ᠠᠩᠭ᠍ᠯᠢ ᠬᠡᠯᠡᠨ ᠤ ᠲᠠᠩ ᠥᠭᠡᠰ ᠢ ᠡᠵᠡᠮᠰᠢᠬᠦᠯᠬᠦ ᠲᠤᠬᠠᠢ ᠦᠬᠦᠯᠡᠬᠦ ᠨᠢ
ᠨᠡᠶᠢᠲᠡᠯᠡᠭᠰᠡᠨ ᠴᠠᠭ᠄
2014/12/9
       ᠠᠩᠭ᠍ᠯᠢ ᠬᠡᠯᠡ ᠨᠢ ᠪᠥᠬᠦ ᠲᠡᠯᠡᠬᠡᠢ ᠶᠢᠨ ᠬᠠᠮᠤᠭ ᠤᠨ ᠥᠷᠭᠡᠨ ᠬᠡᠷᠡᠭᠯᠡᠭᠳᠡᠵᠣ ᠪᠠᠶᠢᠭ᠎ᠠ ᠬᠡᠯᠡ ᠪᠣᠯᠣᠭᠰᠡᠨ ᠤ ᠬᠤᠪᠢ ᠳᠤ ᠣᠯᠡᠨ ᠣᠯᠣᠰ ᠤᠨ ᠶᠠᠪᠣᠯᠴᠠᠭ᠎ᠠ ᠬᠢᠭᠡᠳ ᠰᠢᠨᠵᠢᠯᠡᠭᠡ ᠮᠡᠷᠭᠡᠵᠢᠯ ᠰᠣᠶᠣᠯ ᠤᠨ ᠰᠣᠯᠢᠯᠴᠠᠭ᠎ᠠ ᠶᠢᠨ ᠴᠢᠬᠤᠯᠨ ᠪᠠᠭᠠᠵᠢ ᠪᠣᠯᠣᠭᠰᠡᠨ ᠪᠠᠶᠢᠨ᠎ᠠ᠃ ᠠᠩᠭ᠍ᠯᠢ ᠬᠡᠯᠨ ᠶᠢ ᠰᠠᠶᠢᠨ ᠰᠣᠷᠬᠤ ᠨᠢ ᠣᠳᠣᠬᠢ ᠨᠡᠶᠢᠭᠡᠮ ᠤᠨ ᠬᠥᠭᠵᠢᠯᠳᠡ ᠶᠢᠨ ᠱᠠᠭᠠᠷᠳᠡᠯᠭ᠎ᠠ ᠪᠣᠯᠣᠨ᠎ᠠ᠃ ᠠᠩᠭ᠍ᠯᠢ ᠬᠡᠯᠡᠨ ᠤ ᠵᠢᠭᠠᠨ ᠰᠣᠷᠭᠠᠯᠳᠠ ᠳᠤ ᠲᠠᠩ ᠥᠭᠡ ᠶᠢᠨ ᠰᠣᠷᠣᠯᠴᠡᠯᠭ᠎ᠠ ᠨᠢ ᠶᠠᠭ ᠯᠡ ᠥᠨᠳᠤᠷ ᠰᠥᠷᠯᠢᠭ ᠠᠰᠠᠷ ᠲᠠᠬᠳᠤ ᠨᠢ ᠨᠢᠭᠡ ᠨᠢᠭᠡ ᠲᠤᠭᠤᠰᠬ᠎ᠠ ᠪᠠᠷ ᠥᠷᠥᠭᠳᠡᠨ ᠪᠤᠰᠬᠠᠬᠳᠠᠬᠤ ᠲᠠᠢ ᠡᠭᠡᠭᠡ ᠠᠳᠠᠯᠢᠬᠠᠨ ᠤᠴᠢᠷ᠃ ᠡᠶᠢᠮᠤ ᠠᠴᠠ ᠵᠣᠬᠢᠬᠤ ᠬᠡᠮᠵᠢᠶᠡᠨ ᠤ ᠲᠠᠩ ᠥᠭᠡᠰ ᠤᠨ ᠡᠵᠡᠮᠰᠢᠯ ᠪᠠᠶᠢᠬᠤ ᠨᠢ ᠠᠩᠭ᠍ᠯᠢ ᠬᠡᠯᠨ ᠶᠢ ᠣᠷᠣᠭᠰᠢᠳᠠᠢ ᠰᠣᠷᠬᠤ ᠶᠢᠨ ᠣᠷᠢᠳᠡᠯ ᠨᠦᠭᠦᠴᠡᠯ ᠪᠠ ᠰᠠᠭᠤᠷᠢ ᠪᠤᠯᠵᠤ ᠴᠢᠳᠠᠨ᠎ᠠ᠃ ᠰᠣᠨᠣᠰᠬᠤ᠂ ᠶᠠᠷᠢᠬᠤ᠂ ᠣᠩᠰᠢᠬᠤ᠂ ᠪᠢᠴᠢᠬᠦ ᠵᠡᠷᠭᠡ ᠲᠥᠷᠪᠡᠨ ᠴᠢᠳᠠᠪᠣᠷᠢ ᠶᠢ ᠬᠥᠮᠣᠵᠢᠭᠦᠯᠬᠦ ᠳᠤ ᠠᠯᠢ ᠨᠢ ᠴᠦ ᠲᠠᠩ ᠥᠭᠡᠰ ᠤᠨ ᠰᠣᠷᠣᠯᠴᠡᠯᠭ᠎ᠠ ᠠᠴᠠ ᠰᠠᠯᠵᠣ ᠴᠢᠳᠠᠬᠤ ᠦᠭᠡᠢ ᠶᠤᠮ᠃ ᠡᠶᠢᠮᠣ ᠠᠴᠠ ᠮᠣᠩᠭᠤᠯ ᠰᠣᠷᠣᠭᠴᠢᠳ ᠤᠨ ᠠᠩᠭ᠍ᠯᠢ ᠬᠡᠯᠡᠨ ᠤ ᠲᠠᠩ ᠥᠭᠡᠰ ᠢ ᠬᠡᠷᠬᠢᠨ ᠰᠣᠷᠴᠣ ᠡᠵᠡᠮᠰᠢᠬᠦ ᠲᠣᠬᠠᠢ ᠰᠢᠨᠵᠢᠯᠡᠨ ᠰᠣᠳᠣᠯᠬᠤ ᠨᠢ ᠠᠩᠭ᠍ᠯᠢ ᠬᠡᠯᠡᠨ ᠤ ᠪᠠᠭᠰᠢ ᠨᠠᠷ ᠤᠨ ᠰᠣᠳᠣᠯᠵᠣ ᠰᠢᠨᠵᠢᠯᠠᠬᠦ ᠥᠨ᠎ᠡ ᠥᠷᠳᠡᠭ ᠲᠠᠢ ᠠᠵᠢᠯᠯᠠᠭ᠎ᠠ ᠪᠣᠯᠣᠨ᠎ᠠ᠃ ᠲᠣᠣᠷ᠎ᠠ ᠪᠢ ᠥᠪᠡᠷ ᠤᠨ ᠵᠢᠭᠠᠨ ᠰᠣᠷᠭᠠᠯᠳᠠ ᠲᠣᠮᠳᠠ ᠪᠠᠨ ᠬᠡᠷᠡᠭᠯᠡᠵᠣ ᠪᠠᠶᠢᠭ᠎ᠠ ᠪᠤᠳᠠᠳᠤ ᠠᠷᠭ᠎ᠠ ᠠᠪᠴᠡᠯ ᠠᠴᠠ ᠪᠠᠨ ᠲᠥᠬᠦᠮᠭᠡᠨ ᠶᠠᠷᠢᠶ᠎ᠠ᠃        ᠨᠢᠭᠡ᠂ 26 ᠴᠠᠭᠠᠨ ᠲᠣᠯᠣᠭᠠᠢ ᠶᠢ ᠰᠠᠶᠢᠳᠣᠷ ᠡᠵᠡᠮᠰᠢᠬᠦᠯᠥᠭᠰᠡᠨ ᠰᠠᠭᠤᠷᠢᠨ ᠲᠡᠭᠡᠷ᠎ᠡ ᠲᠥᠭᠦᠮ ᠲᠠᠩ ᠥᠭᠡᠰ ᠠᠴᠠ ᠭᠠᠷᠳᠡᠵᠣ ᠵᠢᠭᠠᠬᠤ ᠬᠡᠷᠡᠭᠳᠠᠢ       ᠠᠩᠭ᠍ᠯᠢ ᠬᠡᠯᠡᠨ ᠤ ᠲᠠᠩ ᠥᠭᠡ ᠨᠢ ᠮᠣᠩᠭᠤᠯ ᠥᠰᠦᠭ ᠲᠠᠢ ᠠᠳᠠᠯᠢ ᠴᠥᠮ ᠴᠠᠭᠠᠨ ᠲᠣᠯᠣᠭᠠᠢ ᠪᠠᠷ ᠨᠡᠶᠢᠯᠡᠨ ᠪᠥᠳᠦᠭᠰᠡᠨ ᠪᠠᠶᠢᠳᠠᠬ᠃ ᠡᠶᠢᠮᠣ ᠠᠴᠠ ᠶᠠᠭᠤᠨ ᠤ ᠣᠷᠢᠳ 26 ᠴᠠᠭᠠᠨ ᠲᠣᠯᠣᠭᠠᠢ ᠶᠢᠨ ᠲᠣᠮᠣ ᠪᠠᠭ᠎ᠠ ᠪᠢᠴᠢᠯᠭᠡ ᠪᠠ ᠣᠩᠰᠢᠯᠭ᠎ᠠ ᠶᠢ ᠡᠵᠡᠮᠰᠢᠭᠰᠡᠨ ᠪᠠᠶᠢᠬᠤ ᠬᠡᠷᠡᠭᠳᠠᠢ᠃ ᠡᠭᠦᠨ ᠤ ᠪᠠᠨ ᠰᠠᠭᠤᠷᠢᠨ ᠲᠡᠭᠡᠷ᠎ᠡ ᠲᠥᠭᠦᠮ ᠲᠠᠩ ᠥᠭᠡᠰ ᠢ ᠵᠢᠭᠠᠨ᠎ᠠ᠃ ᠠᠩᠭ᠍ᠯᠢ ᠬᠡᠯᠡᠨ ᠤ ᠲᠠᠩ ᠥᠭᠡᠰ ᠢ ᠨᠢᠭᠡ ᠥᠶᠡᠳᠣ ᠥᠭᠡ᠂ ᠬᠤᠶᠠᠷ ᠥᠶᠡᠳᠣ ᠥᠭᠡ ᠪᠠ ᠣᠯᠡᠨ ᠥᠶᠡᠳᠣ ᠥᠭᠡ ᠭᠡᠵᠣ ᠬᠤᠪᠢᠶᠠᠵᠣ᠂ ᠨᠢᠭᠡ ᠥᠶᠡᠳᠣ ᠥᠭᠡᠰ ᠢ ᠨᠢ ᠲᠥᠬᠦᠮ ᠲᠠᠩ ᠥᠭᠡᠰ ᠭᠡᠵᠣ ᠬᠡᠯᠡᠵᠣ ᠪᠣᠯᠣᠨ᠎ᠠ᠃ ᠭᠤᠷᠪᠠᠳᠣᠭᠠᠷ ᠣᠨ ᠤ ᠬᠤᠭᠤᠴᠠᠭᠠᠨ ᠳᠤ ᠬᠢᠴᠢᠶᠡᠯ ᠤᠨ ᠪᠢᠴᠢᠭ ᠢ ᠥᠨᠳᠣᠰᠣᠯᠡᠨ ᠲᠥᠭᠦᠮ ᠲᠠᠩ ᠥᠭᠡᠰ ᠢ ᠲᠥᠷᠣᠯ ᠬᠤᠪᠢᠶᠠᠵᠣ ᠠᠩᠬᠢᠯᠡᠨ᠂ ᠲᠠᠭᠤᠣ ᠰᠢᠯᠦᠭ ᠬᠠᠪᠰᠣᠷᠭᠠᠨ ᠴᠡᠭᠡᠵᠢᠯᠡᠬᠦᠯᠪᠠᠯ ᠰᠤᠷᠬᠤ ᠢᠳᠡᠪᠬᠢᠵᠢᠯ ᠢ ᠥᠨᠳᠤᠷᠵᠢᠬᠦᠯᠵᠤ ᠴᠢᠳᠠᠳᠠᠭ ᠠᠰᠢᠭᠳᠠᠢ ᠠᠷᠭ᠎ᠠ ᠪᠤᠯᠤᠨ᠎ᠠ᠃ ᠵᠢᠱᠢᠶᠡᠯᠡᠪᠡᠯ᠄ Head , shoulders , knees and toes , ears and mouth and eyes and noses . Head , shoulders , knees and toes , knees and toes , knees and toes . ᠭᠡᠬᠦ ᠲᠠᠭᠤᠣ ᠪᠣᠶᠣ Touch your ᠁ ᠭᠡᠬᠦ ᠲᠣᠭᠯᠠᠭᠠᠮ ᠤᠨ ᠠᠷᠭ᠎ᠠ ᠪᠠᠷ ᠲᠠᠩ ᠥᠭᠡᠰ ᠢ ᠡᠵᠡᠮᠰᠢᠭᠦᠯᠵᠣ ᠪᠣᠯᠣᠨ᠎ᠠ᠃        ᠬᠤᠶᠠᠷ᠂ ᠣᠯᠡᠨ ᠥᠶᠡᠳᠣ ᠲᠠᠩ ᠥᠭᠡᠰ ᠢ ᠥᠶ᠎ᠡ ᠪᠠᠷ ᠰᠠᠯᠭᠠᠨ ᠥᠶᠡᠴᠢᠯᠡᠨ ᠵᠢᠭᠠᠬᠤ ᠬᠡᠷᠡᠭᠳᠠᠢ       ᠣᠯᠡᠨ ᠥᠶᠡᠳᠣ ᠲᠠᠩ ᠥᠭᠡᠰ ᠢ ᠥᠶ᠎ᠡ ᠰᠠᠯᠭᠠᠨ ᠥᠶᠡᠴᠢᠯᠡᠨ ᠵᠢᠭᠠᠬᠤ ᠨᠢ ᠰᠣᠷᠣᠭᠴᠢᠳ ᠲᠤ ᠠᠮᠡᠷᠬᠠᠨ ᠡᠵᠡᠮᠰᠢᠭᠳᠡᠳᠡᠭ᠃ ᠶᠠᠭ ᠬᠤᠯᠨ ᠬᠥᠶᠣᠬᠦ ᠣᠷᠣᠯᠳᠣᠭᠠᠨ ᠳᠤ ᠣᠷᠣᠯᠴᠠᠬᠤ ᠲᠠᠢ ᠠᠳᠠᠯᠢ ᠶᠤᠮ᠃ ᠨᠢᠭᠡ ᠯᠨ ᠬᠡᠪ ᠢᠶᠠᠷ ᠡᠴᠣᠰ ᠤᠨ ᠴᠡᠭ ᠢ ᠴᠢᠭᠯᠡᠵᠣ ᠬᠥᠶᠣᠬᠦ ᠨᠢ ᠲᠠᠮᠢᠷᠴᠢᠳ ᠤᠨ ᠪᠡᠶ᠎ᠡ ᠰᠡᠳᠬᠢᠴᠨ ᠳᠤ ᠶᠠᠳᠠᠷᠠᠭ᠎ᠠ ᠲᠠᠢ ᠰᠠᠨᠠᠭᠳᠡᠨ ᠵᠣᠷᠢᠭ ᠨᠢ ᠠᠮᠡᠷᠬᠠᠨ ᠮᠣᠬᠤᠳᠠᠭ ᠶᠤᠮ᠃ ᠬᠠᠷᠢᠨ ᠰᠢᠯᠢᠳᠡᠭ ᠲᠠᠮᠢᠷᠴᠢᠳ ᠪᠣᠯ ᠬᠤᠯᠨ ᠬᠥᠶᠣᠬᠦ ᠵᠠᠢ ᠪᠠᠨ ᠡᠬᠢᠯᠡᠵᠣ ᠬᠥᠶᠣᠬᠦ ᠭᠡᠰᠡᠭ᠂ ᠲᠣᠮᠳᠠ ᠬᠥᠶᠣᠬᠦ ᠭᠡᠰᠡᠭ᠂ ᠡᠴᠣᠰ ᠤᠨ ᠬᠥᠶᠣᠬᠦ ᠭᠡᠰᠡᠭ ᠭᠡᠵᠣ ᠬᠡᠰᠡᠭᠯᠡᠨ ᠬᠤᠪᠢᠶᠠᠵᠣ᠂ ᠲᠠᠮᠢᠷᠴᠢᠨ ᠰᠡᠳᠬᠢᠯ ᠤᠨ ᠲᠠᠷᠣᠭᠠᠰᠣ ᠦᠭᠡᠢ ᠪᠠᠷ ᠠᠯᠢ ᠭᠡᠰᠡᠭ ᠢ ᠨᠢ ᠶᠠᠭᠠᠬᠢᠵᠣ ᠬᠥᠶᠣᠬᠦ ᠪᠠᠨ ᠲᠣᠳᠣᠷᠬᠠᠢ ᠪᠠᠶᠢᠷᠢᠰᠢᠭᠤᠯᠣᠭᠰᠡᠨ ᠠᠴᠠ ᠥᠪᠡᠷ ᠤᠨ ᠬᠥᠴᠣ ᠲᠠᠮᠢᠷ ᠢᠶᠠᠨ ᠡᠵᠡᠮᠳᠡᠵᠣ᠂ ᠡᠴᠣᠰ ᠤᠨ ᠴᠡᠭ ᠲᠤ ᠢᠯᠡᠯᠳᠠ ᠲᠠᠢ ᠪᠠᠷ ᠬᠥᠷᠴᠣ ᠴᠢᠳᠡᠳᠠᠬ᠃ ᠵᠢᠱᠢᠶᠡᠯᠡᠪᠡᠯ᠂ ᠪᠠᠭ᠎ᠠ ᠰᠣᠷᠭᠠᠭᠤᠯᠢ ᠶᠢᠨ ᠲᠡᠭᠡᠷ᠎ᠡ ᠣᠨ ᠤ ᠰᠣᠷᠣᠭᠴᠢᠳ ᠲᠤ᠄ yesterday ᠢ yes - ter - day᠂ hamburger ᠢ ham - bur - ger᠂ conditioner ᠢ con - di - tion - er ᠭᠡᠵᠣ ᠥᠶᠡᠴᠢᠯᠡᠨ ᠵᠢᠭᠠᠬᠤ ᠨᠢ ᠰᠣᠷᠣᠭᠴᠢᠳ ᠤᠨ ᠣᠩᠰᠢᠯᠭ᠎ᠠ ᠪᠠ ᠪᠢᠴᠢᠯᠭᠡ ᠳᠤ ᠴᠥᠮ ᠬᠠᠪᠰᠣᠷᠣᠮᠵᠢ ᠲᠠᠢ ᠶᠤᠮ᠃       ᠭᠤᠷᠪᠠ᠂ ᠠᠮᠢᠳᠣᠷᠡᠯ ᠲᠣᠮᠳᠠ ᠥᠷᠭᠦᠯᠵᠢ ᠬᠡᠷᠡᠭᠯᠡᠭᠳᠡᠵᠦ ᠪᠠᠶᠢᠭ᠎ᠠ ᠠᠩᠭ᠍ᠯᠢ ᠬᠡᠯᠡᠨ ᠤ ᠲᠠᠩ ᠥᠭᠡᠰ ᠢ ᠰᠣᠷᠣᠭᠴᠢᠳ ᠲᠤ ᠮᠡᠳᠡᠭᠦᠯᠬᠦ ᠬᠡᠷᠡᠭᠲᠠᠢ       ᠠᠩᠬ᠎ᠠ ᠡᠬᠢᠯᠡᠵᠣ ᠠᠩᠭ᠍ᠯᠢ ᠬᠡᠯᠨ ᠰᠣᠷᠴᠣ ᠪᠠᠶᠢᠭ᠎ᠠ ᠰᠣᠷᠣᠭᠴᠢᠳ ᠠᠩᠭ᠍ᠯᠢ ᠬᠡᠯᠡᠨ ᠳᠤ ᠰᠣᠨᠢᠭᠤᠴᠢ ᠰᠠᠳᠬᠢᠯᠭᠡ ᠲᠠᠢ ᠪᠥᠭᠡᠳ ᠪᠠᠰᠨ ᠣᠶᠢᠯᠠᠭᠠᠭᠳᠡᠰᠢ ᠦᠭᠡᠢ ᠬᠥᠴᠢᠷ ᠲᠠᠢ ᠰᠢᠭ ᠰᠠᠨᠠᠭᠳᠠᠳᠠᠭ᠃ ᠴᠥᠬᠡᠨ ᠲᠣᠭᠠᠨ ᠤ ᠠᠩᠭ᠍ᠯᠢ ᠬᠡᠯᠨ ᠶᠢ ᠪᠢᠳᠡ ᠡᠳᠣᠷ ᠲᠣᠳᠣᠮ ᠤᠨ ᠠᠮᠢᠳᠣᠷᠡᠯ ᠲᠣᠮᠳᠠ ᠪᠠᠨ ᠨᠢᠭᠡᠨᠳᠡ ᠬᠡᠷᠡᠭᠯᠡᠵᠣ ᠪᠠᠶᠢᠬᠤ ᠶᠢ ᠮᠡᠳᠡᠭᠦᠯᠬᠦ ᠨᠢ ᠰᠣᠷᠣᠭᠴᠢᠳ ᠲᠤ ᠠᠩᠭ᠍ᠯᠢ ᠬᠡᠯᠨ ᠰᠣᠷᠣᠯᠴᠠᠬᠤ ᠢᠳᠡᠭᠡᠯ ᠵᠣᠷᠢᠭ ᠣᠯᠭᠤᠳᠠᠭ᠃ ᠵᠢᠱᠢᠶᠡᠯᠡᠪᠡᠯ᠄ ᠨᠠᠶᠢᠵᠨ ᠨᠥᠭᠦᠳ ᠲᠠᠢ ᠪᠠᠨ ᠠᠭᠤᠯᠵᠠᠬᠤ ᠥᠶ᠎ᠡ ᠳᠤ ︽Hi᠂ hello︾ ᠭᠡᠵᠣ ᠮᠡᠨᠳᠣᠴᠢᠯᠡᠬᠦ᠂ ᠣᠴᠠᠷᠠᠵᠣ ᠰᠠᠯᠬᠤ ᠳᠠᠭᠠᠨ bye bye ᠭᠡᠵᠣ ᠬᠡᠯᠡᠬᠦ᠂ Yes , No ᠪᠠᠷ ᠪᠣᠯᠬᠤ ᠪᠣᠯᠬᠤ ᠦᠭᠡᠢ ᠶᠢ ᠢᠯᠡᠳᠭᠡᠬᠦ᠂ ᠣᠰᠣᠯ ᠬᠥᠯᠢᠶᠡᠬᠦ ᠳᠡᠭᠡᠨ sorry ᠭᠡᠵᠣ᠂ thank you ᠪᠠᠷ ᠲᠠᠯᠡᠷᠬᠠᠯ ᠢᠶᠠᠨ ᠢᠯᠡᠳᠭᠡᠨ᠂ OK ᠭᠡᠵᠣ ᠵᠥᠪᠰᠢᠶᠡᠷᠡᠳᠡᠭ᠃ mom ᠮᠥᠮᠣ᠂ ᠪᠠᠨᠠᠨᠠ banana᠂ ᠮᠠᠰᠢᠨ machine᠂ ᠱᠠᠹᠡ sofa , hamburger ,chocolate ᠁ ᠵᠡᠷᠭᠡ ᠶᠢ ᠲᠡᠷᠡ ᠶᠠᠩᠵᠣ ᠪᠠᠷ ᠨᠢ ᠬᠡᠷᠡᠭᠯᠡᠵᠣ ᠪᠣᠢ᠃       ᠠᠩᠭ᠍ᠯᠢ ᠬᠡᠯᠨ ᠨᠢ ᠮᠣᠩᠭᠤᠯ ᠬᠡᠯᠨ ᠪᠠ ᠬᠢᠳᠡᠳ ᠬᠡᠯᠨ ᠲᠠᠢ ᠠᠳᠠᠯᠢ ᠪᠠᠷ ᠢᠵᠢᠯ ᠣᠳᠬ᠎ᠠ ᠲᠠᠢ ᠥᠭᠡ᠂ ᠡᠰᠡᠷᠭᠦ ᠣᠳᠬ᠎ᠠ ᠲᠠᠢ ᠥᠭᠡ᠂ ᠣᠯᠡᠨ ᠣᠳᠬ᠎ᠠ ᠲᠠᠢ ᠥᠭᠡ᠂ ᠲᠥᠷᠰᠣ ᠣᠶᠢᠷᠡᠯᠴᠠᠭ᠎ᠠ ᠥᠭᠡ ᠪᠠ ᠲᠠᠭᠤᠳᠡᠯᠭ᠎ᠠ ᠢᠵᠢᠯ ᠥᠭᠡ ᠪᠠᠶᠢᠳᠠᠬ᠃       ᠡᠰᠡᠷᠬᠦ ᠣᠳᠬ᠎ᠠ ᠲᠠᠢ ᠥᠭᠡ ᠪᠠᠷ ᠨᠢ ᠴᠡᠭᠡᠵᠢᠯᠡᠬᠦ᠂ tall - short , big - small , fast - slow , good - bad , thick - thin , hot - cold ᠭᠡᠬᠦ ᠵᠡᠷᠭᠡ᠃       ᠢᠵᠢᠯ ᠣᠳᠬ᠎ᠠ ᠲᠠᠢ ᠥᠭᠡ ᠪᠠᠷ ᠨᠢ ᠴᠡᠭᠡᠵᠢᠯᠡᠬᠦ᠂ good idea - great - ok - all right , good - fine - well , see - look at - watch ᠭᠡᠬᠦ ᠵᠡᠷᠭᠡ᠃       ᠣᠯᠡᠨ ᠣᠳᠬ᠎ᠠ ᠲᠠᠢ ᠥᠭᠡᠰ ᠢ ᠠᠩᠬᠠᠷᠣᠨ ᠵᠢᠭᠠᠬᠤ᠂ watch ᠥᠵᠡᠬᠦ - watch ᠭᠠᠷ ᠴᠠᠭ᠂ well ᠬᠤᠳᠳᠤᠭ - well ᠰᠠᠶᠢᠨ᠂ orange ᠣᠯᠠᠪᠢᠷ ᠰᠢᠷ᠎ᠠ ᠥᠩᠭᠡ - orange ᠵᠥᠷᠵᠢ ᠬᠡᠬᠦ ᠵᠡᠷᠭᠡ᠃        ᠲᠠᠭᠤᠳᠡᠯᠭ᠎ᠠ ᠢᠵᠢᠯ᠂ ᠣᠳᠬ᠎ᠠ ᠪᠢᠴᠢᠯᠭᠡ ᠣᠨᠳᠣᠣ ᠥᠭᠡᠰ ᠢ ᠠᠩᠬᠠᠷᠣᠨ ᠬᠤᠯᠪᠣᠨ ᠪᠣᠳᠣᠵᠣ ᠵᠢᠭᠠᠬᠤ᠂ sun ᠨᠠᠷᠠ - son ᠬᠥᠣ᠂ right ᠪᠠᠷᠠᠭᠤᠨ ᠲᠠᠯ᠎ᠠ - write ᠪᠢᠴᠢᠬᠦ᠂ I ᠪᠢ - eye ᠨᠢᠳᠣ᠂ too ᠪᠠᠰᠠ - two ᠬᠤᠶᠠᠷ᠂ their ᠲᠡᠳᠡᠨ ᠤ - there ᠲᠡᠨᠳᠡ ᠭᠡᠬᠦ ᠵᠡᠷᠭᠡ᠃ ᠪᠢᠴᠢᠯᠭᠡ ᠣᠶᠢᠷᠡᠯᠴᠠᠭ᠎ᠠ ᠥᠭᠡᠰ ᠢ ᠠᠩᠬᠠᠷᠣᠨ ᠵᠢᠭᠠᠬᠤ᠂ food-foot᠂ boy-toy᠂ ten-pen ᠭᠡᠬᠦ ᠵᠡᠷᠭᠡ᠃        ᠲᠦᠷᠪᠡ᠂ ᠨᠡᠶᠢᠯᠡᠮᠡᠯ ᠥᠭᠡ ᠵᠢᠭᠠᠬᠤ ᠳᠠᠭᠠᠨ ᠬᠡᠳᠣ ᠬᠡᠳᠣᠨ ᠲᠠᠩ ᠥᠭᠡᠨ ᠤ ᠣᠳᠬ᠎ᠠ ᠶᠢ ᠣᠶᠢᠯᠠᠭᠠᠨ ᠴᠡᠭᠡᠵᠢᠯᠡᠬᠦ ᠬᠡᠷᠡᠭᠲᠠᠢ       ᠮᠣᠩᠭᠤᠯ ᠬᠡᠯᠨ ᠲᠠᠢ ᠠᠳᠠᠯᠢ ᠪᠠᠷ ᠠᠩᠭ᠍ᠯᠢ ᠬᠡᠯᠨ ᠨᠢ ᠪᠠᠰᠠ ᠨᠡᠶᠢᠯᠡᠮᠡᠯ ᠥᠭᠡ ᠪᠥᠳᠣᠭᠡᠬᠦ ᠠᠷᠭ᠎ᠠ ᠪᠠᠶᠢᠳᠠᠭ᠃ ᠵᠢᠱᠢᠶᠡᠯᠡᠪᠡᠯ᠄ home ︵ᠭᠡᠷ︶ + worke ︵ᠠᠵᠢᠯ︶ - homework ︵ᠭᠡᠷ ᠤᠨ ᠲᠠᠰᠬᠠᠯ︶᠂ house ︵ᠭᠡᠷ︶ +worke ︵ᠠᠵᠢᠯ︶ - houseworke ︵ᠭᠡᠷ ᠤᠨ ᠠᠵᠢᠯ︶᠂ fresh ︵ᠰᠢᠨ᠎ᠡ ᠰᠣᠷᠭᠤᠭ︶ + water ︵ᠣᠰᠣ︶ - freshwater ︵ᠴᠡᠩᠬᠡᠭ ᠣᠰᠣ︶᠂ bed ︵ᠣᠷᠣ︶ + room ︵ᠥᠷᠣᠭᠡ︶ - bedroom - ︵ᠣᠨᠳᠡᠯᠭ᠎ᠠ ᠶᠢᠨ ᠥᠷᠣᠭᠡ︶᠃ ᠠᠪᠢᠶᠠᠨ ᠤ ᠥᠰᠦᠭ ᠤᠨ ᠨᠡᠶᠢᠯᠡᠮᠡᠯ ᠥᠭᠡ ᠪᠥᠳᠣᠭᠡᠬᠦ ᠬᠠᠮᠳᠣ ᠶᠢᠨ ᠣᠨᠴᠠᠯᠢᠭ ᠪᠣᠯ ᠨᠡᠶᠢᠯᠡᠮᠡᠯ ᠥᠭᠡ ᠶᠢ ᠰᠠᠯᠭᠠᠨ ᠪᠢᠴᠢᠳᠡᠭ ᠦᠭᠡᠢ᠃ ᠢᠩᠬᠢᠵᠣ ᠨᠢᠭᠡ ᠨᠡᠶᠢᠯᠡᠮᠡᠯ ᠥᠭᠡ ᠰᠣᠷᠬᠤ ᠪᠠᠷ ᠲᠠᠮᠵᠢᠨ ᠨᠡᠶᠢᠯᠡᠨ ᠪᠥᠳᠦᠭᠰᠡᠨ ᠬᠡᠳᠣ ᠬᠡᠳᠣᠨ ᠥᠭᠡᠰ ᠤᠨ ᠣᠳᠬ᠎ᠠ ᠶᠢ ᠣᠶᠢᠯᠠᠭᠠᠵᠣ ᠡᠵᠡᠮᠰᠢᠬᠦ ᠨᠢ ᠲᠠᠩ ᠥᠭᠡᠰ ᠤᠨ ᠰᠣᠷᠣᠯᠴᠡᠯᠭ᠎ᠠ ᠳᠤ ᠬᠠᠪᠰᠣᠷᠣᠮᠵᠢ ᠪᠣᠯᠬᠤ ᠶᠤᠮ᠃       ᠲᠠᠪᠤ᠂ ᠵᠢᠭᠡᠯᠡᠭᠡ ᠥᠭᠡᠰ ᠢ ᠲᠣᠳᠣᠷᠬᠠᠶᠢᠯᠡᠨ ᠵᠢᠭᠠᠬᠤ ᠬᠡᠷᠡᠭᠲᠠᠢ        ᠠᠩᠭ᠍ᠯᠢ ᠬᠡᠯᠨ ᠵᠢᠭᠠᠬᠤ ᠶᠠᠪᠣᠴᠨ ᠳᠤ ᠰᠣᠷᠣᠭᠴᠢᠳ ᠲᠠᠭᠠᠨ ᠮᠣᠩᠭᠤᠯ ᠬᠡᠯᠡᠨ ᠤ ᠮᠢᠨᠦ᠋ᠲ minute᠂ ᠰᠧᠺᠦ᠋ᠨ᠋ᠳ᠋ second᠂  ᠺᠣᠮᠫᠢᠦ᠋ᠲ᠋ᠧᠷ computer᠂ ᠮᠧᠲᠷ meter ᠬᠡᠬᠦ ᠵᠡᠷᠭᠡ ᠴᠥᠬᠡᠨ ᠪᠣᠰᠣ ᠠᠩᠭ᠍ᠯᠢ ᠬᠡᠯᠨ ᠶᠢᠨ ᠵᠢᠭᠡᠯᠡᠭᠡ ᠬᠡᠯᠡᠯᠭᠡ ᠪᠠᠶᠢᠬᠤ ᠶᠢ ᠬᠡᠯᠡᠵᠣ ᠥᠭᠬᠦᠨ ᠠᠩᠭ᠍ᠯᠢ ᠬᠡᠯᠨ ᠨᠢ ᠲᠡᠶᠢᠮᠣ ᠬᠥᠴᠢᠷᠳᠠᠢ ᠶᠠᠭᠤᠮ᠎ᠠ ᠪᠢᠰᠢ ᠭᠡᠰᠡᠨ ᠣᠶᠢᠯᠠᠭᠠᠭᠳᠠᠬᠤᠨ ᠥᠭᠬᠦ ᠭᠡᠷᠡᠭᠳᠠᠢ᠃       ᠵᠢᠷᠭᠤᠭ᠋ ᠎ᠠ᠂ ᠮᠣᠩᠭᠤᠯ ᠠᠩᠭ᠍ᠯᠢ ᠬᠡᠯᠡᠨ ᠤ ᠲᠠᠭᠤᠳᠡᠯᠭ᠎ᠠ ᠣᠶᠢᠷᠡᠯᠴᠠᠭ᠎ᠠ᠂ ᠣᠳᠬ᠎ᠠ ᠣᠶᠢᠷᠡᠯᠴᠠᠭ᠎ᠠ ᠥᠭᠡᠰ ᠢ ᠵᠢᠭᠠᠨ ᠵᠢᠯᠣᠭᠤᠳᠬᠤ ᠬᠡᠷᠡᠭᠲᠠᠢ      ᠠᠩᠭ᠍ᠯᠢ ᠬᠡᠯᠡᠨ ᠤ ᠰᠣᠷᠣᠯᠴᠡᠯᠭ᠎ᠠ ᠪᠠ ᠵᠢᠭᠠᠨ ᠰᠣᠷᠭᠠᠯᠳᠠ ᠶᠢᠨ ᠲᠣᠮᠳᠠ ᠠᠴᠠ ᠵᠠᠷᠢᠮ ᠠᠩᠭ᠍ᠯᠢ ᠬᠡᠯᠡᠨ ᠤ ᠠᠪᠢᠶᠠᠯᠠᠬᠤ ᠨᠢ ᠮᠣᠩᠭᠤᠯ ᠬᠡᠯᠡᠨ ᠤ ᠠᠪᠢᠶᠠᠯᠠᠬᠤ ᠲᠠᠢ ᠠᠳᠠᠯᠢᠪᠳᠣᠷ ᠪᠠᠶᠢᠭ᠎ᠠ ᠶᠢ ᠣᠯᠵᠣ ᠮᠡᠳᠡᠭᠰᠡᠨ ᠶᠤᠮ᠃ ᠵᠢᠱᠢᠶᠡᠯᠡᠪᠡᠯ᠄ ᠢᠳᠡ eat᠂ ᠥᠳᠡᠯᠣᠭᠡ old᠂ ᠱᠥᠯᠣ soup᠂ ᠪᠣᠭᠴᠣ bag᠂ ᠣᠣᠬᠠᠢ OK᠂ ᠬᠡᠨ who᠂ ᠱᠠᠬᠠᠢ shoe᠂ ᠬᠥᠮᠣᠨ ᠲᠥᠷᠣᠯᠬᠢᠳᠡᠨ human ᠭᠡᠬᠦ ᠵᠡᠷᠭᠡ ᠣᠯᠡᠨ ᠪᠣᠢ᠃ ᠡᠳᠡᠭᠡᠷ ᠠᠳᠠᠯᠢᠪᠳᠣᠷ ᠠᠪᠢᠶ᠎ᠠ ᠲᠠᠢ ᠣᠳᠬ᠎ᠠ ᠢᠵᠢᠯ ᠥᠭᠡᠰ ᠢ ᠠᠩᠬᠠᠷᠣᠭᠤᠯᠣᠨ ᠵᠢᠭᠠᠬᠤ ᠨᠢ ᠰᠣᠷᠣᠭᠴᠢᠳ ᠤᠨ ᠲᠠᠩ ᠥᠭᠡᠰ ᠤᠨ ᠡᠵᠡᠮᠰᠢᠯ ᠳᠤ ᠮᠠᠰᠢ ᠲᠣᠰᠠᠳᠠᠢ ᠶᠤᠮ᠃      ᠶᠡᠷᠣᠩᠬᠡᠶᠢᠯᠡᠪᠡᠯ ᠨᠡᠶᠢᠭᠡᠮ ᠤᠨ ᠥᠳᠳᠡᠷ ᠲᠥᠷᠭᠡᠨ ᠬᠥᠭᠵᠢᠯᠳᠡ ᠶᠢ ᠲᠠᠭᠠᠯᠳᠣᠨ᠂ ᠮᠣᠩᠭᠤᠯ ᠬᠡᠣᠬᠡᠳ ᠬᠠᠷᠠᠬᠠᠨ ᠪᠠᠭ᠎ᠠ ᠠᠴᠠ ᠪᠠᠨ ᠠᠩᠭ᠍ᠯᠢ ᠬᠡᠯᠨ ᠰᠣᠷᠣᠯᠴᠠᠬᠤ ᠪᠣᠯᠣᠭᠰᠡᠨ ᠢᠶᠠᠷ ᠪᠠᠷᠠᠬᠤ ᠦᠭᠡᠢ ᠡᠳᠣᠷ ᠢᠷᠡᠬᠦᠶ᠎ᠡ ᠴᠢᠬᠤᠯᠠᠴᠢᠯᠠᠭᠳᠡᠵᠣ ᠪᠠᠶᠢᠨ᠎ᠠ᠃       ᠡᠶᠢᠮᠣ ᠠᠴᠠ ᠪᠠᠭ᠎ᠠ ᠰᠣᠷᠭᠠᠭᠤᠯᠢ ᠶᠢᠨ ᠠᠩᠭ᠍ᠯᠢ ᠬᠡᠯᠡᠨ ᠤ ᠵᠢᠭᠠᠨ ᠰᠣᠷᠭᠠᠯᠳᠠ ᠳᠤ ᠲᠠᠩ ᠥᠭᠡᠰ ᠤᠨ ᠰᠣᠷᠣᠯᠴᠡᠯᠭ᠎ᠠ ᠶᠢ ᠬᠥᠩᠭᠡᠪᠴᠢᠯᠡᠵᠣ ᠪᠣᠯᠬᠤ ᠦᠭᠡᠢ᠃ ᠪᠠᠭᠠᠴᠣᠳ ᠬᠡᠣᠬᠡᠳ ᠤᠨ ᠪᠡᠶ᠎ᠡ ᠰᠡᠳᠬᠢᠴᠨ ᠶᠢᠨ ᠣᠨᠴᠠᠯᠢᠭ ᠪᠠ ᠡᠬᠡ ᠬᠡᠯᠡᠨ ᠤ ᠣᠶᠠᠯᠳᠣᠯ ᠢ ᠥᠨᠳᠣᠰᠣᠯᠡᠨ᠂ ᠲᠠᠩ ᠥᠭᠡᠰ ᠤᠨ ᠵᠢᠭᠠᠨ ᠰᠣᠷᠭᠠᠯᠳᠠ ᠳᠤ ᠣᠯᠡᠨ ᠰᠡᠷᠡᠯ ᠤᠨ ᠣᠷᠣᠯᠴᠠᠬᠤᠢ᠂ ᠰᠢᠭᠤᠳ ᠰᠡᠷᠡᠯ ᠤᠨ ᠮᠡᠳᠡᠷᠡᠬᠦᠢ᠂ ᠲᠠᠬᠢᠨ ᠲᠠᠪᠳᠡᠨ ᠴᠡᠭᠡᠵᠢᠯᠡᠬᠦᠢ᠂ ᠬᠤᠯᠪᠣᠨ ᠪᠣᠳᠣᠯᠳᠠ ᠲᠥᠷᠰᠣᠯᠡᠬᠦᠢ ᠵᠡᠷᠭᠡ ᠣᠯᠡᠨ ᠠᠷᠭ᠎ᠠ ᠪᠠᠷ ᠴᠡᠭᠡᠵᠢᠯᠡᠨ ᠪᠠᠳᠣᠳᠬᠠᠵᠣ᠂ ᠠᠩᠭ᠍ᠯᠢ ᠬᠡᠯᠨ ᠪᠠ ᠮᠣᠩᠭᠤᠯ ᠬᠡᠯᠡᠡ ᠤ ᠠᠳᠠᠯᠢᠪᠳᠣᠷ ᠲᠠᠯ᠎ᠠ ᠪᠠ ᠬᠠᠷᠢᠴᠠᠭ᠎ᠠ ᠬᠤᠯᠪᠣᠭ᠎ᠠ ᠶᠢ ᠠᠰᠢᠨᠨᠯᠡᠨ᠂ ᠠᠪᠢᠶᠠᠨ ᠤ ᠲᠠᠭᠤᠷᠢᠶᠠᠯᠳᠠ ᠪᠠᠷ ᠣᠩᠰᠢᠨ᠂ ᠪᠢᠴᠢᠵᠣ ᠪᠤᠯᠪᠠᠰᠤᠷᠠᠭᠤᠯᠤᠨ᠎ᠠ᠃ ᠰᠢᠨᠵᠢᠯᠡᠬᠦ ᠣᠬᠠᠭᠠᠨᠴᠢ ᠪᠠᠷ ᠪᠣᠳᠠᠳᠠᠢ ᠬᠡᠯᠡᠨ ᠤ ᠣᠷᠴᠢᠨ ᠳᠤ ᠬᠡᠷᠡᠭᠯᠡᠵᠣ᠂ ᠰᠣᠷᠣᠭᠴᠢᠳ ᠤᠨ ᠰᠣᠷᠬᠤ ᠣᠷᠮ᠎ᠠ ᠶᠢ ᠬᠥᠭᠵᠢᠭᠡᠨ᠂ ᠢᠳᠡᠪᠬᠢᠵᠢᠯ ᠢ ᠲᠠᠶᠢᠴᠢᠯᠠᠵᠣ᠂ ᠪᠠᠶᠠᠷ ᠪᠠᠶᠠᠰᠣᠯᠳᠠᠢ ᠪᠠᠷ ᠲᠠᠩ ᠥᠭᠡᠰ ᠰᠣᠷᠬᠤ ᠣᠪᠣᠷ ᠰᠡᠳᠬᠢᠯᠭᠡ ᠶᠢ ᠬᠥᠮᠣᠵᠢᠭᠦᠯᠣᠨ᠂ ᠬᠤᠵᠢᠮ ᠬᠤᠶᠢᠰᠢᠳᠠ ᠶᠢᠨ ᠠᠩᠭ᠍ᠯᠢ ᠬᠡᠯᠡᠨ ᠤ ᠰᠣᠷᠣᠯᠴᠡᠯᠭ᠎ᠠ ᠳᠤᠨᠢ ᠪᠠᠳᠣ ᠪᠠᠬᠢ ᠰᠠᠭᠤᠷᠢ ᠶᠢ ᠲᠠᠯᠪᠢᠵᠣ ᠥᠭᠪᠡᠯ ᠵᠣᠬᠢᠨ᠎ᠠ᠃ 
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号