ᠮᠠᠷᠳᠠᠭᠳᠠᠰᠢ ᠦᠬᠡᠢ ᠨᠢᠬᠡ ᠴᠠᠭ ᠤᠨ ᠬᠢᠴᠢᠶᠡᠯ
ᠨᠡᠶᠢᠲᠡᠯᠡᠭᠰᠡᠨ ᠴᠠᠭ᠄
2014/3/29
      ᠪᠢ ᠵᠢᠯ ᠪᠤᠯᠭᠠᠨ ᠵᠤᠨ ᠤ ᠠᠮᠠᠷᠠᠯᠳᠠ ᠪᠤᠯᠪᠠᠯ ᠨᠠᠭᠠᠴᠤ ᠡᠪᠦᠭᠡ ᠡᠮᠡᠭᠡ ᠪᠠᠨ ᠡᠷᠬᠢᠵᠤ ᠦᠵᠡᠬᠦ ᠪᠠᠷ ᠶᠠᠪᠤᠳᠠᠭ ᠃ ᠡᠨᠡ ᠵᠢᠯ ᠴᠤ ᠵᠤᠷᠰᠢᠯ ᠶᠤᠰᠤᠭᠠᠷ ᠶᠠᠪᠤᠯ᠎ᠠ᠃ ᠡᠨᠡ ᠵᠢᠯ᠂ ᠨᠠᠭᠠᠴᠤ ᠶᠢᠨ ᠮᠢᠨᠢ ᠨᠤᠳᠤᠭ ᠬᠡᠵᠤ ᠵᠢᠯ ᠵᠢᠯ ᠠᠴᠠ ᠎ ᠪᠠᠨ ᠭᠤᠶᠤ ᠪᠠᠶᠢᠵᠤ᠂ ᠪᠤᠷᠷᠤᠭᠠᠨ ᠬᠤᠷ᠎ᠠ ᠡᠯᠪᠡᠭ᠂ ᠡᠪᠡᠰᠦ ᠪᠡᠯᠴᠢᠭᠡᠷ ᠰᠠᠶᠢᠨ ᠪᠠᠶᠢᠵᠤ᠂ ᠪᠤᠷ ᠪᠤᠷ ᠪᠤᠷᠤᠭᠠᠨ ᠲᠠᠢ᠂ ᠰᠡᠷ ᠰᠡᠷ ᠰᠠᠯᠬᠢᠨ ᠲᠠᠢ᠂ ᠪᠤᠷᠬᠠᠨ ᠪᠤᠮᠪᠤ ᠶᠢᠨ ᠤᠷᠤᠨ ᠰᠢᠭ᠋ ᠨᠠᠷᠠ ᠬᠤᠷ᠎ᠠ ᠲᠡᠩᠴᠡᠭᠡᠳ ᠤᠨᠴᠠᠭᠠᠢ ᠰᠠᠶᠢᠠᠬᠨ ᠪᠠᠶᠢᠯ᠎ᠠ᠃       ᠨᠠᠶᠢᠷᠳᠠᠢ ᠰᠠᠶᠢᠬᠠᠨ ᠤᠯᠠᠷᠢᠯ ᠬᠡᠵᠤ ᠮᠤᠩᠭᠤᠯᠴᠤᠳ ᠵᠤᠨ ᠤ ᠤᠯᠠᠷᠢᠯ ᠢᠶᠠᠨ ᠮᠠᠭᠳᠠᠳᠠᠭ ᠨᠢ ᠪᠤᠷᠤᠭᠤ ᠦᠬᠡᠢ᠃ ᠮᠤᠩᠭᠤᠯ ᠤᠷᠤᠨ ᠳᠤ ᠨᠠᠶᠢᠷ ᠨᠠᠭᠠᠳᠤᠮ ᠦᠷᠬᠦᠯᠵᠢᠯᠡᠭᠰᠡᠭᠡᠷ᠂᠂᠂᠂ ᠤᠴᠢᠭᠰᠠᠨ ᠤ ᠮᠢᠨᠢ ᠭᠤᠷᠪᠠᠳᠤᠭᠠᠷ ᠡᠳᠦᠷ ᠲᠤ ᠤᠷᠤᠨ ᠤ ᠲᠡᠰ ᠤᠨ ᠲᠤᠮᠤ ᠨᠠᠶᠢᠷ ᠨᠠᠭᠠᠴᠤ ᠶᠢᠨ ᠮᠢᠨᠢ ᠨᠤᠳᠤᠭ ᠲᠤ ᠨᠠᠮᠪᠠᠳᠠᠶᠢᠬᠠᠨ ᠰᠠᠭᠠᠳᠠᠯ᠎ᠠ᠃ ᠨᠠᠭᠠᠴᠤ ᠡᠪᠦᠭᠡ ᠠᠴᠠ ᠪᠤᠰᠤᠳ ᠨᠢ ᠪᠦᠷ ᠯᠠ ᠨᠠᠶᠢᠷ ᠦᠵᠡᠬᠦ ᠪᠠᠷ ᠶᠠᠪᠤᠬᠤ ᠶᠤᠮ ᠬᠡᠵᠤ ᠬᠦᠯ ᠬᠦᠩᠬᠡᠷᠡᠵᠤ᠂ ᠰᠡᠳᠬᠢᠯ ᠬᠦᠭᠰᠤᠨ ᠶᠠᠭᠠᠷᠠᠵᠠᠭᠠᠨ᠎ᠠ᠃ ᠡᠮᠧ ᠪᠢᠳᠡ ᠬᠤᠶᠠᠷ ᠨᠠᠭᠠᠨ᠎ᠠ ᠴᠠᠭᠠᠨ᠎ᠠ ᠨᠢ ᠲᠦᠪᠬᠢᠨᠡᠬᠦᠯᠬᠡ ᠬᠢᠵᠤ ᠪᠠᠶᠢᠬᠤ ᠎ ᠳᠤ ᠨᠠᠷᠮᠠᠢ ᠲᠡᠬᠦᠤᠳᠠᠢ ᠮᠢᠨᠢ ᠨᠠᠮᠠᠢᠢ ︽ᠶᠠᠪᠤᠶ᠎ᠠ ᠶᠠᠪᠤᠶ᠎ᠠ︕ ᠶᠠᠪᠤᠴᠢᠬ᠎ᠠ︕︾ ᠭᠡᠵᠤ ᠪᠠᠶᠢᠨ ᠪᠠᠶᠢᠨ ᠨᠢᠳᠤᠷᠤᠨ᠎ᠠ᠃ ᠪᠢ ᠲᠡᠷᠭᠡᠨ ᠤ ᠦᠨᠦᠷ ᠲᠤ ᠤᠭᠰᠢᠭᠤᠯᠬᠤ ᠲᠠᠳᠬᠠᠯ ᠲᠠᠢ ᠪᠤᠯᠬᠤᠷ ᠶᠠᠭ ᠶᠠᠪᠤᠬᠤ ᠰᠠᠨᠠᠭ᠎ᠠ ᠦᠬᠡᠢ ᠪᠠᠶᠢᠯ᠎ᠠ᠃ ᠨᠠᠭᠠᠴᠤ ᠡᠮᠡᠭᠡ ᠴᠤ ᠡᠮᠧ ᠶᠢ ︽ᠨᠤᠳᠤᠭ ᠤᠨ ᠢᠶᠠᠨ ᠨᠠᠶᠢᠷ ᠢ ᠦᠵᠡᠭᠡ ᠦᠬᠡᠢ ᠭᠡᠴᠢᠨᠡᠨ ᠵᠢᠯ ᠪᠤᠯᠴᠢᠬᠠᠯ᠎ᠠ᠂ ᠶᠠᠪᠤᠴᠢᠬ᠎ᠠ ᠶᠠᠪᠤᠴᠢᠬ᠎ᠠ︕ ᠠᠵᠠᠢ ᠴᠢᠨᠢ ᠬᠤᠳᠠ ᠪᠠᠨ ᠬᠠᠷᠠᠴᠢᠬᠠᠨ᠎ᠠ︾ ᠬᠡᠵᠤ ᠱᠠᠯᠠᠵᠣ ᠪᠠᠶᠢᠯ᠎ᠠ᠃ ︽ᠬᠦᠦ ᠪᠢᠳᠡ ᠬᠤᠶᠠᠷ ᠠᠵᠠᠢ ᠲᠠᠢ ᠬᠠᠮᠳᠤ ᠦᠯᠡᠳᠡᠶ᠎ᠡ︾ ᠬᠡᠳ ᠡᠮᠧ ᠶᠠᠪᠤᠭᠰᠠᠨ ᠦᠬᠡᠢ᠃       ᠲᠡᠭᠦᠦᠳᠠᠢ ᠶᠠᠪᠤᠴᠢᠬᠠᠭᠰᠠᠨ ᠴᠢᠨᠢ ᠪᠢ ᠬᠢᠳᠠᠯ ᠠᠯᠳᠠᠵᠤ ᠭᠠᠳᠠᠭᠤᠷ ᠠᠯᠬᠤᠵᠤ ᠪᠠᠶᠢᠳᠠᠯ᠎ᠠ ᠨᠢᠬᠡ ᠰᠢᠪᠠᠭᠤ ︽ᠵᠢᠷ ᠵᠢᠷ︾ ᠭᠡᠵᠤ ᠲᠤᠤᠭᠠᠷᠤᠨ᠂ ᠪᠴᠢᠮᠳᠠᠵᠤ ᠰᠠᠨᠳᠤᠷᠤᠭᠰᠠᠨ ᠮᠠᠶ᠋ᠢᠭ ᠲᠠᠢ ᠵᠢᠬᠦᠷ ᠢᠶᠠᠨ ᠬᠤᠷᠳᠤᠨ ᠬᠤᠷᠳᠤᠨ ᠲᠡᠪᠢᠨ᠎ᠡ᠃ ᠪᠢ ᠡᠨᠡᠬᠦ ᠪᠠᠶᠢᠳᠠᠯ ᠢ ᠡᠮᠧ ᠳᠤ ᠪᠠᠨ ᠬᠡᠯᠡᠭᠰᠡᠨ ᠳᠤ᠂ ᠡᠮᠧ ᠠᠵᠢᠯ ᠬᠢᠵᠤ ᠪᠠᠶᠢᠬᠤ ᠵᠠᠭᠤᠷ᠎ᠠ ᠪᠠᠨ ︽ᠴᠢᠨᠤ ᠤᠴᠢᠭᠰᠠᠨ ᠭᠠᠵᠠᠷ ᠴᠢᠨᠢ ᠡᠨᠡ ᠰᠢᠪᠠᠭᠤᠨ ᠤ ᠦᠨᠳᠡᠭᠡ ᠨᠢ ᠪᠠᠶᠢᠨ᠎ᠠ᠂ ᠴᠢᠮᠠᠢᠢ ᠠᠪᠠᠴᠢᠬᠠᠬᠤ ᠠᠴᠠ ᠠᠶᠤᠭᠠᠳ ᠰᠠᠨᠳᠤᠷᠴᠤ ᠪᠠᠶᠢᠨ᠎ᠠ ᠰᠢᠤ︾ ᠬᠡᠵᠤ ᠬᠡᠯᠡᠯ᠎ᠠ᠃ ᠪᠢ ᠢᠳᠡᠭᠡᠭᠰᠡᠨ ᠦᠬᠡᠢ᠂ ᠦᠨᠡᠨ ᠡᠰᠡᠬᠦ ᠶᠢ ᠮᠡᠳᠡᠬᠦ ᠎ ᠶᠢᠨ ᠲᠦᠯᠦᠬᠡ ᠴᠢᠯᠠᠭᠤᠨ ᠬᠤᠷᠤᠭᠠᠨ ᠤ ᠵᠠᠪᠰᠠᠷ ᠵᠠᠭᠠᠯᠬᠠᠢ ᠪᠠᠷ ᠰᠢᠬᠠᠵᠤ ᠶᠠᠪᠤᠳᠠᠯ᠎ᠠ ᠰᠢᠪᠠᠭᠤ ᠲᠦᠩᠬᠡᠵᠤ ᠯᠡ ᠤᠷᠤᠵᠤ ᠪᠠᠭᠳᠠᠮ᠎ᠠ ᠨᠢᠬᠡᠨ ᠵᠠᠪᠰᠠᠷ ᠲᠤ ᠨᠡᠯᠢᠶᠠᠳ ᠴᠠᠭᠠᠨ᠎ᠠ ᠭᠤᠷᠪᠠᠨ ᠦᠨᠳᠡᠭᠡ ᠪᠠᠶᠢᠬᠤ ᠶᠢ ᠤᠯᠵᠤ ᠦᠵᠡᠯ᠎ᠡ᠃ ᠮᠢᠨᠤ ᠪᠠᠶᠠᠷᠯᠠᠭᠰᠠᠨ ᠬᠡᠵᠢ ᠡ︕ ᠨᠢᠬᠡ ᠯᠠ ᠠᠮᠢᠰᠬᠤᠭ᠎ᠠ ᠪᠠᠷ ᠬᠦᠶᠤᠵᠤ ᠢᠷᠡᠭᠡᠳ ᠨᠠᠭᠠᠴᠤ ᠡᠪᠦᠭᠡ ᠳᠤ ᠬᠡᠯᠡᠭᠰᠡᠨ ᠎ ᠳᠤ ᠡᠮᠧ ᠲᠤᠳᠤᠷ᠎ᠠ ᠭᠡᠷ ᠠᠴᠠ ︽ᠰᠢᠪᠠᠭᠤᠨ ᠤ ᠡᠬᠦᠷ ᠢ ᠮᠠᠯᠳᠠᠵᠤ ᠪᠤᠯᠬᠤ ᠦᠬᠡᠢ ᠰᠢᠤ︕ ᠮᠤᠭᠠᠢ ᠪᠠᠶᠢᠨ᠎ᠠ᠂ ᠬᠠᠳᠬᠤᠨ᠎ᠠ︕︾ ᠬᠡᠵᠤ ᠰᠠᠨᠳᠤᠷᠤᠭᠰᠠᠨ ᠮᠠᠶ᠋ᠢᠭᠳᠠᠢ ᠬᠡᠯᠡᠯ᠎ᠡ᠃ ︽ᠮᠤᠭᠠᠢ ᠪᠠᠶᠢᠭᠰᠠᠨ ᠪᠤᠯ ᠦᠨᠳᠡᠭᠡ ᠶᠢ ᠨᠢ ᠢᠳᠡᠴᠢᠭᠡᠭᠰᠡᠨ ᠪᠠᠶᠢᠯᠬᠦᠢ ᠳ᠋ᠡ︾ ᠭᠡᠵᠤ ᠬᠡᠯᠡᠬᠡᠳ ᠪᠢ ᠭᠠᠷᠴᠤ ᠶᠠᠪᠤᠯ᠎ᠠ᠃ ︽ᠮᠢᠨᠤ ᠬᠦᠦ ᠦᠬᠡᠷ᠎ᠡ ᠭᠠᠵᠠᠷ ᠨᠠᠭᠠᠳᠬᠤ ᠪᠠᠷ ᠶᠠᠪᠤ᠂ ᠡᠬᠡ ᠨᠢ ᠦᠨᠳᠡᠬᠡᠨ ᠤ ᠪᠠᠨ ᠲᠦᠯᠦᠬᠡ ᠵᠤᠪᠠᠵᠤ ᠪᠠᠶᠢᠨ᠎ᠠ ᠰᠢᠤ᠂ ᠡᠬᠦᠷ ᠤᠨ ᠬᠢᠨᠢ ᠲᠡᠨᠳᠡ ᠪᠢᠳᠡᠭᠡᠢ ᠤᠴᠢ︾ ᠬᠡᠵᠤ ᠡᠮᠧ ᠠᠷᠤ ᠠᠴᠠ ᠬᠡᠯᠡᠯ᠎ᠡ᠃       ︽ᠨᠠᠶᠢᠷ ᠤᠨ ᠤᠯᠤᠰ ᠤᠳ ᠪᠤᠴᠠᠵᠤ ᠪᠠᠶᠢᠨ᠎ᠠ᠂ ᠴᠠᠢ ᠪᠠᠨ ᠬᠢᠬᠦ ᠶᠤᠮ ᠪᠠ︾ ᠬᠡᠵᠤ ᠡᠮᠧ ᠶᠢ ᠬᠡᠯᠡᠬᠦᠯᠡᠷ ᠭᠠᠭᠴᠠᠭᠠᠷ ᠨᠠᠭᠠᠳᠴᠤ ᠤᠶᠢᠳᠬᠠᠷᠯᠠᠭᠰᠠᠨ ᠪᠢ ᠴᠤ ᠲᠡᠭᠦᠦᠳᠡᠢ ᠶᠢ ᠬᠤᠷᠳᠤᠨ ᠢᠷᠡᠬᠦ ᠶᠢ ᠬᠦᠰᠡᠵᠤ᠂ ᠵᠠᠮ ᠬᠠᠷᠠᠬᠤ ᠎ ᠪᠠᠷ ᠶᠠᠪᠤᠳᠠᠯ᠎ᠠ᠂ ᠴᠢᠯᠠᠭᠤᠨ ᠬᠤᠷᠤᠭ᠎ᠠ ᠶᠢ ᠦᠵᠡᠮᠡᠭᠴᠡ ᠰᠢᠪᠠᠭᠤᠨ ᠤ ᠡᠭᠦᠷ ᠢ ᠪᠤᠳᠤᠭᠠᠳ ᠤᠯᠴᠢᠬᠠᠯ᠎ᠠ᠃ ᠤᠴᠢᠭᠠᠳ ᠱᠠᠭᠠᠶᠢᠭᠰᠠᠨ ᠴᠢᠨᠢ ᠨᠢᠬᠡᠨ ︽ᠲᠡᠭᠡᠰᠦ︾ ᠪᠠᠶᠢᠨ᠎ᠠ᠃ ᠮᠢᠨᠤ ᠭᠠᠶᠢᠬᠠᠭᠰᠠᠨ ᠬᠡᠵᠢ︕ ᠲᠡᠷᠡ ᠵᠠᠭᠤᠷ᠎ᠠ ᠡᠮᠧ ᠶᠢᠨ ᠬᠡᠯᠡᠵᠤ ᠪᠠᠶᠢᠭᠰᠠᠨ ︽ᠮᠤᠭᠠᠢ︾ ᠲᠠᠷᠢᠬᠢᠨ ᠳᠤ ᠮᠢᠨᠢ ᠬᠢᠯᠠᠰᠬᠢᠨ ᠤᠷᠤᠵᠤ ᠢᠷᠡᠪᠡ᠃ ᠪᠢ ᠪᠤᠷᠤ ᠮᠦᠷ ᠎ ᠢᠶᠠᠷ ᠢᠶᠠᠨ ᠲᠠᠪᠬᠢᠵᠤ ᠤᠴᠢᠭᠠᠳ ︽ᠰᠢᠪᠠᠭᠤᠨ ᠡᠭᠦᠷ ᠲᠤ ᠮᠤᠭᠠᠢ ᠤᠷᠤᠴᠢᠬᠠᠵᠠᠢ︾ ᠭᠡᠪᠡ᠃ ᠡᠮᠧ ︽ᠡᠶᠢᠮᠤ ᠲᠦᠷᠭᠡᠨ ᠤᠷᠤᠴᠢᠬᠠᠨ᠎ᠠ ᠭᠡᠵᠢ︖︾ ᠭᠡᠭᠰᠡᠭᠡᠷ ᠭᠠᠷᠴᠤ ᠢᠷᠡᠪᠡ᠃ ᠨᠠᠭᠠᠴᠤ ᠡᠪᠦᠭᠡ ︽ᠤᠷᠤᠴᠢᠬᠠᠨ᠎ᠠ᠂ ᠤᠷᠤᠴᠢᠬᠠᠨ᠎ᠠ︾ ᠭᠡᠭᠰᠡᠭᠡᠷ ᠤᠩᠰᠢᠵᠤ ᠪᠠᠶᠢᠭᠰᠠᠨ ᠪᠢᠴᠢᠭ ᠢᠶᠠᠨ ᠲᠠᠯᠪᠢᠵᠤ ᠬᠠᠨᠵᠤᠨ ᠲᠡᠭᠡᠷ᠎ᠡ ᠠᠴᠠ ᠪᠠᠨ ᠪᠠᠭᠤᠨ᠎ᠠ᠃ ᠡᠮᠧ ᠱᠠᠭᠠᠶᠢᠵᠤ ᠦᠵᠡᠭᠰᠡᠨ ᠢᠶᠠᠨ ︽ᠦᠨᠡᠭᠡᠷ ᠤᠷᠤᠴᠢᠬᠠᠭᠰᠠᠨ ᠪᠠᠶᠢᠨ᠎ᠠ ᠰᠢᠳᠡ︾ ᠬᠡᠵᠦ ᠬᠡᠯᠡᠪᠡ᠃ ᠨᠠᠭᠠᠴᠤ ᠡᠪᠦᠭᠡ ᠭᠠᠯ ᠤᠨ ᠬᠠᠶᠢᠴᠢ ᠪᠠᠨ ᠪᠠᠷᠢᠭᠠᠳ ᠴᠢᠯᠠᠭᠤᠨ ᠬᠤᠷᠤᠭ᠎ᠠ ᠤᠷᠤᠭᠤ ᠢᠷᠡᠵᠤ ᠪᠠᠶᠢᠬᠤ ᠵᠠᠭᠤᠷ᠎ᠠ ᠪᠠᠨ ᠡᠮᠧ ᠳᠤ ︽ᠮᠢᠨᠤ ᠬᠡᠤᠬᠡᠨ ᠴᠠᠢ ᠶᠢᠨ ᠰᠦ ᠠᠴᠠ ᠪᠠᠨ ᠰᠢᠨᠠᠭᠠᠨ ᠳᠤ ᠬᠢᠬᠡᠳ ᠠᠪᠤᠭᠠᠳ ᠢᠷ᠎ᠡ︾ ᠭᠡᠯ᠎ᠡ᠃ ᠪᠢ ᠵᠠᠮᠴᠢ ᠪᠤᠯᠵᠤ ᠨᠠᠭᠠᠴᠤ ᠡᠪᠦᠭᠡ ᠶᠢ ᠲᠠᠭᠠᠭᠤᠯᠵᠤ ᠰᠢᠪᠠᠭᠤᠨ ᠤ ᠡᠬᠦᠷ ᠪᠠᠶᠢᠬᠤ ᠭᠠᠵᠠᠷ ᠲᠤ ᠠᠪᠠᠴᠢᠯ᠎ᠠ᠃ ᠮᠤᠭᠠᠢ ᠤᠷᠢᠶᠠᠯᠳᠤᠭᠠᠳ ᠭᠡᠪᠳᠡᠴᠢᠭᠡᠭᠰᠡᠨ ᠪᠤᠯᠬᠤᠷ ᠬᠠᠶᠢᠴᠢ ᠪᠠᠷ ᠬᠠᠪᠴᠢᠬᠤ ᠳᠤ ᠲᠤᠩ ᠠᠮᠠᠷ ᠦᠬᠡᠢ ᠪᠠᠶᠢᠯ᠎ᠠ᠃ ᠤᠷᠤᠯᠳᠤᠭᠰᠠᠭᠠᠷ ᠪᠠᠶᠢᠳᠠᠯ᠎ᠠ ᠨᠢ ᠮᠤᠭᠠᠢ ᠭᠡᠨᠡᠳᠳᠡ ᠴᠢᠨᠠᠭᠰᠢ ᠲᠤᠳᠠᠭᠠᠬᠤ ᠬᠡᠵᠤ ᠤᠷᠢᠶᠠᠮᠠᠭ ᠨᠢ ᠰᠤᠯᠠᠷᠠᠬᠤ ᠪᠠᠷ ᠲᠡᠭ ᠭᠤᠤᠯ ᠠᠴᠠ ᠨᠢ ᠲᠤᠯᠤᠭᠠᠢ ᠨᠢ ᠭᠠᠷᠴᠤ ᠢᠷᠡᠪᠡ᠃ ᠨᠠᠭᠠᠴᠤ ᠡᠪᠦᠭᠡ ᠲᠦᠩᠬᠡᠵᠤ ᠯᠠ ᠵᠠᠪᠳᠤᠵᠤ ᠲᠤᠯᠤᠭᠠᠢ ᠎ ᠶᠢ ᠨᠢ ᠬᠠᠪᠴᠢᠪᠡ᠃ ᠡᠮᠧ ᠠᠪᠴᠢᠷᠠᠭᠰᠠᠨ ᠰᠦ ᠠᠴᠠ ᠪᠠᠨ ᠮᠤᠭᠠᠢ ᠶᠢᠨ ᠲᠤᠯᠤᠭᠠᠢ ᠲᠡᠭᠡᠷ᠎ᠡ ᠨᠢ ᠲᠤᠰᠤᠭᠠᠪᠠ᠃ ᠮᠤᠭᠠᠢ ᠶᠢᠨ ᠭᠡᠳᠡᠰᠦ ᠨᠢ ᠲᠦᠭᠳᠦᠶᠢᠭᠡᠳ ᠲᠡᠯᠪᠡᠷᠡᠬᠦ ᠬᠡᠵᠤ ᠪᠠᠶᠢᠬᠤ ᠰᠢᠭ᠋᠂ ᠭᠤᠷᠪᠠᠨ ᠦᠨᠳᠡᠭᠡ ᠨᠢ ᠦᠶ᠎ᠡ ᠲᠠᠳᠠᠵᠤ ᠮᠡᠳᠡᠭᠳᠡᠵᠤ ᠪᠠᠶᠢᠯ᠎ᠠ᠃ ᠨᠠᠭᠠᠴᠤ ᠡᠪᠦᠭᠡ ︽ᠮᠤᠭᠠᠢ ᠶᠢ ᠲᠤᠯᠤᠭᠠᠢ ᠠᠴᠠ ᠨᠢ ᠬᠠᠪᠴᠢᠨ᠎ᠠ ᠰᠢᠤ᠂ ᠡᠰᠡᠬᠦᠯ᠎ᠡ ᠰᠡᠬᠦᠯ ᠎ ᠠᠴᠠ ᠨᠢ ᠲᠡᠭᠡᠭᠰᠢ ᠪᠠᠨ ᠡᠷᠭᠦᠵᠤ ᠪᠠᠷᠢᠨ᠎ᠠ᠂ ᠬᠠᠳᠬᠤᠨ᠎ᠠ ᠰᠢᠤ᠂ ᠬᠤᠤᠷᠳᠠᠢ ᠠᠮᠢᠳᠠᠨ︾ ᠬᠡᠵᠤ ᠨᠠᠳᠠ ᠳᠤ ᠬᠡᠯᠡᠵᠤ ᠪᠠᠶᠢᠯ᠎ᠠ᠃ ᠪᠢ ︽ᠤᠤᠯ ᠨᠢ ᠶᠠᠭᠠᠬᠢᠭᠠᠳ ᠮᠤᠭᠠᠢ ᠪᠠᠶᠢᠬᠤ ᠦᠬᠡᠢ ᠪᠠᠶᠢᠭᠰᠠᠨ ᠪᠤᠢ︖︾ ᠬᠡᠵᠤ ᠠᠰᠠᠭᠤᠯ᠎ᠠ᠃ ᠨᠠᠭᠠᠴᠤ ᠡᠪᠦᠭᠡ ︽ᠦᠨᠦ ᠵᠢᠯ ᠪᠤᠷᠤᠭᠠᠨ ᠰᠠᠶᠢᠨ᠂ ᠡᠪᠡᠰᠦ ᠶᠡᠭᠡ ᠤᠷᠭᠤᠭᠰᠠᠨ᠃ ᠡᠪᠡᠰᠦ ᠲᠠᠢ ᠪᠤᠯ ᠭᠠᠷᠤᠭᠠᠳ ᠢᠷᠡᠴᠢᠭᠡᠳᠡᠭ ᠶᠤᠮ︾ ᠬᠡᠵᠤ ᠬᠡᠯᠡᠪᠡ᠃ ᠨᠠᠭᠠᠴᠤ ᠡᠪᠦᠭᠡ ᠮᠤᠭᠠᠢ ᠬᠠᠪᠴᠢᠭᠰᠠᠨ ᠴᠢᠭ ᠢᠶᠠᠷ ᠢᠶᠠᠨ᠂ ᠡᠮᠧ ᠰᠢᠨᠠᠭ᠎ᠠ ᠪᠠᠷᠢᠭᠰᠠᠨ ᠭᠡᠪ ᠢᠶᠠᠷ ᠢᠶᠠᠨ᠂ ᠪᠢ ᠬᠠᠵᠠᠭᠤ ᠳᠤ ᠨᠢ ᠲᠠᠭᠠᠵᠤ ᠠᠭᠤᠯᠠᠨ ᠲᠡᠭᠡᠷ᠎ᠡ ᠭᠠᠷᠴᠤ᠂ ᠨᠠᠭᠠᠴᠣ ᠡᠪᠦᠭᠡ ᠦᠨᠦᠬᠢ ᠮᠤᠭᠠᠢ ᠶᠢ ᠭᠤᠤ ᠤᠷᠤᠭᠤ ᠰᠢᠳᠡᠭᠡᠳ ᠬᠠᠶᠠᠭᠰᠠᠨ ᠴᠢᠨᠢ ᠮᠤᠭᠠᠢ ᠶᠢᠨ ᠲᠤᠯᠤᠭᠠᠢ ᠨᠢ ᠴᠢᠯᠠᠭᠤᠨ ᠲᠡᠭᠡᠷ᠎ᠡ ᠤᠨᠤᠭᠠᠳ ᠬᠠᠭᠠᠷᠴᠢᠬᠠᠪᠠ᠃ ᠨᠠᠭᠠᠴᠤ ᠡᠪᠦᠭᠡ ︽ᠠᠢ᠂ ᠪᠠᠰᠠ ᠶᠠᠭᠠᠬᠢᠭᠠᠳ ᠴᠢᠯᠠᠭᠤᠨ ᠲᠡᠭᠡᠷ᠎ᠡ ᠬᠦᠷᠴᠢᠭᠡᠪᠡ ᠳ᠋ᠡ︾ ᠬᠡᠵᠤ ᠮᠤᠭᠠᠢ ᠶᠢᠨ ᠬᠤᠶᠢᠨ᠎ᠠ ᠠᠴᠠ ᠬᠠᠷᠠᠮᠰᠠᠩᠭᠤᠢ ᠬᠡᠯᠡᠪᠡ᠃ ︽︿ᠮᠤᠭᠠᠢ ᠬᠤᠤᠷᠤᠨ ᠳᠤ ᠪᠠᠨ ᠰᠢᠷᠠᠯᠠᠨ᠎ᠠ﹀ ᠭᠡᠳᠡᠭ ᠨᠢ ᠡᠨᠡ ᠪᠤᠯᠪᠠᠤ︖︕︾ ᠬᠡᠵᠤ ᠪᠢ ᠪᠤᠳᠤᠯ᠎ᠠ᠃ ᠡᠮᠧ ᠲᠠᠭ ᠲᠤᠭᠤᠢ ᠪᠤᠳᠤᠯ ᠪᠤᠯᠤᠨ ᠠᠯᠬᠤᠨ᠎ᠠ᠃       ︽ᠲᠦᠮᠡ ᠰᠤᠨᠤᠰᠬᠤ ᠪᠠᠷ ᠨᠢᠭᠡ ᠦᠵᠡ︾ ᠬᠡᠵᠤ ᠦᠨᠡᠭᠡᠷᠡᠨ ᠦᠬᠡ᠃ ᠰᠤᠨᠤᠰᠤᠭᠰᠠᠨ ᠪᠤᠯ ᠦᠯᠢᠬᠡᠷ ᠰᠢᠤᠬᠠᠨ ᠦᠨᠡᠨ ᠬᠤᠳᠠᠯ ᠤᠨ ᠬᠤᠭᠤᠷᠤᠨᠳᠤ᠂ ᠢᠳᠡᠭᠡᠬᠦ ᠲᠠᠢ ᠦᠬᠡᠢ ᠲᠠᠢ ᠦᠩᠬᠡᠷᠡᠨ᠎ᠡ᠃ ᠬᠡᠳᠡᠯ᠎ᠡ ᠦᠵᠡᠭᠰᠡᠨ ᠮᠠᠨᠢ ᠮᠠᠷᠳᠠᠭᠳᠠᠰᠢ ᠦᠬᠡᠢ ᠨᠢᠬᠡ ᠴᠠᠭ ᠤᠨ ᠬᠢᠴᠢᠶᠡᠯ ᠪᠤᠯᠵᠠᠢ᠃       ᠴᠠᠢ ᠶᠢᠨ ᠰᠦ — ᠵᠠᠷᠢᠮ ᠮᠠᠯᠵᠢᠬᠤ ᠤᠷᠤᠨ ᠳᠤ ᠲᠠᠯᠪᠢᠭᠰᠠᠨ ᠰᠦ ᠪᠠᠨ ᠱᠠᠯᠠᠴᠢᠬᠠᠬᠤ ᠠᠴᠠ ᠬᠢᠴᠢᠶᠡᠵᠤ᠂ ᠴᠠᠢ ᠨᠡᠶᠢᠯᠡᠬᠦᠯᠬᠦ ᠰᠦ ᠪᠠᠨ ᠠᠰ ᠲᠤ ᠨᠢ ᠡᠳᠦᠷ ᠤᠨ ᠵᠠᠷᠤᠬᠤ ᠬᠡᠮᠵᠢᠶ᠎ᠡ ᠪᠠᠷ ᠢᠶᠠᠨ ᠪᠠᠭ᠎ᠠ ᠰᠠᠪᠠᠨ ᠳᠤ ᠠᠪᠳᠠᠭ᠃ ᠲᠠᠯᠪᠢᠭᠰᠠᠨ ᠰᠦ ᠪᠠᠨ ᠱᠠᠯᠠᠪᠠᠯ ᠵᠦᠬᠡᠬᠡᠢ ᠪᠠᠭ᠎ᠠ ᠰᠠᠭᠤᠨ᠎ᠠ᠃                    ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ ᠶᠢᠨ                    ᠠᠩᠬ᠎ᠠ ᠨᠢᠭᠡ ᠶᠢᠨ ᠰᠤᠷᠤᠭᠴᠢ  ᠭᠠᠴᠤᠷ᠎ᠠ                    ᠵᠢᠯᠤᠭᠤᠳᠤᠭᠰᠠᠨ ᠪᠠᠭᠰᠢ᠄ ᠰᠠᠷᠠᠭᠤᠯᠴᠢᠮᠡᠭ
 
ᠢᠷᠡᠯᠲᠡ᠄ ᠪᠢᠷᠠᠭᠤ ᠳᠠᠬᠢ ᠮᠤᠩᠭᠤᠯ ᠲᠤᠮᠳᠠᠳᠤ ᠰᠤᠷᠭᠠᠭᠤᠯᠢ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号