ᠤᠯᠠᠮᠵᠢᠯᠠᠯᠳᠤ ᠴᠡᠭᠡᠷ ᠶᠤᠰᠤᠨ ᠤ ᠰᠤᠷᠭᠠᠨ ᠬᠦᠮᠦᠵᠢᠯ ᠤᠨ ᠲᠠᠯᠳᠠ ᠬᠦᠴᠦᠨ
ᠨᠡᠶᠢᠲᠡᠯᠡᠭᠰᠡᠨ ᠴᠠᠭ᠄
2014/2/5
 
   
        ᠬᠡᠦᠬᠡᠳ ᠢᠶᠠᠨ ᠡᠷᠡᠭᠦᠯ ᠡᠩᠬᠡ᠂ ᠰᠡᠴᠡᠨ ᠰᠡᠷᠭᠦᠯᠡᠩ᠂ ᠤᠢ ᠪᠢᠯᠢᠭ ᠬᠤᠷᠴᠠ᠂ ᠦᠩᠭᠡ ᠵᠢᠰᠤ ᠳᠡᠭᠰᠢ ᠲᠦᠪᠯᠡᠭᠦᠨ᠂ ᠭᠤᠸ᠎ᠠ ᠦᠵᠡᠰᠭᠦᠯᠡᠩ᠂ ᠶᠤᠰᠤ ᠨᠤᠮ ᠲᠠᠢ᠂ ᠨᠡᠩ ᠴᠤ ᠤᠳᠤᠮ ᠤᠭᠰᠠᠭ᠎ᠠ᠂ ᠦᠨᠳᠦᠰᠦᠳᠡᠨ ᠶᠠᠰᠤᠳᠠᠨ ᠢᠶᠠᠨ ᠵᠠᠯᠭᠠᠮᠵᠢᠯᠠᠭᠰᠠᠨ ᠬᠦᠮᠦᠨ ᠪᠤᠯᠭᠠᠨ ᠦᠰᠭᠡᠨ ᠬᠦᠮᠦᠵᠢᠭᠦᠯᠬᠦ ᠨᠢ ᠡᠬᠡ ᠡᠴᠢᠭᠡ ᠪᠤᠯᠤᠭᠰᠠᠳ ᠨᠢᠬᠡᠪᠦᠷᠢ ᠶᠢᠨ ᠬᠦᠰᠡᠨ ᠰᠠᠨᠠᠬᠤ ᠶᠠᠪᠤᠳᠠᠯ ᠪᠤᠯᠤᠨ᠎ᠡ᠃ ᠮᠠᠨ ᠤ ᠮᠤᠩᠭᠤᠯᠴᠤᠳ ᠠᠯᠢ ᠡᠷᠳᠡ ᠠᠴᠠ ᠤᠯᠠᠮᠵᠢᠯᠡᠯᠲᠤ ᠴᠡᠭᠡᠷ ᠶᠤᠰᠤ ᠪᠠᠷ ᠦᠷ᠎ᠡ ᠬᠡᠤᠭᠡᠳ ᠢᠶᠠᠨ ᠰᠤᠷᠭᠠᠳᠠᠭ ᠨᠢᠭᠡᠨ ᠠᠷᠭ᠎ᠠ ᠪᠠᠶᠢᠭᠰᠠᠨ ᠢ ︽ᠮᠤᠩᠭᠤᠯ ᠤᠨ ᠨᠢᠭᠤᠴᠠ ᠲᠤᠪᠴᠢᠶᠠᠨ︾᠂ ︽ᠬᠤᠪᠢᠯᠠᠢ ᠬᠠᠭᠠᠨ︾᠂ ︽ᠲᠡᠯᠡᠬᠡᠢ ᠶᠢᠨ ᠪᠠᠶᠢᠯᠳᠤᠨ ᠲᠠᠭᠠᠭᠤᠯᠤᠭᠴᠢ ᠶᠢᠨ ᠲᠡᠤᠬᠡ︾ ᠵᠡᠷᠭᠡ ᠨᠤᠮ ᠳᠤ ᠲᠡᠮᠳᠡᠭᠯᠡᠭᠳᠡᠭᠰᠡᠨ᠂ ᠲᠤᠯᠤᠢ ᠶᠢᠨ ᠰᠤᠷᠬᠠᠭᠳᠠᠨᠢ ᠬᠠᠳᠤᠨ ᠬᠦᠪᠡᠭᠦᠳ‌‍ᠢᠶ᠋ᠠᠨ ᠬᠠᠭᠠᠨᠴᠠᠯ ᠵᠠᠳᠠᠷᠠᠯ ᠢ ᠰᠡᠷᠡᠮᠵᠢᠭᠦᠯᠵᠤ ᠡᠪᠯᠡᠷᠡᠯ ᠨᠢᠬᠡᠳᠦᠯ ᠢ ᠴᠢᠬᠤᠯᠠᠴᠢᠯᠠᠨ᠂ ᠬᠡᠳᠡᠷ ᠲᠤᠭᠰᠢᠨ ᠢ ᠡᠰᠡᠷᠬᠦᠴᠡᠵᠤ ᠦᠭᠭᠢᠶᠡᠮᠦᠷᠴᠢ ᠴᠠᠶᠢᠯᠠᠭᠠᠨ ᠢ ᠲᠡᠮᠵᠢᠨ᠂ ᠠᠯᠵᠢᠭᠤ ᠵᠠᠯᠬᠠᠭᠤ ᠶᠢ ᠵᠢᠭ᠍ᠰᠢᠵᠤ ᠠᠵᠢᠯᠴᠢ ᠬᠦᠳᠡᠯᠮᠦᠷᠢᠴᠢ ᠶᠢ ᠡᠷᠬᠢᠮᠯᠡᠵᠤ᠂ ᠡᠷᠬᠡ ᠰᠦᠷ ᠂ ᠡᠳ᠋ ᠮᠦᠩᠭᠦ ᠳᠤ ᠰᠢᠨᠤᠬᠤ ᠶᠢ ᠴᠡᠭᠡᠷᠯᠡᠵᠤ᠂ ᠤᠳᠤᠮ ᠤᠭᠰᠠᠭ᠎ᠠ᠂ ᠨᠤᠳᠤᠭ ᠤᠷᠤᠨ ᠬᠠᠶᠢᠷᠠᠯᠠᠵᠤ ᠬᠠᠮᠠᠭᠠᠯᠬᠤ ᠶᠢ ᠬᠡᠴᠢᠶᠡᠨ ᠰᠤᠷᠭᠠᠭᠰᠡᠨ ᠤᠯᠠ ᠮᠦᠷ ᠪᠠᠶᠢᠳᠠᠭ ᠪᠦᠭᠡᠳ ᠡᠳᠦᠭᠡ ᠳᠤ ᠬᠦᠷᠳᠡᠯ᠎ᠡ ᠤᠯᠠᠷᠢᠨ ᠬᠦᠭᠵᠢᠵᠤ᠂ ᠤᠯᠠᠮᠵᠢᠯᠠᠭᠳᠠᠨ ᠬᠡᠷᠡᠭᠯᠡᠭᠳᠡᠭᠰᠡᠭᠡᠷ ᠢᠷᠡᠵᠡᠢ᠃ ᠡᠬᠦᠨ ᠤ ᠰᠢᠮ᠎ᠡ ᠪᠠᠷ ᠦᠰᠴᠤ ᠲᠤᠷᠨᠢᠭᠰᠡᠨ ᠮᠤᠩᠭᠤᠯᠴᠤᠳ ᠠᠯᠢ ᠴᠤ ᠤᠯᠤᠰ ᠦᠨᠳᠦᠰᠦᠳᠡᠨ ᠠᠴᠠ ᠲᠤᠤᠷ᠎ᠡ ᠦᠭᠡᠢ ᠪᠤᠯᠪᠠᠰᠤᠨ ᠰᠤᠶᠤᠯ ᠲᠠᠢ ᠶᠠᠪᠤᠭᠰᠠᠨ ᠢ ᠲᠡᠤᠬᠡ ᠪᠢᠳᠠᠨ ᠳᠤ ᠬᠡᠷᠡᠴᠢᠯᠡᠵᠤ ᠪᠤᠢ︕ ᠡᠨᠡᠬᠦ ᠦᠩ ᠰᠢᠮᠡᠯᠢᠭ ᠰᠤᠶᠤᠯ ᠤᠨ ᠬᠦᠷᠦᠰᠦᠨ ᠠᠴᠠ ᠤᠳᠤ ᠦᠶ᠎ᠡ ᠶᠢᠨ ᠭᠡᠷ ᠤᠨ ᠠᠬᠠᠮᠠᠳ ᠪᠤᠯᠤᠭᠰᠠᠳ ᠬᠡᠤᠬᠡᠳ ᠪᠠᠭᠠᠴᠤᠳ ᠲᠤ ᠪᠠᠨ ᠮᠡᠳᠡᠭᠦᠯᠪᠡᠰᠦ ᠵᠤᠬᠢᠬᠤ ᠨᠢᠭᠡ ᠪᠦᠯᠦᠭ ᠤᠯᠠᠮᠵᠢᠯᠠᠯᠳᠤ ᠰᠤᠷᠭᠠᠯ ᠢ ᠠᠳᠡ ᠵᠤᠷᠪᠤᠰᠤᠯᠠᠨ ᠲᠠᠶᠢᠯᠪᠤᠷᠢᠯᠠᠶ᠎ᠠ᠂ ᠠᠮᠢᠳᠤᠷᠠᠯ ᠰᠤᠷᠤᠯᠭ᠎ᠠ ᠳᠤ ᠪᠠᠨ ᠠᠩᠬᠠᠷᠤᠨ ᠬᠢᠴᠢᠶᠡᠮᠦ︕        1. ᠡᠪᠦᠭᠡ ᠲᠡᠭᠡᠳᠦᠰ ᠤᠨ ᠢᠶᠠᠨ ᠦᠯᠡᠳᠡᠭᠡᠭᠰᠡᠨ ᠰᠤᠷᠭᠠᠯ ᠵᠠᠬᠢᠶ᠎ᠠ ᠶᠢ ᠨᠠᠰᠤᠨ ᠲᠤᠷᠰᠢᠳᠠ ᠪᠠᠳᠤ ᠴᠡᠭᠡᠵᠢᠯᠡᠵᠤ ᠶᠠᠪᠤ᠃ ᠡᠰᠡᠪᠡᠯ ᠭᠤᠯᠤᠮᠳᠠ ᠬᠠᠷᠠᠯᠠᠨ᠎ᠠ ᠭᠡᠳᠡᠭ᠃        2. ᠠᠶᠠᠨ ᠵᠠᠮ ᠳᠤ ᠴᠢᠨᠢ ᠤᠪᠤᠭ᠎ᠠ ᠲᠠᠭᠠᠷᠠᠯᠳᠤᠪᠠᠯ ᠴᠢᠯᠠᠭᠤ ᠨᠡᠮᠡᠬᠦ ᠪᠤᠶᠤ ᠨᠠᠷᠠ ᠵᠦᠪ ᠭᠤᠷᠪᠠ ᠲᠤᠭᠤᠷᠢᠵᠤ ᠮᠦᠷᠬᠦᠭᠡᠳ ᠶᠠᠪᠤ᠃ ᠡᠰᠡᠪᠡᠯ ᠰᠠᠨᠠᠭᠰᠠᠨ ᠦᠢᠯᠡ ᠡᠰᠡ ᠪᠦᠳᠦᠨ᠎ᠡ ᠭᠡᠳᠡᠭ᠃        3. ᠶᠠᠭᠤ ᠬᠢᠭᠰᠡᠨ ᠴᠤ ᠪᠤᠰᠤᠳ ᠲᠤ ᠲᠤᠰᠠ ᠲᠠᠢ ᠪᠠᠶᠢᠬᠤ ᠶᠢ ᠪᠤᠳᠤ᠃ ᠪᠤᠰᠤᠳ ᠲᠤ ᠨᠢᠭᠡ ᠮᠠᠭᠤ ᠬᠢᠪᠡᠯ ᠦᠪᠡᠷ ᠲᠤ ᠨᠢ ᠭᠤᠷᠪᠡᠨ ᠮᠠᠭᠤ ᠢᠷᠡᠨ᠎ᠡ ᠬᠡᠳᠡᠭ᠃        4. ᠬᠡᠤᠬᠡᠳ ᠬᠦᠮᠦᠨ ᠪᠤᠷᠪᠢ ᠲᠤᠶᠢᠭ ᠤᠨ ᠮᠢᠬ᠎ᠠ ᠢᠳᠡᠬᠦ ᠶᠢ ᠴᠡᠭᠡᠷᠯᠡᠳᠡᠭ᠃ ᠡᠰᠡᠪᠡᠯ ᠵᠠᠯᠬᠠᠭᠤ ᠪᠤᠯᠤᠨ᠎ᠠ ᠭᠡᠳᠡᠭ᠃        5. ᠬᠤᠭᠤᠯᠠ ᠪᠤᠳᠠᠭ᠎ᠠ ᠪᠠᠨ ᠢᠳᠡᠮᠡᠭᠴᠡ ᠴᠢᠨᠠᠭᠰᠢ ᠤᠨᠳᠠᠵᠤ ᠠᠮᠠᠷᠠᠬᠤ ᠶᠢ ᠴᠡᠭᠡᠷᠯᠡᠳᠡᠭ᠃ ᠡᠰᠡᠪᠡᠯ ᠪᠤᠶᠠᠨ ᠢᠶᠠᠨ ᠲᠠᠭᠠᠭᠠᠬᠤ ᠦᠭᠡᠢ ᠪᠤᠯᠤᠨ᠎ᠡ ᠬᠡᠳᠡᠭ᠃        6. ᠦᠩᠭᠡᠨ ᠳᠤ ᠰᠢᠨᠤᠪᠠᠯ ᠶᠠᠰᠤ ᠬᠡᠤᠷᠰᠢᠵᠤ᠂ ᠮᠦᠩᠭᠦᠨ ᠳᠤ ᠰᠢᠨᠤᠪᠠᠯ ᠠᠮᠢ ᠪᠤᠭᠤᠨᠢᠰᠤᠨ᠎ᠠ ᠬᠡᠳᠡᠭ᠃        7. ᠬᠤᠳᠠᠯ ᠬᠡᠯᠡᠵᠤ ᠬᠤᠪ ᠬᠤᠩᠰᠢᠶᠠᠷ ᠵᠦᠭᠡᠭᠡᠪᠡᠯ ᠬᠡᠯᠡᠭᠡᠢ ᠪᠤᠯᠤᠨ᠎ᠠ ᠭᠡᠳᠡᠭ᠃        8. ᠬᠡᠷ ᠲᠤ ᠴᠢᠨᠢ ᠬᠡᠶᠢᠴᠢᠨ ᠲᠠᠢ ᠦᠶ᠎ᠡ ᠰᠢᠪᠡᠨᠡᠯᠴᠡᠬᠦ ᠪᠤᠶᠤ ᠬᠠᠰᠬᠢᠷᠤᠯᠴᠠᠬᠤ᠂ ᠳᠤᠭᠤᠰᠤ ᠬᠦᠳᠡᠯᠬᠡᠬᠦ᠂ ᠬᠠᠭᠠᠯᠭ᠎ᠠ ᠡᠬᠦᠳᠡ ᠪᠠᠨ ᠰᠠᠪᠠᠭ᠋ᠤ᠂ ᠳᠤᠭᠤᠭ᠎ᠠ ᠰᠢᠨᠠᠭ᠎ᠠ ᠪᠠᠨ ᠲᠤᠤᠭᠠᠷᠭᠠᠬᠤ ᠵᠡᠷᠬᠡ ᠶᠢ ᠴᠡᠬᠡᠷᠯᠡᠳᠡᠭ᠃ ᠡᠰᠡ ᠲᠡᠶᠢᠮᠤ ᠪᠤᠯ ᠬᠦᠨᠳᠤ ᠪᠠᠨ ᠪᠠᠷᠠᠨ᠎ᠠ ᠭᠡᠳᠡᠭ᠃        9. ᠪᠤᠰᠤᠳ ᠬᠦᠮᠦᠨ ᠤ ᠲᠡᠷᠭᠡᠳᠡ ᠰᠢᠪᠡᠨᠡᠯᠳᠦᠨ ᠶᠠᠷᠢᠯᠴᠠᠬᠤ ᠦᠭᠡᠢ᠃ ᠪᠤᠰᠤᠳ ᠲᠤ ᠶᠠᠭᠤᠮ᠎ᠠ ᠦᠭᠬᠦ ᠳᠤ ᠪᠠᠨ ᠪᠤᠷᠤᠭᠤ ᠭᠠᠷ ᠢᠶᠠᠷ ᠢᠶᠠᠨ ᠪᠤᠶᠤ ᠬᠤᠷᠤᠭᠤᠨ ᠰᠠᠯᠠᠭᠠᠨ ᠳᠤ ᠪᠠᠨ ᠬᠠᠪᠴᠢᠭᠤᠯᠵᠤ ᠡᠯᠬᠦᠵᠤ ᠦᠭᠬᠦ ᠶᠢ ᠴᠡᠬᠡᠷᠯᠡᠳᠡᠭ᠂ ᠠᠪᠬᠤ ᠦᠶ᠎ᠡ ᠳᠤ ᠴᠤ ᠪᠤᠷᠤᠭᠤ ᠭᠠᠷ ᠪᠤᠶᠤ ᠦᠷᠦᠬᠡᠰᠦᠨ ᠭᠠᠷ ᠢᠶᠠᠷ ᠢᠶᠠᠨ ᠳᠤᠰᠬᠤ ᠶᠢ ᠴᠡᠬᠡᠷᠯᠡᠳᠡᠭ᠃ ᠢᠩᠬᠢᠭᠦ ᠨᠢ ᠲᠤᠳᠤᠮ ᠰᠤᠷᠭᠠᠯ ᠢᠶᠠᠷ ᠲᠤᠳᠠᠮᠠᠭ ᠲᠤ ᠲᠤᠭᠠᠭᠴᠠᠭᠳᠠᠨ᠎ᠠ᠃        10. ᠬᠦᠳᠡᠭᠡ ᠬᠡᠬᠡᠷ᠎ᠡ᠂ ᠵᠡᠬᠡᠯᠢ ᠭᠤᠳᠤᠮᠵᠢᠨ ᠳᠤ ᠠᠬᠠᠮᠠᠳ ᠨᠠᠰᠤᠳᠠᠨ ᠪᠤᠶᠤ ᠳᠠᠨᠢᠵᠤ ᠮᠡᠳᠡᠬᠦ ᠬᠦᠮᠦᠨ ᠵᠤᠯᠭᠠᠪᠠᠯ ᠤᠨᠠᠭ᠎ᠠ ᠬᠦᠰᠬᠡ ᠠᠴᠠ ᠪᠠᠨ ᠪᠠᠭᠤᠵᠤ ᠠᠮᠤᠷ ᠮᠡᠨᠳᠤ ᠠᠰᠠᠭᠤᠵᠤ ᠪᠠᠶᠢᠳᠠᠭ ᠬᠡᠤᠬᠡᠳ ᠶᠤᠰᠤ ᠨᠤᠮ ᠲᠠᠢ ᠳᠤ ᠳᠤᠭᠠᠴᠠᠭᠳᠠᠨ᠎ᠠ᠃        11. ᠠᠶᠠᠭᠠᠨ ᠳᠤ ᠪᠠᠨ ᠬᠡᠵᠢᠶᠡᠳᠡ ᠪᠤᠳᠠᠭ᠎ᠠ ᠦᠯᠡᠳᠡᠬᠡᠬᠦ ᠪᠤᠶᠤ ᠭᠠᠳᠠᠭᠤᠷ ᠳᠤᠳᠤᠭᠤᠷ ᠨᠢ ᠠᠰᠬᠠᠭᠠᠳ ᠪᠠᠶᠢᠳᠠᠭ ᠬᠡᠤᠬᠡᠳ ᠪᠤᠶᠠᠨ ᠢᠶᠠᠨ ᠪᠠᠷᠠᠨ᠎ᠠ ᠬᠡᠳᠡᠭ᠃        12. ᠪᠤᠳᠠᠭ᠎ᠠ ᠢᠳᠡᠬᠦ ᠪᠤᠶᠤ ᠰᠠᠭᠤᠵᠤ ᠪᠠᠶᠢᠬᠤ ᠳᠤ ᠪᠠᠨ ᠳᠠᠩᠳᠠ ᠬᠦᠯ ᠢᠶᠠᠨ ᠬᠦᠳᠡᠯᠬᠡᠬᠡᠳ ᠪᠠᠶᠢᠪᠠᠯ ᠠᠮᠠᠨ ᠬᠦᠨᠡᠰᠤ ᠨᠢ ᠪᠠᠷᠤᠭᠳᠠᠴᠢᠬᠠᠨ᠎ᠠ ᠬᠡᠬᠦ ᠪᠤᠶᠤ ᠠᠪᠤ ᠡᠵᠢ ᠶᠢᠨ ᠴᠢᠨᠢ ᠬᠢᠳᠡᠯ ᠠᠵᠢᠯ ᠤᠯᠠᠳᠠᠨ᠎ᠠ ᠬᠡᠳᠡᠭ︕        13. ᠬᠤᠭᠤᠯᠠᠨ ᠤ ᠳᠠᠷᠠᠭ᠎ᠠ ᠠᠶᠠᠭ᠎ᠠ ᠰᠢᠨᠠᠭ᠎ᠠ᠂ ᠳᠤᠭᠤᠭ᠎ᠠ ᠰᠠᠪᠠ ᠪᠠᠨ ᠴᠠᠭ ᠳᠠᠷᠤᠢ ᠳᠤ ᠎ ᠨᠢ ᠤᠬᠢᠶᠠᠵᠤ ᠴᠡᠪᠡᠷᠯᠡᠬᠦ ᠦᠬᠡᠢ ᠬᠡᠷᠡᠭᠯᠡᠭᠰᠡᠨ ᠢᠶᠠᠷ ᠨᠢ ᠬᠠᠶᠠᠪᠠᠯ ᠦᠨᠦᠴᠢᠨ ᠦᠷᠦᠭᠡᠰᠦᠨ ᠪᠤᠯᠤᠨ᠎ᠠ ᠬᠡᠵᠤ ᠬᠡᠯᠡᠳᠡᠭ        14. ᠲᠠᠯᠤᠨ‌ᠮᠢᠬ᠎ᠠ ᠶᠢ ᠳᠠᠶᠠᠭᠠᠷ ᠢᠳᠡᠳᠡᠭ ᠠᠴᠠ ᠪᠢᠰᠢ ᠭᠠᠭᠴᠠᠭᠠᠷ ᠢᠳᠡᠳᠡᠭ ᠦᠬᠡᠢ᠂ ᠮᠦᠬᠡᠷᠰᠤ ᠶᠢ ᠨᠢ ᠢᠳᠡᠬᠦ ᠠᠴᠠ ᠨᠡᠩ ᠴᠤ ᠴᠡᠬᠡᠷᠯᠡᠳᠡᠭ᠃ ᠦᠬᠡᠢ ᠪᠤᠯ ᠠᠶᠠᠨ ᠵᠠᠮ ᠤᠷᠤᠭᠰᠢ ᠦᠭᠡᠢ ᠬᠡᠳᠡᠭ︕        15. ᠪᠤᠰᠤᠳ ᠤᠨ ᠮᠠᠯᠠᠭᠠᠢ ᠶᠢ ᠳᠤᠷ᠎ᠠ ᠪᠠᠷ ᠮᠤᠯᠳᠤᠯᠤᠨ ᠠᠪᠴᠤ ᠵᠡᠬᠦᠬᠦ ᠶᠢ ᠳᠠᠰᠤ ᠴᠡᠬᠡᠷᠯᠡᠳᠡᠭ᠃ ᠮᠦᠨᠴᠤ ᠬᠡᠬᠡᠵᠤ ᠤᠷᠬᠢᠭᠰᠠᠨ ᠮᠠᠯᠠᠭᠠᠢ ᠢ ᠳᠡᠬᠦᠵᠤ ᠠᠪᠳᠠᠭ ᠦᠬᠡᠢ᠂ ᠳᠤᠭᠤᠭᠰᠢ ᠬᠠᠨᠳᠤᠭᠰᠠᠨ ᠠᠮᠠ ᠲᠠᠢ ᠰᠠᠪᠠ ᠬᠡᠵᠤ ᠬᠠᠶᠠᠳᠠᠭ ᠶᠤᠰᠤ ᠲᠠᠢ︕ ᠠᠪᠤᠪᠠᠯ ᠴᠢᠳᠭᠦᠷ ᠲᠠᠭᠠᠨ᠎ᠠ ᠭᠡᠳᠡᠭ᠃        16. ᠮᠤᠩᠭᠤᠯᠴᠤᠳ ᠳᠡᠪᠡᠯ ᠬᠤᠪᠴᠠᠰᠤ ᠪᠠᠨ ᠡᠮᠦᠰᠪᠡᠯ ᠮᠠᠬᠠᠢ ᠭᠤᠳᠤᠯ᠂ ᠮᠠᠯᠠᠭᠠᠢ ᠠᠯᠴᠢᠭᠤᠷ ᠪᠦᠰᠡ ᠬᠡᠳ ᠪᠦᠷᠢᠨ ᠡᠮᠦᠰᠬᠦ ᠠᠴᠠ ᠪᠢᠰᠢ ᠬᠠᠷᠢᠨ ᠳᠡᠬᠡᠳᠤ ᠪᠡᠶᠡᠨ ᠳᠤ ᠪᠠᠨ ᠮᠤᠩᠭᠤᠯ ᠬᠤᠪᠴᠠᠰᠤ᠂ ᠬᠦᠯ ᠳᠤ ᠪᠠᠨ ᠳᠠᠮᠢᠷ ᠤᠨ ᠱᠠᠬᠠᠢ ᠬᠡᠵᠤ ᠦᠨᠳᠦᠰᠦᠳᠡᠨ ᠶᠠᠰᠤᠳᠠᠨ ᠤ ᠢᠯᠭᠠᠭ᠎ᠠ ᠦᠬᠡᠢ ᠡᠮᠦᠰᠬᠦ ᠨᠢ ᠳᠤᠩ ᠡᠪ ᠦᠬᠡᠢ ᠬᠠᠷᠠᠭᠳᠠᠵᠤ ᠪᠤᠰᠤᠳ ᠤᠨ ᠡᠯᠡᠭ ᠳᠤᠭᠤᠬᠢ ᠪᠤᠯᠳᠠᠭ᠃        17. ᠳᠡᠭᠷᠢ ᠢ ᠬᠤᠮᠤᠭᠠᠶᠢᠳᠠᠬᠤ ᠪᠤᠶᠤ ᠬᠠᠷᠢᠶᠠᠬᠤ ᠠᠴᠠ ᠴᠡᠬᠡᠷᠯᠡᠳᠡᠭ᠂ ᠨᠡᠩ ᠢᠯᠠᠩᠭᠤᠶ᠎ᠠ ᠳᠡᠭᠷᠢ ᠳᠤᠩᠭᠤᠳᠬᠤ ᠦᠶ᠎ᠡ ᠶᠡᠭᠡ ᠪᠠᠭ᠎ᠠ ᠳᠤᠤᠭᠠᠷᠬᠤ ᠬᠠᠰᠭᠢᠷᠬᠤ ᠠᠴᠠ ᠴᠦ ᠪᠤᠯᠭᠤᠮᠵᠢᠯᠠᠳᠠᠭ᠃ ᠡᠰᠡᠪᠡᠯ ᠲᠡᠭᠷᠢ ᠪᠤᠷᠬᠠᠨ ᠠᠭᠤᠷᠯᠠᠨ᠎ᠡ‌‍ᠭᠡᠳᠡᠭ᠃        18. ᠱᠦᠬᠦᠷ᠂ ᠳᠤᠤᠵᠤᠤ ᠶᠢ ᠳᠤᠯᠤᠭᠠᠢ ᠶᠢᠨ ᠳᠡᠷᠬᠡᠳᠡ ᠳᠠᠯᠪᠢᠵᠤ ᠤᠨᠳᠠᠪᠠᠯ ᠬᠠᠷ᠎ᠠ ᠳᠠᠷᠤᠨ᠎ᠠ ᠬᠡᠳᠡᠭ᠃        19. ᠪᠤᠰᠤᠳ ᠠᠴᠠ ᠵᠢᠬᠡᠯᠡᠭᠰᠡᠨ ᠰᠡᠪᠡ ᠤᠭᠤᠳᠠ ᠶᠢ ᠬᠤᠭᠤᠰᠤᠨ ᠪᠤᠴᠠᠭᠠᠬᠤ ᠶᠢ ᠴᠡᠬᠡᠷᠯᠡᠵᠤ ᠵᠠᠪᠠᠯ ᠠᠳᠬᠤ ᠪᠤᠳᠠᠭ᠎ᠠ ᠪᠤᠶᠤ ᠢᠳᠡᠬᠡᠨ ᠬᠢᠵᠤ ᠦᠭᠳᠡᠭ᠃ ᠡᠰᠡᠪᠡᠯ ᠬᠤᠭᠤᠰᠤᠷᠠᠨ᠎ᠠ ᠭᠡᠳᠡᠭ᠃       20. ᠬᠢᠳᠤᠭ᠎ᠠ ᠰᠢᠪᠦᠭᠡ᠂ ᠡᠬᠡᠷᠤᠤᠯ ᠬᠠᠶᠢᠴᠢ᠂ ᠵᠡᠬᠦᠦ ᠬᠠᠳᠠᠭᠠᠰᠤ ᠵᠡᠷᠬᠡ ᠦᠵᠦᠬᠦᠷ ᠱᠤᠷᠤ ᠎ ᠲᠠᠢ ᠶᠠᠭᠤᠮ᠎ᠠ ᠶᠢ ᠦᠵᠦᠬᠦᠷ ᠢᠶᠠᠷ ᠨᠢ ᠪᠤᠰᠤᠳ ᠲᠤ ᠦᠭᠬᠦ ᠶᠢ ᠴᠡᠭᠡᠷᠯᠡᠵᠤ᠂ ᠪᠠᠷᠢᠭᠤᠯ ᠲᠠᠯ᠎ᠠ ᠶᠢ ᠨᠢ ᠦᠭᠬᠦ ᠬᠦᠮᠦᠨ ᠳᠤ ᠪᠠᠨ ᠬᠠᠨᠳᠤᠭᠤᠯᠤᠨ ᠭᠠᠷᠳᠠᠭᠤᠯᠳᠠᠭ ᠶᠤᠰᠤ ᠲᠠᠢ᠃ ᠡᠰᠡᠪᠡᠯ ᠡᠪᠡᠳᠴᠢᠨ ᠲᠤᠰᠤᠨ᠎ᠠ ᠭᠡᠳᠡᠭ᠃        21. ᠠᠬ᠎ᠠ ᠡᠬᠡᠴᠢ ᠪᠤᠯᠤᠭᠰᠠᠳ ᠵᠠᠪᠠᠯ ᠳᠡᠬᠦᠦ ᠪᠠᠨ ᠬᠠᠶᠢᠷᠠᠯᠠᠵᠤ ᠬᠠᠷᠭᠠᠯᠵᠠᠵᠤ᠂ ᠬᠠᠪᠰᠤᠷᠴᠤ ᠳᠡᠮᠵᠢᠬᠦ ᠶᠤᠰᠤᠲᠠᠢ ᠪᠠᠶᠢᠳᠠᠭ᠃ ᠬᠠᠷᠢᠨ ᠳᠡᠬᠦᠦ ᠠᠴᠠ ᠪᠠᠨ ᠦᠪᠡᠷ ᠤᠨ ᠢᠶᠠᠨ ᠨᠠᠭᠠᠳᠤᠮ ᠳᠤᠭᠯᠠᠭᠠᠮ᠂ ᠠᠮᠳᠠᠳᠤ ᠢᠳᠡᠬᠡᠨ ᠵᠡᠷᠬᠡ ᠪᠠᠨ ᠬᠠᠷᠠᠮᠨᠠᠳᠠᠭ ᠦᠬᠡᠢ ᠪᠠᠶᠢᠬᠤ ᠶᠤᠰᠤ ᠲᠠᠢ᠂ ᠡᠰᠡ ᠪᠤᠯ ᠠᠬ᠎ᠠ ᠡᠬᠡᠴᠢ ᠶᠢᠨ ᠮᠠᠶ᠋ᠢᠭ ᠦᠬᠡᠢ ᠬᠡᠳᠡᠭ᠃       22. ᠬᠡᠤᠬᠡᠳ ᠲᠤ ᠨᠡᠷ᠎ᠡ ᠦᠭᠬᠦ ᠳᠤ ᠪᠠᠨ᠂ ᠳᠡᠬᠡᠷ᠎ᠡ ᠳᠦᠷᠪᠡᠨ ᠦᠶ᠎ᠡ ᠶᠢᠨ ᠠᠬᠠᠮᠠᠳ ᠤᠨ ᠨᠡᠷ᠎ᠡ ᠲᠠᠢ ᠠᠳᠠᠯᠢ ᠨᠡᠷ᠎ᠡ ᠦᠭᠳᠡᠭ ᠦᠬᠡᠢ ᠶᠢ ᠪᠤᠤ ᠬᠡᠯᠡ᠂ ᠨᠡᠷ᠎ᠡ ᠶᠢᠨ ᠬᠢᠨᠢ ᠨᠢᠬᠡᠳᠦᠬᠡᠷ ᠦᠶ᠎ᠡ ᠤᠷᠤᠭᠰᠠᠨ ᠨᠡᠷ᠎ᠡ ᠎ ᠶᠢ ᠴᠤ ᠦᠭᠳᠡᠭ ᠦᠬᠡᠢ ᠶᠤᠰᠤ ᠲᠠᠢ᠃ ᠡᠰᠡᠪᠡᠯ ᠲᠡᠭᠡᠷ᠎ᠡ ᠲᠤᠤᠷ᠎ᠠ ᠦᠬᠡᠢ ᠭᠡᠳᠡᠭ᠃        23. ᠤᠷᠭᠤᠮᠠᠯ ᠳᠠᠷᠢᠮᠠᠯ᠂ ᠴᠡᠴᠡᠭ ᠬᠤᠸᠠᠷ᠂ ᠦᠨᠳᠡᠭᠡ ᠵᠤᠯᠵᠠᠭ᠎ᠠ ᠶᠢ ᠬᠤᠷᠤᠭᠤᠵᠤ ᠬᠦᠨᠦᠬᠡᠪᠡᠯ ᠦᠪᠡᠷ ᠤᠨ ᠠᠮᠢ ᠨᠠᠰᠤ ᠪᠠᠨ ᠦᠷᠡᠵᠤ᠂ ᠦᠩᠬᠡ ᠵᠢᠰᠤ ᠪᠠᠨ ᠡᠪᠳᠡᠨ᠎ᠡ ᠬᠡᠳᠡᠭ᠃        24. ᠵᠠᠮ ᠮᠦᠷ᠂ ᠬᠤᠳᠳᠤᠭ ᠤᠰᠤ᠂ ᠭᠤᠤᠯ ᠭᠤᠷᠤᠬ᠎ᠠ ᠳᠤ ᠰᠢᠬᠡᠵᠤ ᠪᠠᠭᠠᠬᠤ ᠪᠤᠶᠤ ᠪᠤᠵᠠᠷ ᠶᠠᠭᠤᠮ᠎ᠠ ᠬᠠᠶᠠᠪᠠᠯ ᠪᠦᠭᠰᠡᠨ ᠳᠡᠭᠡᠷ᠎ᠡ ᠨᠢ ᠡᠳᠡᠬᠡᠷᠡᠰᠢ ᠦᠬᠡᠢ ᠶᠠᠷ᠎ᠠ ᠭᠠᠷᠤᠨ᠎ᠠ ᠬᠡᠳᠡᠭ᠃        25. ᠪᠤᠳᠠᠭ᠎ᠠ ᠢᠳᠡᠵᠤ ᠪᠠᠶᠢᠭᠠᠳ ᠭᠠᠳᠠᠭᠰᠢ ᠳᠤᠳᠤᠭᠰᠢ ᠤᠷᠤᠬᠤ ᠭᠠᠷᠬᠤ᠂ ᠰᠢᠬᠡᠵᠤ ᠪᠠᠭᠠᠬᠤ ᠨᠢ ᠨᠠᠰᠤᠨ ᠬᠤᠳᠤᠭ᠂ ᠠᠮᠠᠨ ᠬᠦᠨᠡᠰᠤ ᠬᠤᠷᠤᠭᠳᠠᠨ᠎ᠠ ᠬᠡᠵᠤ ᠦᠵᠡᠳᠡᠭ᠃        26. ᠨᠢᠬᠡ ᠮᠦᠬᠦᠯᠢᠭ ᠪᠤᠳᠠᠭ᠎ᠠ ᠶᠢ ᠴᠦ ᠬᠠᠮᠢᠶ᠎ᠠ ᠦᠭᠡᠢ ᠠᠰᠬᠠᠵᠤ ᠬᠡᠬᠡᠪᠡᠯ ᠳᠡᠭᠷᠢ ᠳᠤ ᠨᠢᠬᠡ ᠬᠤᠨᠢᠨ ᠴᠢᠨᠡᠬᠡᠨ ᠲᠤᠮᠤ ᠪᠤᠯᠵᠤ ᠦᠵᠡᠭᠳᠡᠬᠦ ᠳᠤᠯᠠ᠂ ᠬᠠᠷ᠎ᠠ ᠲᠤᠯᠤᠭᠠᠶᠢᠳᠤ ᠬᠦᠮᠦᠨ ᠪᠤᠶᠠᠨ ᠢᠶᠠᠨ ᠳᠠᠭᠠᠭᠠᠬᠤ ᠦᠬᠡᠢ ᠪᠠᠶᠢᠨ᠎ᠠ ᠬᠡᠵᠤ ᠪᠤᠷᠬᠠᠨ ᠳᠡᠭᠷᠢ ᠪᠤᠷᠤᠭᠤ ᠪᠠᠷ ᠦᠵᠡᠨ᠎ᠡ ᠬᠡᠳᠡᠭ᠃        27. ᠤᠨᠳᠠᠬᠤ ᠤᠷᠤ ᠳᠤ ᠪᠠᠨ ᠤᠷᠤᠭᠰᠠᠨ ᠤ ᠳᠠᠷᠠᠭ᠎ᠠ ᠤᠯᠠᠨ ᠦᠬᠡ ᠶᠠᠷᠢᠪᠠᠯ ᠬᠡᠷᠡᠬᠦᠯ ᠴᠤᠤᠬᠢᠶᠠᠨ ᠪᠤᠯᠤᠨ᠎ᠠ ᠬᠡᠳᠡᠭ᠃        28. ᠪᠤᠰᠤᠳ ᠤᠨ ᠤᠷᠤᠭᠤ ᠨᠢᠯᠪᠤᠬᠤ ᠶᠢ ᠴᠡᠭᠡᠷᠯᠡᠳᠡᠭ᠃ ᠡᠰᠡᠪᠡᠯ ᠠᠮᠠᠨ ᠬᠡᠰᠢᠭ ᠢᠶᠠᠨ ᠦᠭᠴᠢᠭᠡᠯ᠎ᠡ ᠭᠡᠳᠡᠭ᠃        29. ᠦᠬᠦᠭᠰᠡᠨ ᠬᠦᠮᠦᠨ ᠢ ᠴᠤᠩᠬᠤ ᠪᠠᠷ ᠭᠠᠷᠭᠠᠳᠠᠭ ᠲᠠᠳᠬᠠᠯ ᠲᠠᠢ ᠲᠤᠯᠠ ᠶᠡᠷᠦᠳᠡ ᠶᠢᠨ ᠬᠦᠮᠦᠨ ᠴᠤᠩᠬᠤ ᠪᠠᠷ ᠤᠷᠤᠵᠤ ᠭᠠᠷᠬᠤ ᠶᠢ ᠮᠠᠭᠤ ᠶᠤᠷᠤ ᠬᠡᠮᠡᠨ‌‍ᠴᠡᠬᠡᠷᠯᠡᠬᠦᠯᠳᠡᠭ᠃        30. ᠲᠡᠷᠡᠨ ᠳᠡᠬᠡᠷ᠎ᠡ ᠪᠠᠨ ᠰᠠᠭᠤᠬᠤ ᠪᠤᠶᠤ ᠬᠢᠰᠬᠢᠪᠡᠯ ᠪᠡᠶ᠎ᠡ ᠦᠰᠬᠦ ᠦᠬᠡᠢ ᠪᠤᠯᠤᠨ᠎ᠠ᠂ ᠪᠤᠶᠠᠨ ᠨᠢ ᠪᠠᠭᠤᠷᠠᠨ᠎ᠠ ᠬᠡᠮᠡᠨ ᠴᠡᠬᠡᠷᠯᠡᠬᠦᠯᠳᠡᠭ᠃        31. ᠦᠷᠦᠬᠡᠰᠦᠨ ᠬᠦᠯ ᠳᠤ ᠪᠠᠨ ᠱᠠᠬᠠᠢ ᠪᠤᠶᠤ ᠭᠤᠳᠤᠯ ᠡᠮᠤᠰᠴᠤ ᠪᠤᠳᠠᠭ᠎ᠠ ᠢᠳᠡᠪᠡᠯ ᠬᠤᠯᠠᠭᠠᠶᠢᠴᠢ ᠵᠠᠩ ᠲᠠᠢ ᠪᠤᠯᠤᠨ᠎ᠡ‌‍ᠬᠡᠮᠡᠨ ᠴᠡᠭᠡᠷᠯᠡᠳᠡᠭ᠃        32. ᠰᠢᠯᠦᠰᠤ ᠪᠠᠷ ᠢᠶᠠᠨ ᠨᠠᠭᠠᠳᠪᠠᠯ ᠦᠯᠦᠰᠬᠦᠯᠡᠩ ᠶᠠᠪᠤᠨ᠎ᠠ ᠬᠡᠵᠤ ᠴᠡᠬᠡᠷᠯᠡᠬᠦᠯᠳᠡᠭ᠃        33. ᠬᠡᠤᠬᠡᠳ ᠢᠶᠠᠨ ᠳᠠᠩᠳᠠ ᠶᠠᠩᠰᠢᠵᠤ ᠬᠠᠷᠢᠶᠠᠬᠤ᠂ ᠵᠢᠮᠡᠯᠡᠵᠤ ᠵᠤᠳᠤᠪᠠᠯ᠂ ᠬᠡᠤᠬᠡᠳ ᠵᠤᠷᠢᠬᠦᠳ ᠵᠠᠩ ᠲᠠᠢ ᠪᠤᠯᠤᠨ᠎ᠡ ᠬᠡᠮᠡᠨ ᠬᠢᠴᠢᠶᠡᠳᠡᠭ        34. ᠬᠡᠤᠬᠡᠳ ᠭᠠᠯ ᠢᠶᠠᠷ ᠨᠠᠭᠠᠳᠬᠤ᠂ ᠭᠠᠯ ᠳᠤ ᠨᠢᠯᠪᠤᠬᠤ᠂ ᠭᠠᠯ ᠢ ᠴᠢᠴᠢᠵᠤ ᠨᠠᠭᠠᠳᠪᠠᠯ ᠭᠠᠯ ᠤᠨ ᠪᠤᠷᠬᠠᠨ ᠠᠭᠤᠷᠯᠠᠳᠠᠭ ᠬᠡᠮᠡᠨ ᠴᠡᠬᠡᠷᠯᠡᠬᠦᠯᠳᠡᠭ᠃        35. ᠰᠤᠷ ᠬᠠᠷᠪᠤᠬᠤ ᠳᠤ ᠬᠦᠮᠦᠨ ᠤ ᠦᠬᠡᠳᠡ ᠤᠨᠢᠯᠠᠬᠤ ᠶᠢ ᠴᠡᠬᠡᠷᠯᠡᠬᠦᠯᠵᠤ᠂ ᠡᠰᠡ ᠳᠠᠭᠠᠪᠠᠯ ᠦᠪᠡᠷ ᠤᠨ ᠨᠢᠳᠤ ᠰᠤᠬᠤᠷᠤᠨ᠎ᠠ ᠬᠡᠮᠡᠨ ᠡᠷᠡᠰ ᠲᠡᠪᠴᠢᠳᠡᠭ᠃        36. ᠰᠢᠳᠠᠷ᠎ᠠ ᠳᠠᠯᠪᠢᠬᠤ ᠳᠤ ᠶᠤᠰᠤ ᠬᠤᠷᠢᠭ᠎ᠠ ᠶᠢ ᠵᠦᠷᠢᠴᠡᠬᠦ᠂ ᠬᠦᠯᠬᠡ ᠰᠢᠳᠠᠷ᠎ᠠ ᠪᠠᠨ ᠴᠤᠬᠢᠯᠠᠪᠠᠯ ᠤᠬᠠᠭᠠᠨ ᠴᠢᠳᠠᠯ ᠨᠢ ᠮᠡᠬᠦᠰᠳᠡᠨ᠎ᠡ ᠬᠡᠵᠤ ᠴᠡᠬᠡᠷᠯᠡᠬᠦᠯᠳᠡᠭ᠃        37. ᠬᠡᠷ ᠤᠨ ᠰᠠᠷᠠᠪᠴᠢᠨ ᠳᠤᠤᠷ᠎ᠠ ᠰᠠᠭᠤᠬᠤ ᠪᠤᠶᠤ ᠴᠤᠩᠬᠤ ᠡᠬᠦᠳᠡ ᠪᠠᠨ ᠴᠦᠮ ᠤᠩᠭᠤᠶᠢᠯᠭᠠᠵᠤ ᠰᠠᠭᠤᠳᠠᠭ ᠦᠬᠡᠢ᠂ ᠬᠤᠯᠠᠭᠠᠢ ᠰᠠᠯᠬᠢᠨ ᠳᠤ ᠳᠠᠭᠠᠷᠢᠭᠳᠠᠵᠤ ᠬᠡᠯᠡ ᠠᠮᠠ ᠮᠤᠷᠤᠶᠢᠬᠤ ᠡᠪᠡᠳᠴᠢᠨ ᠳᠤᠰᠤᠨ᠎ᠠ ᠬᠡᠳᠡᠭ᠃        38. ᠠᠶᠤᠩᠭᠠᠳᠤ ᠪᠤᠷᠤᠭᠠᠨ ᠳᠤ ᠬᠠᠭᠠᠯᠭ᠎ᠠ ᠨᠡᠬᠡᠬᠡᠨ ᠡᠬᠦᠳᠡ ᠠᠰᠯᠠᠨ ᠵᠤᠬᠰᠤᠬᠤ᠂ ᠤᠷᠭᠤᠭ᠎ᠠ ᠮᠤᠳᠤᠨ ᠲᠤᠤᠷ᠎ᠡ ᠵᠤᠬᠰᠤᠬᠤ᠂ ᠬᠡᠷᠡᠮ ᠳᠤᠪᠤ ᠳᠡᠬᠡᠷ᠎ᠡ ᠵᠤᠬᠰᠤᠬᠤ᠂ ᠳᠤᠯᠤᠭᠠᠢ ᠨᠢᠴᠦᠬᠦᠨ ᠭᠠᠳᠠᠨ᠎ᠠ ᠭᠠᠷᠬᠤ᠂ ᠭᠠᠷ ᠲᠤ ᠪᠠᠨ ᠳᠡᠮᠦᠷ᠂ ᠭᠠᠤᠯᠢ᠂ ᠵᠡᠰ ᠤᠨ ᠵᠦᠢᠯᠡᠰ ᠢ ᠠᠪᠴᠤ ᠶᠠᠪᠤᠬᠤ ᠠᠴᠠ ᠤᠨᠴᠠ ᠴᠡᠬᠡᠷᠯᠡᠳᠡᠭ᠂ ᠡᠰᠡᠪᠡᠰᠤ ᠳᠡᠭᠷᠢ ᠳᠤ ᠨᠢᠷᠬᠡᠭᠳᠡᠵᠤ᠂ ᠬᠢᠯᠪᠠᠭᠠᠨ ᠳᠤ ᠴᠤᠬᠢᠭᠳᠠᠨ᠎ᠠ ᠬᠡᠳᠡᠭ᠃       39. ᠬᠢᠴᠢᠶᠡᠯ ᠰᠤᠷᠤᠯᠭ᠎ᠠ ᠳᠤ ᠪᠠᠨ ᠬᠡᠷᠡᠭᠯᠡᠬᠦ ᠨᠤᠮ ᠳᠡᠪᠳᠡᠷ ᠪᠤᠶᠤ ᠪᠢᠴᠢᠭ ᠦᠰᠦᠭ ᠲᠠᠢ ᠴᠠᠭᠠᠰᠤᠨ ᠳᠡᠬᠡᠭᠦᠷ ᠠᠯᠬᠤᠯᠠᠵᠤ ᠬᠢᠰᠬᠢᠯᠡᠬᠦ ᠠᠴᠠ ᠴᠡᠬᠡᠷᠯᠡᠳᠡᠭ᠂ ᠨᠤᠮ ᠪᠢᠴᠢᠭ ᠰᠤᠷᠬᠤ ᠦᠬᠡᠢ ᠡᠷᠬᠢᠬᠦᠦ ᠮᠤᠨᠤᠭ ᠪᠤᠯᠤᠨ᠎ᠠ ᠬᠡᠳᠡᠭ᠃        40 ᠡᠯᠢᠬᠡ ᠳᠦᠷᠦᠬᠦᠯᠡᠨ ᠨᠤᠮ ᠪᠢᠴᠢᠭ ᠦᠵᠡᠬᠦ᠂ ᠶᠠᠪᠠᠭᠠᠨ ᠶᠠᠪᠤᠵᠤ ᠪᠠᠶᠢᠬᠤ ᠪᠤᠶᠤ ᠤᠨᠤᠭ᠎ᠠ᠂ ᠳᠡᠷᠭᠡ ᠬᠦᠰᠬᠡᠨ ᠳᠡᠭᠡᠷ᠎ᠡ ᠨᠤᠮ ᠪᠢᠴᠢᠭ ᠱᠠᠭᠠᠶᠢᠬᠤ ᠶᠢ ᠴᠡᠭᠡᠷᠯᠡᠳᠡᠭ᠂ ᠡᠰᠡᠪᠡᠯ ᠨᠢᠳᠤ ᠰᠤᠬᠤᠷᠤᠨ᠎ᠠ ᠬᠡᠳᠡᠭ᠃        41. ᠨᠤᠮ ᠪᠢᠴᠢᠭ ᠪᠤᠶᠤ ᠤᠷᠢᠯᠭ᠎ᠠ ᠶᠢᠨ ᠪᠢᠴᠢᠭ ᠤᠨ ᠳᠤᠯᠤᠭᠠᠢ ᠶᠢ ᠨᠢ ᠬᠦᠮᠦᠨ ᠤ ᠦᠬᠡᠳᠡ ᠬᠠᠨᠳᠤᠭᠤᠯᠵᠤ ᠭᠠᠷᠳᠠᠭᠤᠯᠳᠠᠭ ᠦᠬᠡᠢ᠂ ᠬᠠᠷᠢᠨ ᠤᠩᠰᠢᠬᠤ ᠴᠢᠭᠯᠡᠯ ᠢᠶᠠᠷ ᠨᠢ ᠳᠠᠭᠠᠷᠠᠭᠤᠯᠵᠤ ᠦᠭᠳᠡᠭ᠃ ᠡᠰᠡᠪᠡᠯ ᠶᠤᠰᠤ ᠮᠡᠳᠡᠬᠦ ᠪᠠᠶᠢᠨ᠎ᠠ ᠬᠡᠳᠡᠭ᠃        42. ᠴᠢᠰᠤ ᠲᠠᠢ ᠴᠠᠭᠠᠰᠤ ᠶᠢ ᠢᠯᠡ ᠬᠠᠶᠠᠳᠠᠭ ᠦᠬᠡᠢ᠂ ᠵᠠᠪᠠᠯ ᠪᠤᠯᠠᠵᠤ ᠳᠠᠯᠪᠢᠳᠠᠭ᠃ ᠡᠰᠡᠪᠡᠯ ᠴᠢᠳᠭᠦᠷ ᠬᠤᠪᠢᠯᠤᠨ᠎ᠠ ᠬᠡᠳᠡᠭ᠃        43. ᠬᠠᠭᠠᠨ ᠤ ᠵᠠᠷᠯᠢᠭ ᠢ ᠰᠢᠷ᠎ᠠ ᠪᠠᠷ᠂ ᠳᠠᠷᠨᠢ ᠶᠢ ᠤᠯᠠᠭᠠᠨ ᠢᠶᠠᠷ ᠪᠢᠴᠢᠳᠡᠭ ᠳᠤᠯᠠ ᠵᠠᠬᠢᠳᠠᠯ ᠪᠤᠶᠤ ᠳᠠᠰᠬᠠᠯ ᠪᠤᠯᠪᠠᠰᠤᠷᠠᠯ ᠢᠶᠠᠨ ᠬᠠᠷ᠎ᠠ ᠪᠤᠶᠤ ᠬᠦᠬᠡ ᠪᠤᠳᠤᠭ ᠢᠶᠠᠷ ᠪᠢᠴᠢᠳᠡᠭ᠃        44. ᠭᠠᠯ ᠢ ᠠᠷᠢᠭᠤᠨ ᠪᠠᠶᠢᠯᠭᠠᠬᠤ ᠶᠢ ᠮᠠᠰᠢᠳᠠ ᠡᠷᠬᠢᠮᠯᠠᠨ ᠭᠠᠯ ᠳᠤ ᠰᠤᠩᠬᠢᠨ᠎ᠠ᠂ ᠰᠠᠷᠢᠮᠰᠠᠭ ᠤᠨ ᠬᠠᠯᠢᠰᠤ᠂ ᠰᠢᠪᠠᠭᠤ ᠱᠠᠭᠠᠵᠠᠭᠠᠢ ᠶᠢᠨ ᠦᠳᠤ᠂ ᠨᠤᠬᠠᠢ ᠭᠠᠭ᠋ᠠᠢ ᠶᠢᠨ ᠪᠠᠭᠠᠰᠤ ᠵᠡᠷᠭᠡ ᠪᠤᠵᠠᠷ ᠶᠠᠭᠤᠮᠠᠰ ᠳᠦᠯᠡᠬᠦ ᠶᠢ ᠴᠡᠬᠡᠷᠯᠡᠳᠡᠭ᠃ ᠡᠰᠡ ᠲᠡᠬᠡᠪᠡᠯ ᠮᠠᠯ ᠤᠨ ᠨᠢᠳᠦ ᠰᠤᠬᠤᠷᠠᠨ᠎ᠠ ᠬᠡᠮᠡᠳᠡᠭ᠃        45. ᠦᠭᠡᠯᠵᠢᠨ ᠰᠠᠷ᠎ᠠ ᠶᠢᠨ ᠬᠤᠷᠢᠨ ᠭᠤᠷᠪᠠᠨ ᠠᠴᠠ ᠪᠢᠳᠡᠬᠦᠦ ᠪᠤᠯᠳᠠᠯ᠎ᠠ ᠰᠦᠨᠢ ᠤᠷᠤᠢ ᠭᠠᠳᠠᠨ᠎ᠠ ᠭᠠᠭᠴᠠᠭᠠᠷ ᠶᠠᠪᠤᠬᠤ ᠦᠬᠡᠢ᠂ ᠬᠤᠪᠴᠠᠰᠤ ᠬᠤᠨᠠᠷ ᠢᠶᠠᠨ ᠭᠠᠳᠠᠨ᠎ᠠ ᠤᠷᠬᠢᠵᠤ ᠬᠤᠨᠤᠭᠤᠯᠬᠤ ᠦᠬᠡᠢ ᠪᠠᠶᠢᠳᠠᠭ᠃ ᠡᠰᠡ ᠪᠤᠯ ᠠᠳᠠ ᠴᠢᠳᠭᠦᠷ ᠡᠵᠡᠯᠡᠨ᠎ᠡ ᠭᠡᠳᠡᠭ᠃        46. ᠪᠢᠳᠡᠬᠦᠨ ᠤ ᠰᠦᠨᠢ ᠠᠶᠢᠯ ᠳᠤᠭᠤᠷᠢᠬᠤ᠂ ᠶᠠᠭᠤᠮ᠎ᠠ ᠢᠳᠡᠵᠤ ᠭᠠᠳᠠᠨ᠎ᠠ ᠭᠠᠷᠬᠤ᠂ ᠵᠤᠳᠤᠯᠴᠠᠵᠤ ᠬᠠᠷᠢᠶᠠᠯᠴᠠᠬᠤ᠂ ᠶᠡᠭᠡ ᠪᠠᠭ᠎ᠠ ᠳᠤᠤᠭᠠᠷᠬᠤ ᠶᠢ ᠴᠦᠮ ᠴᠡᠬᠡᠷᠯᠡᠳᠡᠭ᠂ ᠮᠠᠭᠤ ᠢᠷᠸ᠎ᠠ ᠪᠤᠯᠤᠨ᠎ᠠ ᠬᠡᠳᠡᠭ᠃        47. ᠰᠢᠨ᠎ᠠ ᠶᠢᠨ ᠨᠢᠬᠡᠨ ᠳᠤ ᠬᠡᠷᠡᠭᠦᠯ ᠴᠤᠤᠬᠢᠶᠠᠨ ᠬᠢᠬᠦ ᠪᠤᠶᠤ ᠡᠮ ᠳᠠᠩ ᠤᠤᠭᠤᠬᠤ ᠶᠢ ᠴᠡᠭᠡᠷᠯᠡᠳᠡᠭ᠃ ᠡᠰᠡᠪᠡᠯ ᠲᠤᠰ ᠨᠢᠭᠡ ᠵᠢᠯ ᠤᠴᠢᠷ ᠶᠠᠪᠤᠳᠠᠯ ᠤᠷᠤᠭᠰᠢ ᠦᠭᠡᠢ᠂ ᠪᠡᠶ᠎ᠡ ᠮᠠᠬᠠᠪᠤᠳ ᠡᠪᠡᠳᠴᠢᠨ ᠵᠤᠪᠠᠯᠠᠩ ᠳᠤ ᠤᠷᠢᠶᠠᠭᠳᠠᠨ᠎ᠠ ᠭᠡᠳᠡᠭ᠃        48. ᠵᠡᠮᠳᠡᠭ ᠬᠦᠮᠦᠨ ᠢ ᠳᠠᠭᠤᠷᠢᠶᠠᠬᠤ ᠪᠤᠶᠤ ᠡᠯᠡᠭᠯᠡᠵᠤ ᠢᠨᠢᠶᠡᠬᠦ ᠶᠢ ᠶᠡᠬᠡᠳᠡ ᠬᠤᠷᠢᠬᠯᠠᠳᠠᠭ ᠶᠤᠮ᠃ ᠡᠰᠡ ᠪᠤᠯ ᠦᠪᠡᠷ ᠠᠴᠠ ᠴᠢᠨᠢ ᠲᠠᠶᠢᠮᠤ ᠬᠡᠤᠬᠡᠳ ᠭᠠᠷᠤᠨ᠎ᠠ ᠭᠡᠳᠡᠭ᠃        49. ᠦᠬᠡᠷ᠎ᠡ ᠪᠤᠰᠤᠳ ᠢ ᠪᠤᠤ ᠬᠠᠷᠢᠶᠠ᠂ ᠬᠠᠷᠢᠶᠠᠪᠠᠯ ᠬᠡᠯᠡᠨ ᠳᠡᠭᠡᠷ᠎ᠡ ᠨᠢ ᠶᠠᠷ᠎ᠠ ᠭᠠᠷᠤᠨ᠎ᠠ ᠬᠡᠳᠡᠭ᠃        50. ᠠᠳᠡ ᠳᠡᠨᠳᠡ ᠦᠬᠡᠢ ᠨᠦᠬᠡ ᠪᠤᠤ ᠮᠠᠯᠳᠠ᠂ ᠡᠴᠢᠬᠡ ᠡᠬᠡ ᠴᠢᠨᠢ ᠳᠦᠯᠦᠬᠡᠳ ᠳᠠᠭᠤᠰᠤᠰᠢ ᠦᠬᠡᠢ ᠦᠷᠢ ᠯᠠᠷᠢ ᠳᠤ ᠳᠠᠷᠤᠭᠳᠠᠨ᠎ᠠ ᠬᠡᠳᠡᠭ᠃        51.ᠭᠠᠵᠠᠷ ᠢ ᠮᠤᠳᠤ ᠪᠠᠷ ᠰᠢᠪᠬᠠᠳᠠᠬᠤ᠂ ᠳᠠᠰᠢᠭᠤᠷ ᠢᠶᠠᠷ ᠳᠠᠰᠢᠭᠤᠷᠳᠠᠬᠤ᠂ ᠳᠡᠬᠡᠰᠤ ᠪᠠᠷ ᠭᠤᠶᠠᠳᠠᠪᠠᠯ ᠯᠤᠤᠰ ᠠᠭᠤᠷᠯᠠᠨ᠎ᠠ ᠬᠡᠵᠤ ᠴᠡᠬᠡᠷᠯᠡᠳᠡᠭ᠃        ᠮᠤᠩᠭᠤᠯᠴᠤᠳ ᠤᠨ ᠴᠡᠭᠡᠷ ᠶᠤᠰᠤᠨ ᠠᠴᠠ ᠦᠵᠡᠬᠦ ᠳᠤ ︽ᠪᠤᠶᠠᠨ ᠢᠶᠠᠨ ᠪᠠᠷᠠᠨ᠎ᠠ︾᠂ ︽ᠲᠡᠭᠷᠢ ᠪᠤᠷᠤᠭᠤ ᠦᠵᠡᠨ᠎ᠡ︾᠂ ︽ᠨᠢᠭᠦᠯ ᠪᠤᠯᠤᠨ᠎ᠠ︾᠂ ︽ᠶᠠᠷ᠎ᠠ ᠭᠠᠷᠤᠨ᠎ᠠ︾᠂ ︽ᠬᠡᠯᠡᠭᠡᠢ ᠪᠤᠯᠤᠨ᠎ᠠ︾᠂ ︽ᠠᠮᠠᠨ ᠬᠦᠨᠡᠰᠤ ᠪᠠᠨ ᠠᠯᠳᠠᠨ᠎ᠠ︾᠂ ︽ᠢᠷᠸ᠎ᠠ ᠪᠡᠯᠭᠡ ᠦᠭᠡᠢ ᠪᠤᠯᠤᠨ᠎ᠠ︾ ︽ᠤᠬᠠᠭᠠᠨ ᠴᠢᠨᠢ ᠬᠠᠭᠠᠭᠳᠠᠨ᠎ᠠ︾᠂ ︽ᠦᠷᠢ ᠰᠢᠷᠢ ᠳᠤ ᠤᠷᠢᠶᠠᠭᠳᠠᠨ᠎ᠠ︾᠂ ︽ᠦᠢᠯᠠ ᠬᠡᠷᠡᠭ ᠪᠦᠲᠦᠮᠵᠢ ᠠᠯᠳᠠᠷᠠᠨ᠎ᠠ︾᠂ ︽ᠤᠲᠤᠢ ᠪᠤᠯᠤᠨ᠎ᠠ︾᠂ ︽ᠬᠡᠯᠡ ᠠᠮᠠ ᠲᠠᠲᠠᠨ᠎ᠠ︾᠂ ︽ᠬᠤᠯᠠᠭᠠᠢ ᠬᠤᠳᠠᠯᠴᠢ ᠪᠤᠯᠤᠨ᠎ᠠ︾᠂ ︽ᠦᠨᠦᠴᠢᠨ ᠵᠤᠯᠪᠢᠨ ᠲᠠᠭᠠᠷᠢᠨ᠎ᠠ︾᠂ ︽ᠵᠢᠰᠤ ᠡᠪᠳᠡᠷᠡᠨ᠎ᠠ︾᠂ ︽ᠭᠠᠯ ᠤᠨ ᠪᠤᠷᠬᠠᠨ ᠠᠭᠤᠷᠯᠠᠨ᠎ᠠ︾᠂ ︽ᠡᠷᠭᠢᠭᠦᠦ ᠲᠡᠨᠡᠭ ᠪᠤᠯᠴᠢᠬᠠᠨ᠎ᠠ︾᠂ ︽ᠬᠤᠵᠢᠭᠢᠷ ᠬᠠᠯᠵᠠᠨ ᠪᠤᠯᠴᠢᠬᠠᠨ᠎ᠠ︾᠂ ︽ᠨᠢᠰᠤ ᠪᠠᠨ ᠭᠤᠭᠤᠵᠢᠭᠤᠯᠤᠨ᠎ᠠ︾᠂ ︽ᠭᠠᠯ ᠭᠤᠯᠤᠮᠲᠠ ᠬᠠᠷᠠᠯᠠᠨ᠎ᠠ︾᠂ ︽ᠠᠪᠤ ᠡᠵᠢ ᠴᠢᠨᠢ ᠵᠤᠪᠠᠨ᠎ᠠ︾᠂ ︽ᠲᠡᠭᠷᠢ ᠪᠤᠷᠬᠠᠨ ᠠᠭᠤᠷᠯᠠᠨ᠎ᠠ︾ ᠭᠡᠬᠦ ᠮᠡᠲᠤ ᠪᠠᠷ ᠰᠦᠷᠲᠡᠭᠦᠯᠦᠨ ᠴᠡᠭᠡᠷᠯᠡᠭᠦᠯᠬᠦ ᠦᠵᠡᠭᠳᠡᠯ ᠴᠦ ᠨᠠᠶᠢᠲᠠᠮ ᠤᠷᠤᠰᠢᠳᠠᠭ ᠪᠦᠭᠡᠳ ᠠᠯᠢ ᠨᠢᠭᠡ ᠨᠢ ᠴᠦ ᠭᠡᠳ ᠰᠢᠨᠵᠢᠯᠡᠭᠦ ᠤᠬᠠᠭᠠᠨ ᠢᠶᠠᠷ ᠪᠠᠲᠤᠯᠠᠭᠳᠠᠭᠰᠠᠨ ᠦᠭᠡᠢ ᠪᠠᠶᠢᠯ᠎ᠠ ᠴᠦ ᠲᠤᠷᠰᠢᠯᠭ᠎ᠠ ᠬᠤᠷᠠᠮᠳᠤᠭᠤᠯᠭ᠎ᠠ ᠪᠠᠷ ᠨᠤᠲᠠᠯᠠᠭᠳᠠᠭᠰᠠᠨ ᠵᠦᠪ ᠤᠨᠤᠪᠴᠢᠲᠤ ᠲᠠᠯ᠎ᠠ ᠲᠠᠢ ᠮᠦᠷᠲᠡᠭᠡᠨ ᠬᠡᠦᠬᠡᠳ ᠤᠨ ᠠᠮᠢᠳᠤᠷᠠᠬᠤᠢ ᠶᠢᠨ ᠤᠬᠠᠭᠠᠨ᠂ ᠬᠦᠮᠦᠨᠴᠢ ᠴᠢᠨᠠᠷ᠂ ᠠᠮᠤᠷ ᠲᠦᠪᠰᠢᠨ᠂ ᠠᠷᠪᠢᠯᠠᠨ ᠭᠠᠮᠨᠠᠬᠤ᠂ ᠦᠨᠡᠨ ᠶᠤᠰᠤ᠂ ᠬᠢᠴᠢᠶᠡᠯ ᠰᠤᠷᠤᠯᠴᠠᠯᠭ᠎ᠠ᠂ ᠬᠦᠮᠦᠵᠢᠯ ᠪᠤᠯᠪᠠᠰᠤᠷᠠᠯ ᠵᠡᠷᠭᠡ ᠠᠯᠢ ᠨᠢᠭᠡ ᠲᠠᠯ᠎ᠠ ᠎ ᠠᠴᠠ ᠲᠠᠯᠳᠠ ᠦᠢᠯᠡᠴᠢᠯᠡᠵᠤ ᠪᠠᠶᠢᠳᠠᠭ ᠢ ᠮᠤᠩᠭᠤᠯᠴᠤᠳ ᠤᠨ ᠤᠯᠠᠨ ᠵᠠᠭᠤᠨ ᠵᠢᠯ ᠤᠨ ᠲᠤᠷᠰᠢ ᠦᠪᠡᠷ ᠤᠨ ᠬᠡᠰᠡᠨ ᠠᠮᠢᠳᠤᠷᠠᠯ ᠤᠨ ᠤᠷᠲᠤ ᠤᠳᠠᠭᠠᠨ ᠬᠤᠭᠤᠴᠠᠭᠠᠨ ᠤ ᠦᠢᠯᠡᠳᠤᠯᠭᠡ ᠪᠠᠷ ᠲᠠᠮᠵᠢᠨ ᠭᠡᠷᠡᠴᠢᠯᠡᠭᠰᠡᠨ ᠪᠠᠶᠢᠨ᠎ᠠ᠃        ᠡᠪᠦᠭᠡ ᠲᠡᠭᠡᠳᠤᠰ ᠠᠴᠠ ᠮᠠᠨ ᠳᠤ ᠤᠯᠠᠮᠵᠢᠯᠠᠵᠤ ᠦᠯᠡᠳᠡᠭᠡᠭᠰᠡᠨ ᠭᠡᠷ ᠤᠨ ᠰᠤᠷᠭᠠᠯ ᠢᠶᠠᠷ ᠦᠪᠡᠷ ᠤᠨ ᠬᠡᠤᠬᠡᠳ ᠢᠶᠠᠨ ᠰᠤᠷᠭᠠᠵᠤ ᠲᠤᠳᠤᠮᠳᠤᠵᠤ ᠴᠢᠳᠠᠳᠠᠭ ᠲᠤ ᠬᠦᠷᠪᠡᠯ ᠲᠠᠨ ᠤ ᠬᠡᠤᠬᠡᠳ ᠯᠠᠪᠳᠠᠶᠢᠶ᠎ᠠ ᠬᠦᠮᠦᠨ ᠰᠢᠭ ᠬᠦᠮᠦᠨ ᠪᠤᠯᠵᠤ ᠴᠢᠳᠠᠨ᠎ᠠ ᠬᠡᠳᠡᠭ ᠲᠤ ᠡᠷᠡᠭᠡᠯᠵᠡᠭᠰᠡᠨ ᠤ ᠬᠡᠷᠡᠭ ᠠᠯᠠᠭ᠎ᠠ᠃ ᠦᠪᠡᠷ ᠲᠤ ᠪᠠᠨ ᠪᠠᠶᠢᠬᠤ ᠡᠷᠬᠢᠮ ᠰᠤᠶᠤᠯ ᠢᠶᠠᠨ ᠭᠤᠯᠤᠴᠢᠬᠠᠭᠠᠳ ᠦᠷᠦᠭᠡᠯ ᠤᠨ ᠶᠠᠮᠠᠷ ᠶᠠᠭᠤᠮ᠎ᠠ ᠨᠢ ᠪᠢᠳᠠᠨ ᠳᠤ ︽ᠬᠦᠨᠡᠰᠦ︾ ᠪᠤᠯᠬᠤ ᠶᠢ ᠪᠢ ᠢᠳᠡᠭᠡᠵᠤ ᠴᠢᠳᠠᠬᠤ ᠦᠭᠡᠢ ᠪᠠᠶᠢᠨ᠎ᠠ᠃ ᠦᠨᠦᠳᠦᠷ ‍ᠤᠨ‌ᠡᠴᠢᠭᠡ ᠡᠬᠡᠴᠤᠤᠯ ᠭᠠᠭᠴᠠ ᠬᠤᠶᠠᠷᠬᠠᠨ ᠬᠡᠤᠬᠡᠳ ᠢᠶᠠᠨ ᠬᠠᠶᠢᠷ᠎ᠠ ᠬᠠᠯᠠᠮᠵᠢ ᠪᠠᠷ ᠬᠡᠲᠤᠷᠬᠡᠶᠢᠯᠡᠵᠤ᠂ ᠬᠡᠦᠬᠡᠳ ᠤᠨ ᠠᠭᠠᠰᠢ ᠠᠷᠠᠨᠰᠢᠨ ᠢ ᠡᠪᠳᠡᠵᠤ᠂ ᠪᠤᠯᠤᠮᠠᠷᠬᠠᠨ ᠰᠢᠭ᠋ ᠰᠤᠷᠳᠠᠭ ᠮᠦᠷᠲᠡᠭᠡᠨ ᠵᠦᠭᠡᠷᠬᠡᠨ ᠰᠢᠭ ᠢᠷᠡᠭᠡᠳᠤᠢ ᠲᠠᠢ ᠬᠡᠦᠬᠡᠳ ᠢᠶᠠᠨ ᠪᠦᠲᠦᠯ ᠦᠭᠡᠶᠢᠳᠡᠭᠦᠯᠦᠭᠰᠡᠨ ᠵᠢᠱᠢᠶ᠎ᠡ ᠬᠠᠵᠠᠭᠤ ᠬᠠᠪᠢ ᠳᠤ ᠬᠤᠪᠤᠷ ᠪᠤᠰᠤ ᠪᠠᠶᠢᠭ᠎ᠠ ᠶᠢ ᠪᠢᠳᠠ ᠵᠠᠪᠠᠯ ᠮᠡᠳᠡᠷᠡᠨ ᠲᠠᠨᠢᠵᠤ ᠰᠤᠷᠭᠠᠮᠵᠢ ᠪᠤᠯᠭᠠᠬᠤ ᠬᠡᠷᠡᠭᠳᠡᠢ᠃ ᠪᠡᠶ᠎ᠡ ᠪᠡᠶ᠎ᠡ ᠳᠤ ᠪᠠᠨ ᠬᠠᠨᠢ ᠲᠦᠰᠢᠭ ᠪᠤᠯᠵᠤ ᠶᠠᠪᠤᠬᠤ ᠬᠠᠮᠳᠤᠴᠢ ᠦᠵᠡᠯ᠂ ᠨᠢᠭᠡ ᠨᠢᠭᠡᠨ ᠳᠤ ᠪᠠᠨ ᠲᠤᠰᠠ ᠳᠡᠮ ᠦᠵᠡᠭᠦᠯᠵᠤ ᠠᠮᠢᠳᠤᠷᠠᠬᠤ ᠦᠭᠭᠢᠶᠡᠮᠦᠷᠴᠢ ᠠᠷᠠᠨᠰᠢᠨ᠂ ᠬᠡᠨ ᠬᠡᠨ ᠤ ᠬᠢ ᠰᠠᠶᠢᠬᠠᠨ ᠢ ᠦᠵᠡᠬᠦ ᠴᠠᠶᠢᠯᠠᠭᠠᠨ ᠴᠠᠭᠠᠨ ᠰᠡᠳᠬᠢᠯ᠂ ᠤᠳᠤ ᠶᠢᠨ ᠬᠦᠮᠦᠨ ᠳᠤ ᠲᠤᠩ ᠴᠤ ᠤᠮᠳᠤᠭᠠᠶᠢᠯᠠᠭᠳᠠᠵᠤ᠂ ᠬᠠᠷᠢᠨ ᠵᠤᠭᠤᠰ ᠲᠠᠢ ᠯᠠ ᠶᠤᠮ ᠪᠤᠯ ᠪᠦᠳᠦᠬᠦ ᠦᠭᠡᠢ ᠶᠠᠭᠤᠮ᠎ᠠ ᠦᠬᠡᠢ ᠬᠡᠰᠡᠨ ᠡᠷᠡᠮᠳᠡᠭ ᠰᠡᠳᠬᠢᠴᠠ ᠭᠠᠵᠠᠷ ᠡᠵᠡᠯᠡᠵᠤ ᠪᠠᠶᠢᠭ᠎ᠠ ᠡᠨᠡ ᠡᠷᠢᠨ ᠳᠤ ᠮᠤᠩᠭᠤᠯ ᠤᠨ ᠤᠯᠠᠮᠵᠢᠯᠠᠯᠲᠤ ᠴᠡᠭᠡᠷ ᠶᠤᠰᠤᠨ ᠢᠶᠠᠷ ᠬᠡᠦᠬᠡᠳ ᠢᠶᠠᠨ ᠰᠤᠷᠭᠠᠨ ᠬᠦᠮᠦᠵᠢᠭᠦᠯᠬᠦ ᠠᠷᠭ᠎ᠠ ᠮᠠᠰᠢ ᠠᠴᠢ ᠲᠤᠰᠠᠲᠠᠢ ᠪᠤᠯᠬᠤ ᠶᠢ ᠦᠨᠡᠮᠰᠢᠳᠦᠭᠡᠢ᠂ ᠪᠢᠰᠢᠷᠡᠳᠦᠭᠡᠢ︕  
 
ᠢᠷᠡᠯᠲᠡ᠄ ᠳᠤᠮᠳᠠᠳᠤ ᠤᠯᠤᠰ ᠤᠨ ᠮᠤᠩᠭᠤᠯ ᠭᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号