| ᠪᠤᠷᠤᠭᠠᠨ ᠤ ᠤᠯᠠᠷᠢᠯ ᠳᠤ ᠭᠡᠷ ᠳᠤᠳᠤᠷ᠎ᠠ ᠴᠢᠬᠢᠭᠳᠡᠬᠦ᠂ ᠳᠤᠭᠤᠭᠠᠨ ᠭᠡᠷ᠂ ᠤᠬᠢᠶᠠᠯᠭ᠎ᠠ ᠶᠢᠨ | ᠳᠡᠰᠤᠬ ᠤᠨ ᠤᠰᠤᠨ ᠬᠤᠭᠤᠯᠠᠢ ᠠᠴᠠ ᠤᠰᠤ ᠭᠤᠭᠤᠵᠢᠬᠤ᠂ ᠭᠡᠷ ᠤᠨ ᠤᠷᠤᠢ ᠤᠰᠤ ᠰᠡᠷᠭᠡᠶᠢᠯᠡᠬᠦ ᠨᠢ ᠮᠠᠭᠤ᠂ | ᠳᠤᠯᠠᠭᠠᠨ ᠢ ᠬᠠᠳᠠᠭᠠᠯᠠᠬᠤ ᠬᠠᠨ᠎ᠠ ᠬᠢᠷᠢ ᠳᠡᠩᠴᠡᠬᠦ ᠦᠭᠡᠢ ᠵᠡᠷᠭᠡ ᠨᠢ ᠪᠦᠷ ᠭᠡᠷ ᠳᠤᠳᠤᠷ᠎ᠠ ᠬᠦᠬᠡᠴᠤ ᠦᠷᠡᠵᠢᠬᠦ ᠳᠤ | ᠳᠤᠬᠢᠶᠠᠯ ᠤᠯᠭᠤᠵᠤ᠂ ᠭᠡᠷ ᠤᠨ ᠬᠦᠮᠤᠰ ᠤᠨ ᠡᠷᠡᠭᠦᠯ ᠮᠡᠡᠳᠤ ᠳᠤ ᠰᠦᠷᠳᠡᠭᠦᠯᠤᠯ ᠪᠤᠯᠳᠠᠬ ᠪᠠᠶᠢᠨ᠎ᠠ᠃ ᠲᠡᠭᠡᠪᠡᠯ | ᠬᠠᠮᠢᠭ᠎ᠠ ᠬᠢᠯᠪᠠᠷᠬᠠᠨ ᠬᠦᠬᠡᠴᠤ ᠦᠷᠡᠵᠢᠳᠡᠭ ᠪᠤᠢ︖ ᠶᠠᠭᠠᠬᠢᠪᠠᠯ ᠰᠠᠢᠢ ᠬᠦᠬᠡᠴᠤ ᠶᠢ ᠳᠦᠢᠯᠪᠤᠷᠢᠳᠠᠢ ᠠᠷᠢᠯᠭᠠᠵᠤ | ᠴᠢᠳᠠᠬᠤ ᠪᠤᠢ︖ | ᠬᠦᠬᠡᠴᠤ ᠪᠤᠯ ᠳᠤᠯᠠᠭᠠᠨ ᠴᠢᠬᠢᠭ ᠲᠠᠢ ᠤᠷᠴᠢᠨ ᠳᠤᠭᠤᠷᠢᠨ ᠳᠤ ᠳᠦᠷᠭᠡᠨ ᠦᠷᠡᠵᠢᠳᠡᠭ | ᠮᠢᠺᠷᠤᠪ ᠶᠤᠮ᠂ ᠭᠡᠷ ᠤᠨ ᠳᠡᠭᠡᠪᠦᠷ ᠤᠨ ᠦᠡᠴᠦᠭ᠂ ᠠᠭᠠᠷ ᠳᠤᠬᠢᠷᠠᠭᠤᠯᠤᠬᠴᠢ ᠶᠢᠨ ᠤᠢᠢᠷ᠎ᠠ ᠬᠠᠪᠢ ᠶᠢᠨ ᠬᠡᠷᠡᠮ | ᠬᠠᠨ᠎ᠠ᠂ ᠤᠰᠤᠨ ᠳᠠᠳᠠᠭᠠᠯ ᠤᠨ ᠳᠤᠤᠷ᠎ᠠ᠂ ᠬᠤᠬ ᠨᠤᠪᠰᠢ ᠶᠢᠨ ᠰᠠᠪᠠ ᠶᠢᠨ ᠤᠢᠢᠷ᠎ᠠ ᠤᠷᠴᠢᠮ ᠤᠨ ᠭᠠᠵᠠᠷ ᠢᠶᠠᠷ | ᠬᠢᠯᠪᠠᠷᠬᠠᠨ ᠦᠷᠡᠵᠢᠳᠡᠭ ᠪᠠᠶᠢᠨ᠎ᠠ᠃ ᠭᠡᠷ ᠳᠤᠳᠤᠷ᠎ᠠ ᠶᠡᠭᠡ ᠬᠡᠮᠵᠢᠶᠡᠨ ᠤ ᠬᠦᠬᠡᠴᠤ ᠲᠠᠢ ᠪᠤᠯᠪᠠᠯ᠂ ᠬᠦᠮᠤᠨ ᠤ | ᠪᠡᠶ᠎ᠠ ᠶᠢᠨ ᠦᠯᠤ ᠬᠠᠯᠳᠠᠭᠠᠬᠤ ᠴᠢᠳᠡᠪᠤᠷᠢ ᠶᠢ ᠳᠤᠷᠤᠬᠰᠢᠯᠠᠭᠤᠯᠵᠤ᠂ ᠠᠷᠠᠰᠤ ᠬᠠᠷᠰᠢᠬᠤ᠂ ᠬᠢᠷᠬᠢᠷ᠎ᠠ᠂ ᠬᠦᠬᠡᠴᠤ ᠶᠢᠨ | ᠴᠢᠨᠠᠷᠳᠠᠢ ᠬᠠᠯᠳᠠᠪᠤᠷᠢᠯᠠᠯ ᠤᠨ ᠡᠪᠡᠳᠴᠢᠨ ᠤᠯᠵᠤ᠂ ᠬᠦᠡᠳᠤ ᠭᠡᠴᠡᠭᠦᠤ ᠨᠢ ᠬᠦᠬᠡᠴᠤ ᠶᠢᠨ ᠴᠢᠨᠠᠷᠳᠠᠢ ᠠᠭᠤᠰᠬᠢᠨ | ᠦᠷᠪᠢᠰᠤᠯ᠂ ᠬᠡᠷᠤᠬᠦ ᠡᠪᠡᠳᠴᠢᠨ᠂ ᠦᠶ᠎ᠠ ᠭᠡᠰᠢᠬᠦᠨ ᠤ ᠦᠷᠪᠢᠰᠤᠯ ᠡᠭᠦᠰᠭᠡᠨ᠎ᠠ᠃ ᠢᠯᠠᠩᠭᠤᠶ᠎ᠠ ᠡᠪᠡᠳᠴᠢᠨ ᠢ | ᠡᠰᠡᠷᠭᠦᠴᠡᠬᠦ ᠴᠢᠳᠠᠪᠤᠷᠢ ᠳᠤᠷᠤᠢ ᠨᠢᠯᠬ᠎ᠠ ᠬᠡᠤᠬᠡᠳ᠂ ᠤᠳᠠᠭᠠᠨ ᠴᠢᠨᠠᠷᠳᠠᠢ ᠡᠪᠡᠳᠴᠢᠨ ᠲᠠᠢ ᠬᠦᠮᠤᠨ ᠪᠠ ᠨᠠᠰᠤᠳᠠᠢ | ᠬᠦᠮᠤᠨ ᠳᠤ ᠬᠦᠨᠤᠭᠡᠯ ᠨᠢ ᠨᠡᠩ ᠭᠡᠴᠡᠭᠦᠤ ᠪᠠᠶᠢᠳᠠᠬ ᠶᠤᠮ᠃ ᠹᠷᠠᠠᠼᠢ ᠤᠯᠤᠰ ᠤᠨ ᠡᠷᠡᠭᠦᠯ ᠬᠠᠮᠠᠭᠠᠯᠠᠯ ᠪᠤᠯᠤᠨ | ᠡᠮᠨᠡᠯᠭᠡ ᠶᠢᠨ ᠤᠬᠠᠭᠠᠨ ᠤ ᠰᠤᠳᠤᠯᠭᠠᠨ ᠤ ᠭᠠᠵᠠᠷ ᠤᠨ ᠨᠢᠭᠡᠨ ᠵᠦᠢᠯ ᠤᠨ ᠰᠤᠳᠤᠯᠤᠯᠳᠠ ᠳᠤ ᠢᠯᠡᠷᠡᠭᠦᠯᠦᠭᠰᠡᠨ ᠢᠶᠠᠷ᠂ | ᠨᠠᠰᠤᠨ ᠳᠤ ᠬᠦᠷᠦᠭᠰᠡᠳ ᠤᠨ ᠳᠤᠳᠤᠷ᠎ᠠ᠂ ᠡᠯ᠎ᠠ ᠵᠦᠢᠯ ᠤᠨ ᠬᠦᠬᠡᠴᠤ ᠠᠴᠠ ᠪᠤᠯᠤᠬᠰᠡᠨ ᠬᠢᠷᠬᠢᠷ᠎ᠠ ᠨᠢ ᠴᠡᠴᠡᠭ ᠤᠨ | ᠳᠤᠭᠤᠰᠤ ᠵᠢᠴᠢ ᠠᠮᠢᠳᠠᠨ ᠤ ᠠᠷᠠᠰᠤ ᠨᠤᠤᠰᠤ ᠶᠢᠨ ᠬᠠᠷᠰᠢᠯ ᠠᠴᠠ ᠪᠤᠯᠤᠬᠰᠠᠨ ᠬᠢᠷᠬᠢᠷ᠎ᠠ ᠠᠴᠠ ᠨᠡᠩ ᠭᠡᠴᠡᠭᠦᠤ ᠶᠤᠮ | ᠃ | ᠭᠡᠷ ᠳᠤᠳᠤᠷ᠎ᠠ ᠬᠦᠬᠡᠴᠤ ᠭᠠᠷᠤᠬᠰᠠᠨ ᠤ ᠳᠠᠷᠠᠭ᠎ᠠ ᠬᠡᠷᠬᠢᠨ ᠠᠷᠢᠯᠭᠠᠬᠤ ᠪᠤᠢ︖ ᠭᠡᠪᠡᠯ ᠡᠬᠢ | ᠡᠭᠦᠰᠤᠯ ᠠᠴᠠ ᠨᠢ ᠠᠷᠢᠯᠭᠠᠵᠤ᠂ ᠦᠷᠡᠵᠢᠬᠦ ᠤᠷᠴᠢᠨ ᠳᠤᠭᠤᠷᠢᠨ ᠢ ᠨᠢ ᠬᠤᠪᠢᠷᠠᠭᠤᠯᠵᠤ᠂ ᠰᠡᠭᠦᠯᠴᠢ ᠶᠢᠨ | ᠬᠤᠭᠤᠴᠠᠭᠠᠨ ᠤ ᠠᠷᠢᠭᠤᠳᠬᠠᠯ ᠵᠢᠴᠢ ᠡᠳᠤᠷ ᠳᠤᠳᠤᠮ ᠤᠨ ᠰᠡᠷᠭᠡᠶᠢᠯᠡᠯᠳᠡ ᠵᠡᠷᠭᠡ ᠳᠦᠷᠪᠡᠨ ᠳᠠᠯ᠎ᠠ ᠠᠴᠠ ᠭᠠᠷᠳᠠᠨ | ᠬᠢᠬᠦ ᠬᠡᠷᠡᠭᠳᠠᠢ᠃ | ᠰᠢᠨ᠎ᠠ ᠭᠡᠷ ᠬᠤᠳᠠᠯᠳᠤᠨ ᠠᠪᠤᠬᠰᠠᠨ ᠤ ᠳᠠᠷᠠᠭ᠎ᠠ᠂ ᠡᠷᠬᠡᠪᠰᠢ ᠬᠡᠷᠡᠮ ᠬᠠᠨ᠎ᠠ ᠨᠢ ᠰᠠᠶᠢᠳᠤᠷ | ᠬᠠᠳᠠᠬᠰᠠᠨ ᠤ ᠳᠠᠷᠠᠭ᠎ᠠ ᠭᠡᠷ ᠢᠶᠠᠨ ᠵᠠᠰᠠᠨ ᠴᠢᠮᠡᠭᠯᠡᠬᠦ ᠬᠡᠷᠡᠭᠳᠠᠢ᠂ ᠦᠭᠡᠢ ᠪᠤᠯ ᠴᠢᠬᠢᠭ ᠨᠦᠢᠳᠠᠨ ᠢ ᠬᠡᠷᠡᠮ ᠬᠠᠨ᠎ᠠ ᠶᠢᠨ | ᠳᠤᠳᠤᠷ᠎ᠠ ᠪᠢᠳᠡᠭᠦᠮᠵᠢᠯᠠᠨ ᠳᠠᠯᠪᠢᠪᠠᠯ᠂ ᠬᠡᠷᠡᠮ ᠬᠠᠨ᠎ᠠ ᠬᠢᠯᠪᠠᠷᠬᠠᠨ ᠬᠦᠬᠡᠴᠤᠷᠠᠬᠦ ᠪᠤᠯᠤᠨ᠎ᠠ︔ ᠤᠮᠠᠷᠠᠳᠤ ᠤᠷᠤᠨ ᠤ | ᠭᠡᠷ ᠪᠠᠶᠢᠰᠢᠩ ᠤᠨ ᠭᠡᠷᠡᠮ ᠳᠡᠭᠡᠷ᠎ᠠ ᠳᠤᠯᠠᠭᠠᠨ ᠢ ᠬᠠᠳᠠᠭᠠᠯᠠᠬᠤ ᠳᠠᠪᠬᠤᠷᠭ᠎ᠠ ᠪᠠᠶᠢᠵᠤ᠂ ᠵᠠᠰᠠᠵᠤ ᠴᠢᠮᠡᠭᠯᠡᠬᠦ ᠦᠶᠡᠰ | ᠴᠢᠬᠢᠭ ᠨᠦᠢᠳᠠᠨ ᠠᠴᠠ ᠰᠡᠷᠭᠡᠶᠢᠯᠡᠬᠦ ᠡᠳ᠋ ᠢ ᠡᠪᠳᠡᠵᠤ ᠪᠤᠯᠬᠤ ᠦᠭᠡᠢ︔ ᠡᠪᠤᠯ ᠤᠨ ᠤᠯᠠᠷᠢᠯ ᠳᠤ ᠴᠡᠩᠳᠤᠬᠤ | ᠦᠵᠡᠭᠳᠡᠯ ᠭᠠᠷᠬᠤ ᠠᠴᠠ ᠰᠡᠷᠭᠡᠶᠢᠯᠡᠪᠡᠯ ᠬᠦᠬᠡᠴᠤᠷᠠᠬᠦ ᠶᠢ ᠰᠡᠷᠭᠡᠶᠢᠯᠡᠵᠤ ᠴᠢᠳᠠᠨ᠎ᠠ᠂ ᠬᠡᠷᠪᠡ ᠬᠦᠬᠡᠴᠤ ᠭᠠᠷᠬᠤ ᠳᠤ | ᠬᠦᠷᠪᠡᠯ᠂ ᠳᠠᠬᠢᠵᠤ ᠬᠠᠯᠠᠭᠤᠨ ᠢ ᠬᠠᠳᠠᠭᠠᠯᠠᠬᠤ ᠳᠠᠪᠬᠤᠷᠭ᠎ᠠ ᠨᠠᠭᠠᠯᠭᠠᠬᠤ ᠴᠢᠬᠤᠯᠠᠳᠠᠢ︔ ᠭᠡᠷ ᠳᠤᠳᠤᠷ᠎ᠠ ᠤᠰᠤ | ᠭᠤᠭᠤᠵᠢᠪᠠᠯ ᠳᠠᠷᠦ᠋ᠢᠬᠠᠨ ᠵᠠᠰᠠᠭᠤᠯᠬᠤ ᠬᠡᠷᠡᠭᠳᠠᠢ᠃ | ᠬᠠᠯᠠᠭᠤᠨ ᠤ ᠬᠡᠮᠵᠢᠶ᠎ᠠ ᠦᠡᠳᠤᠷᠵᠢᠬᠦ ᠨᠢ ᠬᠦᠬᠡᠴᠤ ᠦᠷᠡᠵᠢᠬᠦ ᠶᠢᠨ ᠵᠠᠩᠬᠢᠯᠠᠭ᠎ᠠ ᠶᠢᠨ | ᠡᠯᠧᠮᠧᠨ᠋ᠲ ᠪᠤᠯᠬᠤ ᠶᠤᠮ᠃ ᠠᠭᠠᠷ ᠤᠨ ᠴᠢᠬᠢᠭ ᠤᠨ ᠬᠡᠮᠵᠢᠶ᠎ᠠ 60% ᠠᠴᠠ ᠭᠡᠳᠤᠷᠡᠬᠦ ᠦᠶᠡᠰ ᠬᠦᠬᠡᠴᠤ ᠡᠬᠢᠯᠡᠨ | ᠦᠷᠡᠵᠢᠵᠤ᠂ ᠬᠡᠷᠪᠡ 80% ᠲᠤ ᠬᠦᠷᠪᠡᠯ᠂ ᠦᠷᠡᠵᠢᠬᠦ ᠨᠢ ᠨᠡᠩ ᠭᠡᠴᠡᠭᠦᠤ ᠳᠦᠷᠭᠡᠳᠬᠦ ᠪᠤᠯᠤᠨ᠎ᠠ᠂ ᠡᠶᠢᠮᠤ ᠠᠴᠠ᠂ | ᠴᠢᠬᠢᠭ ᠤᠨ ᠬᠡᠮᠵᠢᠶ᠎ᠠ ᠶᠢ 40% ᠤᠨ ᠤᠷᠴᠢᠮ ᠳᠤ ᠬᠢᠵᠠᠭᠠᠷᠯᠠᠬᠤ ᠬᠡᠷᠡᠭᠳᠠᠢ᠃ ᠵᠢᠱᠢᠶᠡᠯᠡᠪᠡᠯ : ᠬᠠᠳᠠᠭᠠᠬᠴᠢ ᠡᠳ᠋᠂ | ᠢᠳᠡᠪᠬᠢᠵᠢᠭᠦᠯᠦᠭᠰᠡᠨ ᠨᠡᠭᠦᠷᠡᠰᠤᠳᠦ᠋ᠷᠦᠭᠴᠢ ᠶᠢ ᠬᠡᠷᠡᠭᠯᠡᠨ ᠴᠢᠬᠢᠭ ᠢ ᠰᠡᠷᠭᠡᠶᠢᠯᠡᠬᠦ ᠬᠡᠷᠡᠭᠳᠠᠢ︔ ᠠᠭᠠᠷ | ᠳᠤᠬᠢᠷᠠᠭᠤᠯᠤᠬᠴᠢ ᠶᠢ ᠠᠰᠢᠬᠯᠠᠨ ᠴᠢᠬᠢᠭ ᠢ ᠠᠷᠢᠯᠭᠠᠵᠤ᠂ ᠡ᠊ᠩ ᠤᠨ ᠪᠠᠶᠢᠳᠠᠯ ᠳᠤᠤᠷ᠎ᠠ ᠡᠳᠤᠷ ᠲᠤ 2 — 3 | ᠴᠠᠬ ᠨᠡᠭᠡᠭᠡᠪᠡᠯ ᠦᠷ᠎ᠠ ᠳ᠋ᠦᠩ ᠨᠢ ᠰᠠᠶᠢᠨ ᠪᠠᠶᠢᠳᠠᠬ ᠶᠤᠮ︔ ᠭᠠᠵᠠᠷ ᠢᠶᠠᠨ ᠵᠦᠯᠬᠦᠬᠦ ᠦᠶᠡᠰ ᠭᠡᠳᠤᠷᠬᠡᠢ ᠨᠦᠢᠳᠠᠨ | ᠱᠠᠯᠠ ᠶᠢᠨ ᠵᠦᠯᠬᠦᠬᠦᠷ ᠬᠡᠷᠡᠭᠯᠡᠵᠤ ᠪᠤᠯᠬᠤ ᠦᠭᠡᠢ᠂ ᠨᠢᠬᠡ ᠨᠦᠢᠳᠠᠨ ᠨᠢᠭᠡ ᠬᠠᠭᠤᠷᠠᠢ ᠱᠠᠯᠠ ᠶᠢᠨ ᠵᠦᠯᠬᠦᠬᠦᠷ ᠢ | ᠬᠡᠷᠡᠭᠯᠡᠵᠤ ᠪᠤᠯᠤᠨ᠎ᠠ︔ ᠪᠡᠶ᠎ᠠ ᠪᠠᠨ ᠤᠬᠢᠶᠠᠬᠰᠠᠨ ᠤ ᠳᠠᠷᠠᠭ᠎ᠠ ᠠᠭᠠᠷ ᠰᠤᠯᠢᠭᠤᠷ ᠢ ᠬᠠᠮᠤᠬ ᠪᠠᠭ᠎ᠠ ᠳᠠᠭᠠᠨ 15 | ᠮᠢᠨᠦ᠋ᠲ ᠨᠡᠭᠡᠭᠡᠵᠤ᠂ ᠪᠠᠰᠠ ᠱᠠᠯᠠ ᠳᠡᠭᠡᠷᠡᠬᠢ ᠤᠰᠤ ᠶᠢ ᠳᠠᠷᠦ᠋ᠢᠬᠠᠨ ᠴᠡᠪᠡᠷᠯᠡᠬᠦ ᠬᠡᠷᠡᠭᠳᠠᠢ︔ ᠭᠡᠷ ᠤᠨ ᠭᠠᠳᠠᠨ᠎ᠠ | ᠨᠡᠯᠢᠶᠡᠳ ᠴᠢᠬᠢᠭᠯᠢᠭ ᠦᠶᠡᠰ ᠡᠭᠦᠳᠡ ᠴᠤᠩᠬᠤ ᠪᠠᠨ ᠴᠦᠬᠡᠨ ᠨᠡᠭᠡᠭᠡᠬᠦ ᠬᠡᠷᠡᠭᠳᠠᠢ᠃ | ᠠᠷᠢᠭᠤᠳᠬᠠᠬᠤ ᠪᠤᠯ ᠵᠠᠪᠠᠯ ᠠᠪᠬᠤ ᠠᠷᠭ᠎ᠠ ᠬᠡᠮᠵᠢᠶ᠎ᠠ ᠪᠤᠯᠤᠨ᠎ᠠ᠃ ᠤᠷᠢᠳᠠᠪᠡᠷ ᠱᠤᠸᠠᠵᠠ ᠪᠠᠷ | ᠭᠦᠬᠡᠴᠤᠷᠡᠭᠰᠡᠨ ᠭᠡᠰᠡᠭ ᠢ ᠱᠤᠸᠠᠵᠠᠳᠠᠵᠤ᠂ ᠳᠠᠬᠢᠨ ᠵᠦᠭᠡᠯᠡᠨ ᠪᠦᠰ ᠢ ᠰᠫᠢᠷᠲ ᠲᠤ ᠳᠦᠷᠤᠵᠤ ᠬᠦᠩᠭᠡᠭᠡᠨ | ᠵᠦᠯᠭᠦᠨᠠ︔ ᠪᠠᠰᠠ ᠰᠢᠩᠭᠡᠷᠡᠭᠦᠯᠦᠭᠰᠡᠨ ᠴᠠᠶᠢᠷᠠᠭᠤᠯᠬᠤ ᠡᠳ᠋ ᠢᠶᠠᠷ ᠪᠤᠬᠢᠷᠳᠤᠬᠰᠠᠨ ᠬᠡᠷᠡᠮ ᠬᠠᠨ᠎ᠠ ᠪᠠᠨ ᠤᠬᠢᠶᠠᠵᠤ | ᠪᠤᠯᠤᠨ᠎ᠠ︔ ᠬᠡᠷᠪᠡ ᠬᠦᠬᠡᠴᠤᠷᠡᠭᠰᠡᠨ ᠨᠢ ᠬᠦᠡᠳᠤ ᠰᠦᠷᠡᠭᠡᠢ ᠪᠤᠯ ᠳᠠᠬᠢᠨ ᠰᠢᠨ᠎ᠠ ᠪᠠᠷ ᠦᠩᠭᠡᠯᠡᠬᠦᠯᠬᠦ ᠬᠡᠷᠡᠭᠳᠠᠢ︔ | ᠬᠡᠪᠢᠰ ᠪᠡ ᠱᠠᠯᠠ ᠬᠦᠡᠳᠤ ᠰᠦᠷᠡᠭᠡᠢ ᠬᠦᠬᠡᠴᠤᠷᠡᠭᠰᠡᠨ ᠪᠤᠯ ᠭᠡᠪᠢᠰ ᠢᠶᠠᠨ ᠰᠤᠯᠢᠬᠤ ᠪᠤᠶᠤ ᠱᠠᠯᠠ ᠪᠠᠨ ᠳᠠᠬᠢᠨ | ᠳᠡᠪᠢᠰᠦᠭᠦᠯᠬᠦ ᠬᠡᠷᠡᠭᠳᠠᠢ᠃ ᠡ᠊ᠩ ᠤᠨ ᠦᠶᠡᠰ ᠴᠤ ᠭᠡᠷ ᠢᠶᠠᠨ ᠰᠠᠶᠢᠳᠤᠷ ᠱᠦᠭᠦᠷᠳᠡᠨ ᠴᠡᠪᠡᠷᠯᠡᠵᠤ᠂ ᠦᠷᠭᠦᠯᠵᠢ | ᠴᠤᠩᠬᠤ ᠪᠠᠨ ᠨᠡᠭᠡᠭᠡᠨ᠂ ᠭᠡᠷ ᠳᠤᠳᠤᠷ᠎ᠠ ᠴᠢᠬᠢᠭ ᠪᠠᠭ᠎ᠠ ᠪᠠᠶᠢᠬᠤ ᠶᠢ ᠪᠠᠳᠤᠯᠠᠬᠤ ᠨᠢ ᠴᠤ ᠳᠦᠢᠯ ᠤᠨ ᠴᠢᠬᠤᠯᠠ ᠶᠤᠮ | ᠃ | |