳᠦᠶᠢᠭᠡᠳ ᠲᠡᠯᠪᠡᠷᠡᠬᠦ ᠬᠡᠵᠤ ᠪᠠᠶᠢᠬᠤ ᠰᠢᠭ᠋᠂ ᠭᠤᠷᠪᠠᠨ ᠦᠨᠳᠡᠭᠡ ᠨᠢ ᠦᠶ᠎ᠡ ᠲᠠᠳᠠᠵᠤ ᠮᠡᠳᠡᠭᠳᠡᠵᠤ ᠪᠠᠶᠢᠯ᠎ᠠ᠃ ᠨᠠᠭᠠᠴᠤ ᠡᠪᠦᠭᠡ ︽ᠮᠤᠭᠠᠢ ᠶᠢ ᠲᠤᠯᠤᠭᠠᠢ ᠠᠴᠠ ᠨᠢ ᠬᠠᠪᠴᠢᠨ᠎ᠠ ᠰᠢᠤ᠂ ᠡᠰᠡᠬᠦᠯ᠎ᠡ ᠰᠡᠬᠦᠯ  ᠠᠴᠠ ᠨᠢ ᠲᠡᠭᠡᠭᠰᠢ ᠪᠠᠨ ᠡᠷᠭᠦᠵᠤ ᠪᠠᠷᠢᠨ᠎ᠠ᠂ ᠬᠠᠳᠬᠤᠨ᠎ᠠ ᠰᠢᠤ᠂ ᠬᠤᠤᠷᠳᠠᠢ ᠠᠮᠢᠳᠠᠨ︾ ᠬᠡᠵᠤ ᠨᠠᠳᠠ ᠳᠤ ᠬᠡᠯᠡᠵᠤ ᠪᠠᠶᠢᠯ᠎ᠠ᠃ ᠪᠢ ︽ᠤᠤᠯ ᠨᠢ ᠶᠠᠭᠠᠬᠢᠭᠠᠳ ᠮᠤᠭᠠᠢ ᠪᠠᠶᠢᠬᠤ ᠦᠬᠡᠢ ᠪᠠᠶᠢᠭᠰᠠᠨ ᠪᠤᠢ︖︾ ᠬᠡᠵᠤ ᠠᠰᠠᠭᠤᠯ᠎ᠠ᠃ ᠨᠠᠭᠠᠴᠤ ᠡᠪᠦᠭᠡ ︽ᠦᠨᠦ ᠵᠢᠯ ᠪᠤᠷᠤᠭᠠᠨ ᠰᠠᠶᠢᠨ᠂ ᠡᠪᠡᠰᠦ ᠶᠡᠭᠡ ᠤᠷᠭᠤᠭᠰᠠᠨ᠃ ᠡᠪᠡᠰᠦ ᠲᠠᠢ ᠪᠤᠯ ᠭᠠᠷᠤᠭᠠᠳ ᠢᠷᠡᠴᠢᠭᠡᠳᠡᠭ ᠶᠤᠮ︾ ᠬᠡᠵᠤ ᠬᠡᠯᠡᠪᠡ᠃ ᠨᠠᠭᠠᠴᠤ ᠡᠪᠦᠭᠡ ᠮᠤᠭᠠᠢ ᠬᠠᠪᠴᠢᠭᠰᠠᠨ ᠴᠢᠭ ᠢᠶᠠᠷ ᠢᠶᠠᠨ᠂ ᠡᠮᠧ ᠰᠢᠨᠠᠭ᠎ᠠ ᠪᠠᠷᠢᠭᠰᠠᠨ ᠭᠡᠪ ᠢᠶᠠᠷ ᠢᠶᠠᠨ᠂ ᠪᠢ ᠬᠠᠵᠠᠭᠤ ᠳᠤ ᠨᠢ ᠲᠠᠭᠠᠵᠤ ᠠᠭᠤᠯᠠᠨ ᠲᠡᠭᠡᠷ᠎ᠡ ᠭᠠᠷᠴᠤ᠂ ᠨᠠᠭᠠᠴᠣ ᠡᠪᠦᠭᠡ ᠦᠨᠦᠬᠢ ᠮᠤᠭᠠᠢ ᠶᠢ ᠭᠤᠤ ᠤᠷᠤᠭᠤ ᠰᠢᠳᠡᠭᠡᠳ ᠬᠠᠶᠠᠭᠰᠠᠨ ᠴᠢᠨᠢ ᠮᠤᠭᠠᠢ ᠶᠢᠨ ᠲᠤᠯᠤᠭᠠᠢ ᠨᠢ ᠴᠢᠯᠠᠭᠤᠨ ᠲᠡᠭᠡᠷ᠎ᠡ ᠤᠨᠤᠭᠠᠳ ᠬᠠᠭᠠᠷᠴᠢᠬᠠᠪᠠ᠃ ᠨᠠᠭᠠᠴᠤ ᠡᠪᠦᠭᠡ ︽ᠠᠢ᠂ ᠪᠠᠰᠠ ᠶᠠᠭᠠᠬᠢᠭᠠᠳ ᠴᠢᠯᠠᠭᠤᠨ ᠲᠡᠭᠡᠷ᠎ᠡ ᠬᠦᠷᠴᠢᠭᠡᠪᠡ ᠳ᠋ᠡ︾ ᠬᠡᠵᠤ ᠮᠤᠭᠠᠢ ᠶᠢᠨ ᠬᠤᠶᠢᠨ᠎ᠠ ᠠᠴᠠ ᠬᠠᠷᠠᠮᠰᠠᠩᠭᠤᠢ ᠬᠡᠯᠡᠪᠡ᠃ ︽︿ᠮᠤᠭᠠᠢ ᠬᠤᠤᠷᠤᠨ ᠳᠤ ᠪᠠᠨ ᠰᠢᠷᠠᠯᠠᠨ᠎ᠠ﹀ ᠭᠡᠳᠡᠭ ᠨᠢ ᠡᠨᠡ ᠪᠤᠯᠪᠠᠤ︖︕︾ ᠬᠡᠵᠤ ᠪᠢ ᠪᠤᠳᠤᠯ᠎ᠠ᠃ ᠡᠮᠧ ᠲᠠᠭ ᠲᠤᠭᠤᠢ ᠪᠤᠳᠤᠯ ᠪᠤᠯᠤᠨ ᠠᠯᠬᠤᠨ᠎ᠠ᠃       ︽ᠲᠦᠮᠡ ᠰᠤᠨᠤᠰᠬᠤ ᠪᠠᠷ ᠨᠢᠭᠡ ᠦᠵᠡ︾ ᠬᠡᠵᠤ ᠦᠨᠡᠭᠡᠷᠡᠨ ᠦᠬᠡ᠃ ᠰᠤᠨᠤᠰᠤᠭᠰᠠᠨ ᠪᠤᠯ ᠦᠯᠢᠬᠡᠷ ᠰᠢᠤᠬᠠᠨ ᠦᠨᠡᠨ ᠬᠤᠳᠠᠯ ᠤᠨ ᠬᠤᠭᠤᠷᠤᠨᠳᠤ᠂ ᠢᠳᠡᠭᠡᠬᠦ ᠲᠠᠢ ᠦᠬᠡᠢ ᠲᠠᠢ ᠦᠩᠬᠡᠷᠡᠨ᠎ᠡ᠃ ᠬᠡᠳᠡᠯ᠎ᠡ ᠦᠵᠡᠭᠰᠡᠨ ᠮᠠᠨᠢ ᠮᠠᠷᠳᠠᠭᠳᠠᠰᠢ ᠦᠬᠡᠢ ᠨᠢᠬᠡ ᠴᠠᠭ ᠤᠨ ᠬᠢᠴᠢᠶᠡᠯ ᠪᠤᠯᠵᠠᠢ᠃       ᠴᠠᠢ ᠶᠢᠨ ᠰᠦ — ᠵᠠᠷᠢᠮ ᠮᠠᠯᠵᠢᠬᠤ ᠤᠷᠤᠨ ᠳᠤ ᠲᠠᠯᠪᠢᠭᠰᠠᠨ ᠰᠦ ᠪᠠᠨ ᠱᠠᠯᠠᠴᠢᠬᠠᠬᠤ ᠠᠴᠠ ᠬᠢᠴᠢᠶᠡᠵᠤ᠂ ᠴᠠᠢ ᠨᠡᠶᠢᠯᠡᠬᠦᠯᠬᠦ ᠰᠦ ᠪᠠᠨ ᠠᠰ ᠲᠤ ᠨᠢ ᠡᠳᠦᠷ ᠤᠨ ᠵᠠᠷᠤᠬᠤ ᠬᠡᠮᠵᠢᠶ᠎ᠡ ᠪᠠᠷ ᠢᠶᠠᠨ ᠪᠠᠭ᠎ᠠ ᠰᠠᠪᠠᠨ ᠳᠤ ᠠᠪᠳᠠᠭ᠃ ᠲᠠᠯᠪᠢᠭᠰᠠᠨ ᠰᠦ ᠪᠠᠨ ᠱᠠᠯᠠᠪᠠᠯ ᠵᠦᠬᠡᠬᠡᠢ ᠪᠠᠭ᠎ᠠ ᠰᠠᠭᠤᠨ᠎ᠠ᠃                    ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ ᠶᠢᠨ                    ᠠᠩᠬ᠎ᠠ ᠨᠢᠭᠡ ᠶᠢᠨ ᠰᠤᠷᠤᠭᠴᠢ  ᠭᠠᠴᠤᠷ᠎ᠠ                    ᠵᠢᠯᠤᠭᠤᠳᠤᠭᠰᠠᠨ ᠪᠠᠭᠰᠢ᠄ ᠰᠠᠷᠠᠭᠤᠯᠴᠢᠮᠡᠭ
 
ᠢᠷᠡᠯᠲᠡ᠄ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号