ᠮᠠᠯ ᠠᠵᠤ ᠠᠬᠤᠢ
ᠨᠡᠶᠢᠲᠡᠯᠡᠭᠰᠡᠨ ᠴᠠᠭ᠄
2014/3/28
        ᠮᠠᠯ ᠠᠵᠤ ᠠᠬᠤᠢ ᠪᠤᠯ ᠬᠡᠰᠢᠭᠳᠡᠨ ᠬᠤᠰᠢᠭᠤᠨ ᠤ ᠠᠵᠤ ᠠᠬᠤᠢ ᠶᠢᠨ ᠲᠤᠮᠳᠠ ᠭᠤᠤᠯᠯᠠᠬᠤ ᠪᠠᠶᠢᠷᠢᠨ ᠳᠤ ᠤᠷᠤᠰᠢᠵᠤ ᠪᠠᠶᠢᠳᠠᠭ᠃ ᠮᠠᠯ ᠠᠵᠤ ᠠᠬᠤᠢ ᠶᠢᠨ ᠡᠬᠢ ᠪᠠᠶᠡᠯᠢᠭ ᠲᠤᠶᠢᠯ ᠤᠨ ᠡᠯᠪᠡᠭ᠃ ᠪᠠᠶᠢᠭᠠᠯᠢ ᠎ ᠶᠢᠨ ᠪᠡᠯᠴᠢᠬᠡᠷ ᠤᠨ ᠲᠠᠯᠠᠪᠠᠢ 2272 ᠲᠦᠮᠡᠨ ᠮᠤ᠋᠃ ᠪᠡᠯᠴᠢᠬᠡᠷ ᠤᠨ ᠲᠠᠭᠠᠭᠠᠴᠠ ᠶᠢᠨ ᠬᠡᠮᠵᠢᠶ᠎ᠡ ᠲᠤᠯᠠᠭᠠᠨ ᠤᠯᠠᠷᠢᠯ ᠳᠤ 330 ᠲᠦᠮᠡᠨ ᠬᠤᠨᠢ ᠨᠢᠬᠡᠴᠢ᠂ ᠬᠦᠢᠳᠠᠨ ᠤᠯᠠᠷᠢᠯ ᠳᠤ 140 ᠲᠦᠮᠡᠨ ᠬᠤᠨᠢ ᠨᠢᠬᠡᠴᠢ ᠪᠠᠶᠢᠵᠤ᠂ ᠪᠡᠯᠴᠢᠬᠡᠷ ᠤᠨ ᠲᠠᠯᠠᠪᠠᠢ ᠶᠢᠨ 77%᠎ ᠶᠢ ᠡᠵᠡᠯᠡᠳᠡᠭ᠃ 1993 ᠤᠨ ᠳᠤ ᠶᠡᠭᠡ ᠪᠠᠭ᠎ᠠ ᠮᠠᠯ ᠤᠨ ᠲᠤᠭ᠎ᠠ ᠲᠤᠯᠤᠭᠠᠢ 1081000᠎ ᠳᠤ ᠬᠦᠷᠴᠤ᠂ ᠴᠢᠯᠦᠬᠡᠯᠡᠭᠳᠡᠬᠦ ᠠᠴᠠ ᠡᠮᠤᠨᠡᠬᠢ ᠠᠴᠠ 11.6 ᠲᠠᠬᠢᠨ᠃ ᠪᠦᠬᠦ ᠬᠤᠰᠢᠭᠤᠨ ᠤ ᠤᠶᠢᠷ᠎ᠠ ᠶᠢᠨ ᠠᠷᠪᠡᠨ ᠵᠢᠯ ᠤᠨ ᠮᠠᠯ ᠲᠡᠵᠢᠬᠡᠪᠦᠷᠢ ᠶᠢᠨ ᠵᠢᠯ ᠤᠨ ᠲᠤᠮᠳᠠᠴᠢ ᠪᠡᠯᠴᠢᠬᠡᠷ ᠤᠨ ᠨᠤᠷᠮ᠎ᠡ ᠎ ᠨᠢ 19.4%᠎ ᠳᠤ ᠬᠦᠷᠴᠤ᠂ ᠲᠠᠸᠠᠷ ᠤᠨ ᠨᠤᠷᠮ᠎ᠠ 17.5%᠎ ᠳᠤ ᠬᠦᠷᠴᠤ᠂ ᠤᠯᠤᠰ ᠲᠤ ᠶᠡᠭᠡ ᠬᠡᠮᠵᠢᠶᠡᠨ ᠤ ᠲᠠᠸᠠᠷ ᠤᠨ ᠦᠬᠡᠷ᠂ ᠬᠤᠨᠢ ᠪᠠ ᠠᠷᠠᠰᠤ ᠨᠤᠤᠰᠤ ᠵᠡᠷᠬᠡ ᠮᠡᠯ ᠠᠵᠤ ᠠᠬᠤᠢ ᠶᠢᠨ ᠪᠦᠳᠦᠬᠡᠭᠳᠡᠬᠦᠨ ᠬᠠᠩᠭᠠᠵᠤ ᠦᠭᠪᠡ᠃ ᠬᠡᠰᠢᠭᠳᠡᠨ ᠬᠤᠰᠢᠭᠤ ᠪᠤᠯ ᠤᠯᠠᠭᠠᠨᠬᠠᠳᠠ ᠬᠤᠳᠠ ᠶᠢᠨ ᠭᠤᠤᠯ ᠪᠤᠯᠬᠤ ᠮᠠᠯ ᠠᠵᠤ ᠠᠬᠤᠢ ᠶᠢᠨ ᠭᠠᠷᠤᠯᠳᠠ ᠶᠢᠨ ᠰᠠᠭᠤᠷᠢᠨ ᠭᠠᠵᠠᠷ ᠤᠨ ᠨᠢᠭᠡ ᠶᠤᠮ᠃ ᠮᠦᠨᠴᠤ ᠪᠦᠬᠦ ᠤᠯᠤᠰ ᠤᠨ ᠮᠢᠬᠠᠨ ᠤ ᠦᠬᠡᠷ᠂ ᠨᠠᠷᠢᠨ ᠨᠤᠤᠰᠤᠳᠤ ᠬᠤᠨᠢ ᠶᠢᠨ ᠰᠠᠭᠤᠷᠢᠨ ᠭᠠᠵᠠᠷ ᠪᠤᠯᠤᠨ᠎ᠠ᠃       ᠬᠡᠰᠢᠭᠳᠡᠨ ᠬᠤᠰᠢᠭᠤᠨ ᠤ ᠬᠡᠷ ᠤᠨ ᠲᠡᠵᠢᠬᠡᠪᠦᠷᠢ᠂ ᠬᠡᠷ ᠤᠨ ᠵᠢᠬᠦᠷᠳᠡᠨ ᠤ ᠲᠦᠷᠦᠯ ᠵᠦᠢᠯ ᠨᠡᠯᠢᠶᠡᠳ ᠬᠦᠢᠴᠡᠳ ᠪᠠᠶᠢᠵᠤ᠂ ᠦᠬᠡᠷ᠂ ᠬᠤᠨᠢ᠂ ᠮᠤᠷᠢ᠂ ᠯᠠᠭᠤᠰᠠ᠂ ᠡᠯᠵᠢᠬᠡ᠂ ᠲᠡᠮᠡᠭᠡ᠂ ᠭᠠᠭ᠋ᠠᠢ᠂ ᠲᠠᠤᠯᠠᠢ ᠵᠡᠷᠬᠡ ᠬᠡᠷ ᠤᠨ ᠲᠡᠵᠢᠬᠡᠪᠦᠷᠢ ᠪᠠ ᠭᠠᠯᠠᠭᠤ᠂ ᠨᠤᠭᠤᠰᠤ᠂ ᠲᠠᠬᠢᠶ᠎ᠠ ᠵᠡᠷᠬᠡ ᠭᠤᠷᠪᠠᠨ ᠲᠦᠷᠦᠯ ᠤᠨ ᠵᠢᠬᠦᠷᠳᠡᠨ ᠪᠠᠶᠢᠳᠠᠭ᠃ ᠦᠬᠡᠷ᠂ ᠬᠤᠨᠢ᠂ ᠮᠤᠷᠢ ᠭᠤᠤᠯᠳᠠᠭᠤ ᠵᠡᠬᠦᠨ ᠬᠤᠶᠢᠳᠤ ᠶᠢᠨ ᠲᠠᠪᠤᠨ ᠰᠤᠮᠤᠨ ︵ᠡᠳᠦᠬᠡ ᠤᠤᠯ ᠤᠨ ᠠᠴᠠᠠᠭᠤᠯᠠ ᠰᠤᠮᠤ᠂ ᠪᠠᠶᠠᠩᠭᠤᠤᠯ ᠰᠤᠮᠤ ᠶᠢ ᠲᠤᠰ ᠲᠤᠰ ᠲᠠᠷᠬᠠᠨ᠋ᠠᠭᠤᠯᠠ ᠰᠤᠮᠤ ᠪᠠ ᠪᠠᠶᠠᠨᠴᠠᠭᠠᠨ ᠰᠤᠮᠤᠨ ᠳᠤ ᠨᠡᠶᠢᠯᠡᠬᠦᠯᠵᠤ᠂ ᠭᠤᠷᠪᠠᠨ ᠰᠤᠮᠤ ᠪᠤᠯᠭᠠᠪᠠ︶᠎ ᠳᠤ ᠲᠠᠷᠬᠠᠵᠤ᠂ ᠭᠠᠭ᠋ᠠᠢ᠂ ᠡᠯᠵᠢᠬᠡ᠂ ᠯᠠᠭᠤᠰᠠ ᠭᠤᠤᠯᠳᠠᠭᠤ ᠵᠡᠬᠦᠨ ᠡᠮᠤᠨᠡᠳᠤ ᠬᠠᠭᠠᠰ ᠮᠠᠯᠵᠢᠬᠤ ᠬᠠᠭᠠᠰ ᠲᠠᠷᠢᠶᠠᠯᠠᠬᠤ ᠤᠷᠤᠨ ᠳᠤ ᠲᠠᠷᠬᠠᠳᠠᠭ᠃ ᠲᠡᠮᠡᠭᠡ ᠭᠤᠤᠯᠳᠠᠭᠤ ᠲᠠᠷᠬᠠᠨ᠋ᠠᠭᠤᠯᠠ ᠰᠤᠮᠤᠨ ᠤ ᠡᠯᠡᠰᠦᠷᠬᠡᠭ ᠭᠠᠵᠠᠷ᠂ ᠡᠯᠡᠰᠤᠨ ᠲᠤᠪᠤ ᠶᠢᠨ ᠪᠦᠰᠡᠨ ᠳᠤ ᠲᠠᠷᠬᠠᠳᠠᠭ᠃ ᠬᠤᠨᠢ ᠶᠢᠨ ᠲᠠᠷᠬᠠᠯᠳᠠ ᠨᠢ ᠨᠡᠯᠢᠶᠡᠳ ᠦᠷᠬᠡᠨ ᠲᠡᠯᠬᠡᠷ᠂ ᠡᠯ᠎ᠡ ᠤᠷᠤᠨ ᠬᠡᠪᠴᠢᠶᠡᠨ ᠳᠤ ᠪᠦᠷ ᠲᠡᠷᠢᠬᠦᠨ ᠪᠠᠶᠢᠷᠢᠳᠠᠢ᠃       ᠪᠦᠬᠦ ᠬᠤᠰᠢᠭᠤ ᠨᠢ 1954 ᠤᠨ ᠠᠴᠠ ᠡᠬᠢᠯᠡᠵᠤ ᠰᠢᠯᠢᠳᠡᠭ ᠡᠬᠦᠯᠳᠡᠷ ᠤᠨ ᠮᠠᠯ ᠡᠷᠯᠢᠰᠡᠵᠢᠬᠦᠯᠤᠨ ᠤᠷᠤᠭᠤᠯᠵᠤ᠂ ᠤᠯᠠᠨ ᠵᠢᠯ ᠤᠨ ᠲᠤᠷᠰᠢ ᠮᠠᠯ ᠤᠨ ᠡᠬᠦᠯᠳᠡᠷ ᠢ ᠰᠠᠶᠢᠵᠢᠷᠠᠭᠤᠯᠤᠭᠰᠠᠨ ᠢᠶᠠᠷ ᠲᠤᠰ ᠬᠤᠰᠢᠭᠤ ᠨᠢ ︽ᠲᠠᠯ᠎ᠠ ᠨᠤᠳᠤᠭ ᠤᠨ ᠤᠯᠠᠭᠠᠨ ᠦᠬᠡᠷ︾᠂ ︽ᠪᠠᠶᠢᠴᠠ ᠶᠢᠨ ᠴᠤᠮᠪᠤᠨ ᠲᠤᠭᠤᠷᠠᠶᠢᠳᠤ ᠦᠬᠡᠷ︾᠂ ︽ᠤᠤᠳᠤᠬᠤᠢ ᠬᠤᠨᠢ︾᠂ ︽ᠭᠠᠩᠭᠠᠨ ᠦᠬᠡᠷ︾ ᠵᠡᠷᠬᠡ ᠶᠢ ᠪᠤᠶᠢᠵᠢᠭᠤᠯᠵᠤ᠂ ᠦᠪᠡᠷᠳᠡᠬᠡᠨ ᠵᠠᠰᠠᠬᠤ ᠤᠷᠤᠨ ᠪᠠ ᠤᠯᠤᠰ ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ ᠬᠢᠨᠠᠨ ᠰᠢᠯᠭᠠᠭᠠᠳ ᠰᠢᠯᠢᠳᠡᠭ ᠡᠬᠦᠯᠳᠡᠷ ᠬᠡᠵᠤ ᠦᠨᠡᠯᠡᠨ ᠲᠡᠯᠬᠡᠷᠡᠬᠦᠯᠬᠦ ᠪᠠᠷ ᠲᠤᠭᠳᠠᠭᠠᠵᠠᠢ᠃ ᠰᠠᠶᠢᠨ ᠡᠬᠦᠯᠳᠡᠷ ᠤᠨ ᠮᠠᠯ ᠪᠠ ᠡᠬᠦᠯᠳᠡᠷ ᠰᠠᠶᠢᠵᠢᠷᠠᠭᠤᠯᠤᠭᠰᠠᠨ ᠮᠠᠯ ᠨᠢ ᠪᠦᠬᠦ ᠮᠠᠯ ᠤᠨ ᠶᠡᠷᠦᠩᠬᠡᠢ ᠲᠤᠭᠠᠨ ᠤ 43.6%᠎ ᠶᠢ ᠡᠵᠡᠯᠡᠵᠤ ᠪᠠᠶᠢᠨ᠎ᠠ᠃ ᠪᠦᠬᠦ ᠬᠤᠰᠢᠭᠤ ᠨᠢ ᠰᠠᠶᠢᠨ ᠡᠬᠦᠯᠳᠡᠷ ᠤᠨ ᠮᠠᠯ ᠤᠨ ᠡᠬᠦᠯᠳᠡᠷ ᠰᠠᠶᠢᠵᠢᠷᠠᠭᠤᠯᠤᠭᠰᠠᠨ ᠮᠠᠯ ᠢᠶᠠᠨ ᠲᠡᠯᠬᠡᠷᠡᠬᠦᠯᠦᠨ ᠬᠦᠭᠵᠢᠬᠦᠯᠦᠭᠰᠡᠨ ᠢᠶᠠᠷ ᠮᠠᠯ ᠠᠵᠤ ᠠᠬᠤᠢ ᠶᠢᠨ ᠤᠷᠤᠯᠭ᠎ᠠ ᠨᠢ ᠮᠡᠳᠡᠭᠳᠡᠮ᠎ᠡ ᠲᠡᠭᠡᠭᠰᠢᠯᠡᠵᠤ ᠢᠯᠡᠷᠬᠡᠢ ᠦᠷ᠎ᠡ ᠠᠰᠢᠭ ᠤᠯᠪᠠ᠃ 
 
ᠢᠷᠡᠯᠲᠡ᠄ ︽ᠬᠡᠰᠢᠭᠳᠡᠨ ᠭᠠᠵᠠᠷ ᠵᠦᠢ︾
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号