ᠮᠤᠩᠭᠤᠯᠴᠣᠳ ᠤᠨ ᠦᠷᠦᠭᠡ ᠭᠡᠷ ᠤᠨ ᠴᠡᠭᠡᠷ ᠤᠳ
ᠨᠡᠶᠢᠲᠡᠯᠡᠭᠰᠡᠨ ᠴᠠᠭ᠄
2014/12/9
       ᠮᠤᠩᠭᠤᠯ ᠭᠡᠷ ᠤᠨ ᠡᠭᠦᠳᠡᠨ ᠪᠤᠱᠤᠭ᠎ᠠ ᠶᠢ ᠰᠠᠨᠳᠠᠶᠢᠯᠠᠵᠦ᠂ ᠡᠬᠦᠳᠡ ᠠᠭᠳᠠᠭᠠᠯᠠᠬᠤ᠂ ᠡᠬᠦᠳᠡ ᠠᠯᠳᠠᠯᠠᠬᠤ᠂ ᠭᠡᠷ ᠤᠨ ᠲᠣᠳᠣᠭᠠᠳᠣ ᠪᠠᠷ ᠱᠠᠭᠠᠶᠢᠬᠤ᠂ ᠬᠠᠭᠠᠯᠭᠠᠨ ᠤ ᠣᠮᠤᠭ ᠠᠴᠠ ᠭᠠᠷ ᠢᠶᠠᠷ ᠲᠡᠭᠦᠵᠢᠩᠨᠡᠬᠦ ᠵᠡᠷᠭᠡ ᠶᠢ ᠴᠢᠩᠳᠠ ᠴᠡᠭᠡᠷᠯᠡᠨ᠎ᠡ᠃ ᠡᠭᠦᠨ ᠢ ᠴᠦᠮ ᠦᠯᠵᠠᠢ ᠪᠤᠰᠣ ᠢᠷᠸ᠎ᠠ ᠲᠠᠢ ᠭᠡᠵᠦ ᠬᠡᠯᠡᠳᠡᠭ︔       ᠦᠷᠯᠦᠭᠡ ᠡᠷᠳᠡ ᠭᠡᠷ ᠲᠣᠳᠣᠷ᠎ᠠ ᠬᠢᠨᠭᠰᠢᠵᠦ ᠪᠤᠯᠬᠤ ᠦᠭᠡᠢ᠂ ᠭᠡᠷ ᠲᠤ ᠦᠷᠯᠦᠭᠡ ᠡᠷᠳᠡ ᠬᠢᠩᠰᠢᠪᠡᠯ ᠣᠯᠢᠭ ᠰᠣᠯᠢᠶ᠎ᠠ ᠲᠠᠢ ᠪᠤᠯᠤᠨ᠎ᠠ ᠭᠡᠳᠡᠭ᠃       ᠭᠡᠷ ᠲᠤ ᠰᠦᠪᠡᠭᠡ ᠲᠣᠯᠬᠤ᠂ ᠨᠢᠷᠣᠭᠤ ᠡᠭᠦᠷᠬᠦ᠂ ᠶᠠᠪᠠᠭᠠᠨ ᠰᠠᠭᠤᠬᠤ᠂ ᠬᠤᠷᠤᠭᠤ ᠪᠠᠨ ᠰᠠᠯᠠᠭᠠᠪᠴᠢᠯᠠᠨ ᠡᠪᠤᠳᠡᠭ ᠢᠶᠠᠨ ᠲᠡᠪᠡᠷᠢᠨ ᠰᠠᠭᠤᠬᠤ᠂ ᠬᠦᠯ ᠢᠶᠠᠨ ᠠᠴᠢᠶᠠᠯᠠᠨ ᠰᠠᠭᠤᠬᠤ ᠶᠢ ᠴᠡᠭᠡᠷᠯᠡᠨ᠎ᠡ᠃       ᠬᠠᠨ᠎ᠠ ᠶᠢᠨ ᠲᠤᠯᠤᠭᠠᠢ ᠠᠴᠠ ᠬᠤᠪᠴᠠᠰᠤ ᠡᠯᠬᠦᠬᠦ ᠶᠢ ᠴᠡᠭᠡᠷᠯᠡᠵᠦ᠂ ᠭᠠᠯ ᠭᠤᠯᠤᠮᠳᠠ ᠪᠠᠨ ᠬᠢᠳᠤᠭ᠎ᠠ ᠮᠡᠰᠡ ᠪᠠᠷ ᠴᠢᠴᠢᠵᠦ ᠬᠤᠳᠬᠤᠬᠤ ᠦᠬᠡᠢ᠂ ᠭᠠᠯ ᠤᠨ ᠬᠠᠶᠢᠴᠢ᠂ ᠰᠢᠯᠡᠭᠡᠪᠦᠷ ᠢᠶᠠᠷ ᠬᠠᠳᠠᠪᠴᠢ ᠡᠭᠦᠳᠡ  ᠪᠠᠨ ᠴᠤᠬᠢᠬᠤ ᠶᠢ ᠴᠡᠭᠡᠷᠯᠡᠨ᠎ᠡ᠃       ᠲᠣᠯᠭᠠᠨ ᠲᠡᠭᠡᠷ᠎ᠡ ᠭᠠᠩᠰᠠ ᠲᠣᠭᠰᠢᠳᠠᠭ ᠦᠬᠡᠢ᠂ ᠨᠢᠭᠡ ᠭᠡᠷ ᠲᠣᠳᠣᠷ᠎ᠠ ᠬᠤᠶᠠᠷ ᠱᠦᠭᠦᠷ ᠪᠠᠷᠢᠵᠦ ᠵᠡᠷᠭᠡ ᠪᠠᠷ ᠱᠦᠭᠦᠷᠳᠡᠳᠡᠭ ᠦᠭᠡᠢ᠃ ᠬᠤᠭ ᠨᠤᠪᠰᠢ ᠪᠠ ᠦᠨᠡᠰᠦ ᠶᠢ ᠬᠤᠯᠢᠳᠠᠭ ᠦᠭᠡᠢ᠂ ᠬᠡᠣᠬᠡᠳ ᠢ ᠭᠠᠯ ᠦᠨᠡᠰᠦ ᠪᠠᠷ ᠨᠠᠭᠠᠳᠣᠭᠤᠯᠬᠤ ᠦᠭᠡᠢ᠃       ᠡᠯᠬᠦᠮᠡᠯ ᠡᠭᠦᠳᠡᠨ ᠤ ᠪᠤᠷᠤᠭᠤ ᠲᠠᠯ᠎ᠠ ᠪᠠᠷ ᠣᠷᠣᠵᠦ ᠭᠠᠷᠴᠦ ᠪᠤᠯᠬᠤ ᠦᠭᠡᠢ᠃       ᠰᠢᠷᠡᠭᠡᠨ ᠤ ᠵᠦᠢᠳᠡᠯ ᠢ ᠬᠠᠨᠵᠣᠨ ᠤ ᠢᠷᠮᠡᠭ ᠪᠤᠶᠤ ᠡᠭᠦᠳᠡᠨ ᠵᠦᠭ ᠬᠠᠨᠳᠣᠭᠤᠯᠵᠦ ᠲᠠᠯᠪᠢᠬᠤ ᠦᠭᠡᠢ᠂ ᠵᠠᠪᠠᠯ ᠬᠦᠨᠳᠡᠯᠡᠨ ᠬᠠᠨᠳᠣᠭᠤᠯᠵᠦ ᠲᠠᠯᠪᠢᠬᠤ ᠬᠡᠷᠡᠭᠲᠠᠢ᠂ ᠡᠰᠡ ᠲᠠᠶᠢᠮᠦ ᠪᠤᠯ ᠬᠡᠷᠡᠭ ᠶᠠᠪᠤᠳᠠᠯ᠂ ᠬᠡᠷᠡᠭᠦᠯ ᠴᠤᠤᠬᠢᠶᠠᠨ ᠲᠠᠰᠣᠷᠠᠳᠠᠭ ᠦᠭᠡᠢ ᠭᠡᠵᠦ ᠴᠡᠭᠡᠷᠯᠡᠳᠡᠭ ᠶᠣᠮ᠃       ᠵᠣᠣᠬᠠᠨ ᠲᠠᠭᠡᠷ᠎ᠡ ᠬᠦᠯ ᠢᠶᠠᠨ ᠲᠠᠯᠪᠢᠬᠤ ᠪᠤᠶᠤ ᠰᠠᠨᠳᠠᠶᠢᠯᠠᠨ ᠰᠠᠭᠤᠵᠦ ᠪᠤᠯᠬᠤ ᠦᠭᠡᠢ᠃       ᠰᠢᠨᠠᠭ᠎ᠠ ᠪᠠᠷ ᠶᠠᠭᠤᠮ᠎ᠠ ᠣᠳᠬᠤᠭᠠᠳ ᠠᠶᠠᠭ᠎ᠠ ᠰᠠᠪᠠᠨ ᠳᠤ ᠬᠢᠬᠦ ᠳᠡᠭᠡᠨ ᠵᠠᠪᠠᠯ ᠲᠣᠳᠣᠭᠰᠢ ᠬᠠᠨᠳᠣᠭᠤᠯᠬᠤ ᠬᠡᠷᠡᠭᠲᠠᠢ᠂ ᠭᠠᠳᠠᠭᠰᠢ ᠬᠠᠨᠳᠣᠭᠤᠯᠬᠤ ᠨᠢ ᠴᠡᠭᠡᠷ ᠲᠠᠢ᠃       ᠭᠡᠷ ᠲᠣᠳᠣᠷ᠎ᠠ ᠠᠴᠠ ᠭᠠᠳᠠᠭᠰᠢ ᠣᠰᠣ ᠰᠠᠴᠣᠵᠦ ᠪᠤᠯᠬᠤ ᠦᠭᠡᠢ᠂ ᠡᠭᠦᠳᠡᠨ ᠤ ᠰᠠᠬᠢᠭᠤᠯᠰᠣᠨ ᠢ ᠰᠣᠴᠢᠭᠠᠨ᠎ᠠ ᠭᠡᠵᠦ ᠴᠡᠭᠡᠷᠯᠡᠳᠡᠭ᠃       ᠲᠣᠯᠣᠭᠠᠢ ᠶᠢᠨ ᠲᠡᠭᠡᠷ᠎ᠡ ᠲᠠᠯ᠎ᠠ ᠬᠤᠭᠤᠰᠣᠨ ᠠᠶᠠᠭ᠎ᠠ ᠪᠤᠶᠤ ᠱᠦᠭᠦᠷ ᠲᠡᠯᠪᠢᠵᠦ ᠤᠨᠳᠠᠬᠤ ᠶᠢ ᠴᠡᠭᠡᠷᠯᠡᠨ᠎ᠠ᠃       ᠬᠤᠪᠴᠠᠰᠤ ᠪᠠᠨ ᠡᠪᠬᠡᠵᠦ ᠬᠤᠷᠢᠶᠠᠬᠤ ᠳᠤ ᠬᠤᠪᠴᠠᠰᠣᠨ ᠤ ᠪᠠᠨ ᠵᠠᠭᠠᠮ᠎ᠠ ᠶᠢ ᠡᠭᠦᠳᠡ ᠦᠬᠡᠳᠡ ᠬᠠᠨᠳᠣᠭᠤᠯᠵᠦ ᠲᠠᠯᠪᠢᠳᠠᠭ ᠦᠭᠡᠢ᠂ ᠡᠭᠦᠳᠡ ᠬᠠᠪᠢᠳᠠᠭᠤ ᠪᠤᠶᠤ ᠬᠤᠤᠳᠤᠭ ᠲᠡᠭᠡᠷ᠎ᠡ ᠬᠤᠭᠤᠰᠣᠨ ᠰᠠᠭᠤᠯᠭ᠎ᠠ ᠶᠢ ᠲᠡᠭᠡᠭᠰᠢ ᠬᠠᠷᠠᠭᠤᠯᠵᠦ ᠲᠠᠯᠪᠢᠬᠤ ᠶᠢ ᠴᠡᠭᠡᠷᠯᠡᠨ᠎ᠡ᠃       ᠬᠤᠭ ᠨᠤᠪᠰᠢ᠂ ᠦᠨᠡᠰᠦ ᠬᠠᠶᠠᠬᠤ ᠳᠤ ᠵᠠᠮ ᠳᠠᠭᠠᠨ ᠭᠤᠭᠤᠵᠢᠭᠤᠯᠬᠤ ᠶᠢ ᠴᠡᠭᠡᠷᠯᠡᠨ᠎ᠡ᠃       ᠭᠡᠷ ᠲᠤ ᠡᠯᠢᠭᠡ ᠪᠠᠨ ᠲᠡᠪᠡᠷᠢᠬᠦ᠂ ᠭᠡᠷ ᠤᠨ ᠬᠤᠶᠢᠮᠦᠷ ᠵᠦᠭ ᠬᠦᠯ ᠬᠠᠨᠳᠣᠭᠤᠯᠣᠨ ᠬᠡᠪᠳᠡᠬᠦ ᠶᠢ ᠴᠡᠭᠡᠷᠯᠡᠨ᠎ᠡ᠃       ᠪᠤᠱᠤᠭ᠎ᠠ ᠲᠡᠭᠡᠷ᠎ᠡ ᠠᠯᠢᠪᠠ ᠬᠤᠭ ᠨᠤᠪᠰᠢ ᠬᠦᠷᠭᠡᠬᠦ ᠶᠢ ᠲᠠᠰᠤ ᠴᠡᠭᠡᠷᠯᠡᠨ᠎ᠡ᠃ 
 
ᠢᠷᠡᠯᠲᠡ᠄ ᠬᠡᠰᠢᠭᠳᠡᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备09001939号